ᠳᠡᠭ᠍ᠷᠢ ᠶᠢᠨ ᠭᠠᠯᠠᠭᠤ

ᠦᠯᠵᠡᠢ᠌ᠮᠦ᠋ᠷᠠᠨ ᠤ ᠭᠠᠯᠠᠭᠤ ᠣᠮᠠᠷᠠᠰᠢ ᠨᠢᠰᠤᠨ᠎ᠠ

ᠦᠨᠡᠨ ᠶᠤᠰᠤᠨ ᠤ ᠭᠢᠷᠠᠭ᠎ᠠ ᠣᠭᠳᠤᠨ

ᠦᠨᠦᠴᠢᠨ ᠭᠠᠯᠠᠭᠤ ᠣᠮᠠᠷᠠᠰᠢ ᠨᠢᠰᠤᠨ᠎ᠠ

ᠡᠩᠭᠡ ᠳᠠᠢ᠌ᠪᠣᠩ ᠤᠨ ᠠᠭᠠᠷ ᠵᠦᠰᠤᠨ

ᠡᠭᠡᠷᠡᠮ᠎ᠡ ᠬᠤᠯᠠ ᠶᠢ ᠴᠢᠭᠯᠡᠵᠤ ᠨᠢᠰᠤᠨ᠎ᠠ

ᠳᠦᠪᠠᠭ᠌ ᠭᠦᠴᠢᠷ ᠡᠭᠦᠯᠡᠨ ᠳᠤ ᠰᠢᠷᠭᠤᠨ

ᠲᠦᠮᠡᠨ ᠨᠢᠳᠤ ᠲᠡᠶ ᠣᠳᠤᠳ ᠤᠨ ᠳᠤᠮᠳᠠᠭᠤᠷ

ᠦᠣᠷ ᠤᠨ ᠳᠤᠶᠠᠭᠠᠳᠤ ᠭᠦᠰᠡᠯᠡᠩ ᠰᠠᠴᠤᠯᠠᠨ

ᠥᠨᠡᠭᠡᠨ ᠬᠠᠷᠠᠩᠭ᠋ᠤᠢ ᠶᠢ ᠦᠯᠳᠡᠨ ᠨᠢᠰᠤᠨ᠎ᠠ

ᠦᠨᠢ ᠮᠥᠩᠭᠡ ᠶᠢᠨ ᠦᠳᠦ ᠰᠤᠳᠤᠨ ᠳᠠᠭᠠᠨ

ᠦᠨᠡᠳᠤ ᠳᠤᠷᠠᠳᠬᠠᠯ ᠤᠨ ᠮᠥᠷᠦᠭᠡᠳᠦᠯ ᠴᠠᠭᠢᠯᠤᠨ

ᠳᠠᠷᠢ ᠶᠢᠨ ᠣᠳᠤᠭᠠᠨ ᠡᠴᠡ ᠰᠤᠭᠤᠷᠠᠬᠤ ᠰᠢᠭ

ᠳᠡᠭ᠍ᠷᠢ ᠶᠢᠨ ᠬᠠᠶᠠᠭ᠎ᠠ ᠶᠢ ᠴᠢᠭᠯᠡᠨ ᠨᠢᠰᠤᠨ᠎ᠠ

ᠡᠷᠭᠡ ᠴᠢᠯᠦᠭᠡ ᠡ᠊ᠨᠳᠡ ᠡᠴᠡ ᠬᠠᠮᠢᠭ᠎ᠠ ᠭᠡᠮᠡᠨ

ᠡᠷ᠎ᠡ ᠮᠦᠰᠤᠨ ᠤ ᠭᠢᠵᠠᠭᠠᠷ ᠥᠡᠳᠦᠷᠯᠢᠭ᠌ ᠲᠤ

ᠡᠮᠡᠭᠡᠯ ᠬᠠᠵᠠᠭᠠᠷ ᠲᠡᠶ ᠠᠭᠳᠠ ᠶᠢᠨ ᠳᠡᠭᠦᠯᠢᠯ ᠶᠢᠡᠷ

ᠦᠨᠢ ᠮᠥᠩᠭᠡ ᠳᠠᠰᠢ ᠳᠤᠵᠢ ᠳᠠᠪᠢᠨ᠎ᠠ

ᠡᠷ᠎ᠡ ᠵᠤᠷᠢᠭᠳᠠᠨ ᠬᠠᠮᠢᠭ᠎ᠠ ᠪᠣᠢ ᠭᠡᠮᠡᠨ

ᠡᠷᠭᠢᠭᠦ ᠣᠷᠴᠢᠯᠠᠩ ᠤᠨ ᠵᠢᠮ᠎ᠠ ᠶᠢ ᠳᠠᠭᠠᠵᠤ

ᠥᠷᠦᠭᠡᠰᠤᠨ ᠭᠠᠯᠠᠭᠤ ᠣᠮᠠᠷᠠᠰᠢ ᠨᠢᠰᠤᠨ᠎ᠠ

ᠳᠡᠯᠢᠭᠦᠨ ᠪᠣᠯᠳᠤᠭ ᠤᠨ ᠴᠢᠯᠠᠭᠤᠨ ᠳᠡᠭᠡᠷ᠎ᠡ

ᠳᠠᠪᠳᠠᠷᠢᠵᠤ ᠪᠠᠭᠤᠬᠤ ᠶᠢ ᠭᠦᠰᠡᠭ᠍ᠰᠡᠨ ᠭᠠᠯᠠᠭᠤ

ᠳᠡᠯᠡᠭᠡᠢ ᠶᠢᠨ ᠠᠭᠤᠳᠠᠮ ᠴᠡᠩᠭᠡᠭ᠌ ᠵᠠᠢ ᠳᠤ

ᠳᠠᠯᠠᠪᠴᠢ ᠪᠠᠨ ᠰᠤᠷᠢᠭᠰᠠᠨ ᠢᠳᠡᠭᠡᠯ ᠤᠨ ᠭᠠᠯᠠᠭᠤ

ᠪᠦᠭᠦᠨ ᠤ ᠣᠴᠢ ᠳᠡᠭ᠍ᠷᠢ ᠶᠢᠨ ᠬᠠᠷᠭᠤᠢ ᠳᠤ

ᠪᠦᠯᠭᠦᠮᠳᠡᠯ ᠳᠤ ᠳᠠᠮᠢᠷᠯᠠᠭᠰᠠᠨ ᠣᠮᠤᠭ ᠤᠨ ᠭᠠᠯᠠᠭᠤ

ᠳᠤᠮᠤᠭ ᠵᠢᠭᠦᠷ ᠶᠢᠡᠷ ᠳᠡᠭᠦᠯᠢᠭ᠍ᠰᠡᠨ

ᠳᠤᠯᠤᠭᠠᠨ ᠵᠠᠭᠤᠨ ᠤ ᠭᠦᠭᠡ ᠭᠠᠯᠠᠭᠤ

ᠭᠦᠮᠤᠨ ᠮᠦᠰᠤᠨ ᠤ ᠳᠠᠶᠠᠩᠭ᠋᠎ᠠ ᠶᠢᠨ ᠭᠠᠯᠠᠭᠤ

ᠭᠦᠳᠡᠭᠡ ᠨᠤᠳᠤᠭ ᠤᠨ ᠭᠦᠪᠦᠷᠦᠯ ᠭᠠᠯᠠᠭᠤ

ᠭᠦᠭᠡᠮᠳᠦᠭ᠌ ᠳᠡᠭ᠍ᠷᠢ ᠶᠢᠨ ᠣᠩᠭ᠋ᠤᠨ ᠭᠠᠯᠠᠭᠤ

ᠭᠦᠰᠡᠯ ᠤᠨ ᠣᠴᠢ ᠲᠡᠶ ᠣᠮᠠᠷᠠᠳᠤ ᠶᠢᠨ ᠭᠠᠯᠠᠭᠤ

ᠣᠮᠠᠷᠠᠰᠢ ᠨᠢᠰᠤᠨ᠎ᠠ ᠨᠢᠰᠤᠨ᠎ᠠ

ᠦᠨᠦᠴᠢᠨ ᠴᠠᠭᠠᠨ ᠥᠷᠦᠭᠡᠰᠤᠨ ᠭᠠᠯᠠᠭᠤ

ᠥᠷᠯᠦᠭ᠌ ᠳᠠᠮᠢᠷ ᠶᠢᠡᠨ ᠰᠢᠪᠬᠠᠨ ᠰᠢᠪᠬᠠᠨ

ᠦᠨᠢ ᠭᠦᠭᠡ ᠮᠠᠠᠳᠤᠯ ᠳᠤ ᠳᠠᠪᠢᠨ

ᠦᠵᠡᠯ ᠭᠦᠰᠡᠯ ᠤᠨ ᠵᠤᠷᠢᠭ ᠬᠤᠷᠴᠠᠯᠠᠵᠤ

ᠦᠷᠡᠵᠢᠵᠤ ᠳᠦᠯᠵᠢᠭᠦ ᠦᠨᠡᠨ ᠤ ᠳᠡᠮᠡᠴᠡᠭᠡᠨ ᠳᠤ

ᠦᠪᠡᠷ ᠤᠨ ᠳᠡᠭ᠍ᠷᠢ ᠭᠡᠵᠤ ᠣᠴᠢᠷ ᠲᠡᠶ ᠨᠢᠰᠤᠨ᠎ᠠ

ᠦᠯᠵᠡᠢ᠌ᠮᠦ᠋ᠷᠠᠨ ᠤ ᠦᠨᠦᠴᠢᠨ ᠭᠠᠯᠠᠭᠤ

ᠣᠮᠠᠷᠠᠰᠢ ᠨᠢᠰᠤᠨ᠎ᠠ ᠣᠮᠠᠷᠠᠰᠢ ᠨᠢᠰᠤᠨ᠎ᠠ

ᠣᠴᠢᠷ ᠲᠡᠶ ᠨᠢᠰᠤᠨ᠎ᠠ ᠣᠮᠤᠭ ᠲᠡᠶ ᠨᠢᠰᠤᠨ᠎ᠠ᠃


2008 ᠣᠨ ᠤ 12᠂ 20 ᠊ᠤ ᠡᠳᠦᠷ ᠤᠨ ᠣᠯᠠᠭᠠᠠᠬᠠᠳᠠ ᠶᠢᠨ ᠡᠳᠦᠷ ᠤᠨ ᠰᠤᠨᠢᠨ ᠳᠤ ᠨᠡᠢ᠌ᠳᠡᠯᠡᠭ᠍ᠳᠡᠪᠡ᠃

ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ

ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1646
ᠴᠠᠭ᠄ 2009 ᠤᠨ ᠤ 12 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ