ᠬᠡᠦᠬᠡᠳ ᠮᠢᠨᠢ ᠡᠷᠳᠡ ᠪᠤᠰ

ᠭᠤᠤᠯ ᠭᠤᠷᠤᠬ᠎ᠠ

ᠪᠣᠰᠴᠢᠬᠠᠭᠠᠤᠨ

ᠳᠠᠯᠠᠢ ᠳᠠᠩᠭᠢᠰ ᠢ

ᠳᠠᠭᠤᠯᠠᠵᠤ ᠪᠠᠢ᠌ᠨ᠎ᠠ

ᠭᠤᠵᠤᠩ ᠭᠡᠭᠡ

ᠪᠣᠰᠴᠢᠬᠠᠭᠠᠤᠨ

ᠳᠡᠭ᠍ᠷᠢ ᠶᠢᠨ ᠬᠠᠶᠠᠭ᠎ᠠ ᠶᠢ

ᠰᠤᠢᠯᠠᠵᠤ ᠪᠠᠢ᠌ᠨ᠎ᠠ

ᠨᠠᠪᠴᠢ ᠴᠡᠴᠡᠭ᠌

ᠪᠣᠰᠴᠢᠬᠠᠭᠠᠤᠨ

ᠨᠠᠭᠠᠳᠤᠭᠢ ᠳᠡᠯᠡᠭᠡᠢ ᠶᠢ

ᠴᠢᠮᠡᠭᠯᠡᠵᠤ ᠪᠠᠢ᠌ᠨ᠎ᠠ

ᠨᠠᠷᠠᠨ ᠠᠪᠠᠬᠠᠢ

ᠪᠣᠰᠴᠢᠬᠠᠭᠠᠤᠨ

ᠨᠡᠭᠡᠭᠡᠯᠳᠡᠢ ᠴᠤᠩᠬᠤ ᠪᠠᠷ

ᠱᠠᠭᠠᠢ᠌ᠵᠤ ᠪᠠᠢ᠌ᠨ᠎ᠠ

ᠪᠤᠰ ᠡ᠂ ᠪᠤᠰ ︕

ᠬᠡᠦᠬᠡᠳ ᠤᠳ ᠮᠢᠨᠢ

ᠪᠣᠳᠠᠨ ᠤ ᠳᠠᠤᠯᠠᠢ ᠮᠠᠳᠤ

ᠦᠰᠦᠷᠴᠤ ᠪᠤᠰ

ᠪᠣᠭᠤ ᠭᠦᠷᠦᠭᠡᠰᠤ ᠰᠢᠭ᠌

ᠬᠠᠷᠠᠢ᠌ᠯᠠᠨ ᠪᠤᠰ

ᠬᠠᠷᠴᠠᠭᠠᠢ ᠪᠦᠷᠭᠦᠤᠨ ᠮᠠᠳᠤ

ᠰᠤᠮᠤᠳᠠᠨ ᠪᠤᠰ

ᠬᠠᠯᠠᠭᠤᠨ ᠡᠪᠦᠷ ᠡᠴᠡ ᠪᠠᠨ

ᠪᠤᠰ ᠡ᠂ ᠪᠤᠰ ︕

ᠪᠣᠷᠤᠭᠠᠨ ᠤ ᠡᠭᠦᠯᠡ

ᠪᠣᠰᠴᠢᠬᠠᠭᠠᠤᠨ

ᠪᠣᠳᠠᠷᠠᠭᠰᠠᠨ ᠳᠤᠭᠤᠰᠤ ᠶᠢ

ᠳᠠᠷᠤᠵᠤ ᠪᠠᠢ᠌ᠨ᠎ᠠ

ᠪᠣᠷᠤ ᠪᠣᠯᠵᠤᠮᠤᠷ

ᠪᠣᠰᠴᠢᠬᠠᠭᠠᠤᠨ

ᠪᠠᠢ᠌ᠭᠠᠯᠢ ᠳᠡᠯᠡᠭᠡᠢ ᠶᠢ

ᠭᠦᠭ᠍ᠵᠢᠮᠳᠡᠵᠤ ᠪᠠᠢ᠌ᠨ᠎ᠠ

ᠪᠤᠰ ᠡ᠂ ᠪᠤᠰ ︕

ᠬᠡᠦᠬᠡᠳ ᠤᠳ ᠮᠢᠨᠢ

ᠭᠦᠡᠵᠢᠯᠡ ᠪᠠᠨ ᠢᠷᠠᠨ

ᠭᠦᠷᠪᠠᠵᠤ ᠪᠤᠰ

ᠭᠦᠴᠤᠨ ᠴᠢᠳᠠᠯ ᠶᠢᠡᠨ

ᠭᠦᠪᠴᠢᠯᠡᠵᠤ ᠪᠤᠰ

ᠭᠦᠷᠡᠯ ᠬᠤᠩᠬᠤ ᠮᠠᠳᠤ

ᠭᠦᠩᠭᠢᠨᠡᠵᠤ ᠪᠤᠰ

ᠭᠦᠮᠦᠰ ᠡᠴᠡ ᠣᠷᠢᠳᠠᠪᠠᠷ

ᠡᠷᠳᠡ ᠪᠤᠰ ᠡ ︕

《ᠡᠷᠳᠡ ᠪᠣᠰᠪᠠᠯ

ᠨᠢᠭᠡ ᠶᠢ ᠦᠵᠡᠨ᠎ᠠ

ᠣᠷᠤᠢ ᠣᠠᠳᠠᠪᠠᠯ

ᠨᠢᠭᠡ ᠶᠢ ᠰᠤᠨᠤᠰᠤᠨ᠎ᠠ》

ᠡᠪᠦᠭᠡ ᠳᠡᠭᠡᠳᠦᠰ ᠤᠨ

ᠰᠤᠷᠭᠠᠯ ᠰᠢᠤ

ᠡᠷᠳᠡᠮ ᠣᠬᠠᠭᠠᠨ ᠤ

ᠳᠤᠯᠢ ᠰᠢᠤ︕


ᠵᠤᠬᠢᠶᠠᠭᠴᠢ ᠶᠢᠨ ᠬᠠᠶ‍ᠢᠭ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ

ᠵᠤᠬᠢᠶᠠᠭᠴᠢ᠄ ᠭᠦᠭᠡᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1414
ᠴᠠᠭ᠄ 2010 ᠤᠨ ᠤ 06 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁