ᠣᠢ᠌ᠮᠤᠷᠠᠯ

ᠬᠠᠪᠣᠷ ᠤᠨ ᠣᠷᠢ ᠢᠷᠠᠵᠤ ᠲᠦᠮᠡᠨ ᠪᠣᠳᠠᠰ ᠠᠮᠢᠯᠠᠨ ᠨᠢᠯᠬ᠎ᠠ ᠨᠤᠭᠤᠭ᠎ᠠ ᠨᠢᠭᠤᠯᠴᠠᠭᠠᠨ ᠭᠢᠵᠤ ᠪᠠᠢ᠌ᠭ᠎ᠠ ᠪᠢᠴᠢᠬᠠᠨ ᠬᠡᠦᠬᠡᠳ ᠶᠤᠮ ᠰᠢᠭ᠌ ᠡ᠊ᠨᠳᠡ ᠳᠠᠠᠳᠠ ᠡᠴᠠ ᠪᠣᠯᠳᠠᠢ᠌ᠨ᠎ᠠ᠃ ᠭᠡᠶ᠎ᠡ ᠪᠠᠭ᠎ᠠ ᠦᠳᠡ ᠤᠢ᠌ᠷᠠᠳᠤᠭᠰᠠᠨ ᠪᠣᠯᠪᠠᠴᠤ ᠳᠠᠯ᠎ᠠ ᠳᠡᠭᠡᠷ᠎ᠡ ᠮᠠᠯ ᠤᠨ ᠪᠠᠷ᠎ᠠ ᠠᠯᠠᠭ᠎ᠠ᠃ ᠡᠨᠡ ᠠᠢ᠌ᠯ ᠤᠳ ᠮᠠᠯ ᠮᠠᠯᠵᠢᠳᠠᠭ ᠦᠭᠡᠶ ᠶᠤᠮ ᠦᠦ ︖ ᠭᠡᠭᠦ ᠳᠤ ᠬᠤᠨᠢ ᠢᠮᠠᠭᠠᠨ ᠤ ᠰᠢᠨᠡᠭᠡᠨ ᠮᠦᠷ ᠳᠤᠷᠠᠢ᠌ᠵᠤ᠂ ᠥᠭᠡᠷ ᠮᠤᠷᠢᠨ ᠤ ᠠᠷᠭᠠᠯ ᠬᠤᠮᠤᠯ ᠡ᠊ᠨᠳᠡ ᠳᠠᠠᠳᠠ ᠬᠠᠷᠠᠭᠳᠠᠨ᠎ᠠ᠃ ᠥᠵᠡᠭᠦ ᠳᠤ ᠯᠠ ᠦᠷᠯᠦᠭᠡ ᠰᠠ‍‌ᠶᠢ ᠮᠠᠯ ᠶᠢᠡᠨ ᠬᠤᠳᠠᠯᠠᠭᠤᠯᠤᠭᠰᠠᠨ ᠰᠢᠠᠵᠢ ᠲᠡᠶ᠃

ᠴᠢᠠᠳᠠᠮᠤᠨᠢ ᠶᠢᠨ ᠭᠡᠳᠤᠨ ᠢᠮᠠᠭ᠎ᠠ ᠡᠪᠠᠰᠤᠨ ᠬᠤᠷᠢᠶᠠᠨ ᠳᠤ ᠪᠠᠨ ᠳᠡᠭᠡᠭᠦᠷ ᠳᠤᠤᠭᠤᠷ ᠭᠦᠶ‍ᠦᠯᠳᠤᠨ᠎ᠡ᠃ ᠳᠠᠳᠠᠨ ᠤ ᠡᠭᠦᠳᠡ ᠨᠢ ᠬᠠᠭᠠᠯᠳᠠᠳᠠᠢ ᠡᠴᠠ ᠦᠵᠡᠪᠠᠯ ᠭᠡᠷ ᠲᠤ ᠪᠠᠨ ᠡᠭᠦᠷᠰᠢᠵᠤ ᠪᠠᠢ᠌ᠬᠤ ᠪᠣᠯᠤᠯᠳᠠᠢ᠃ ᠳ᠋ᠠᠷᠢ᠂ ᠦᠰᠤᠳᠠᠢ ᠬᠤᠷᠤᠬᠠᠢ ᠰᠢᠭ ᠭᠡᠳᠤᠨ ᠢᠮᠠᠭᠠᠨ ᠳᠤ ᠪᠠᠨ ᠡᠪᠠᠰᠤ ᠦᠭ‍ᠭᠦᠨ᠎ᠡ᠃ ᠳᠠᠮᠤᠰᠦ᠋ᠷᠤᠩ ᠴᠡᠴᠡᠭ᠍ᠮ᠎ᠡ ᠬᠤᠶᠠᠷ ᠬᠤᠷᠠᠭᠠᠯᠠᠭᠰᠠᠨ ᠬᠤᠨᠢᠨ ᠳᠤ ᠪᠠᠨ ᠪᠣᠷᠳᠤᠭ᠎ᠠ ᠥᠭ᠍ᠴᠤ ᠶᠠᠭᠠᠷᠠᠯᠳᠤᠵᠤ ᠪᠠᠢ᠌ᠬᠤ ᠳᠤ ᠳᠠᠳᠠᠨ ᠤ ᠬᠠᠰᠢᠶᠠᠨ ᠤ ᠬᠠᠵᠠᠭᠤ ᠪᠠᠷ ᠥᠩᠭᠡᠷᠡᠭᠦ ᠪᠠᠯᠵᠢᠨ ᠤ ᠨᠢᠳᠤ ᠳᠠᠳᠠᠨ ᠤ ᠨᠢᠯᠬ᠎ᠠ ᠬᠤᠷᠠᠭᠠᠨ ᠤ ᠭᠢᠨᠢ ᠳᠡᠭᠡᠷ᠎ᠡ ᠭᠡᠳᠥᠢᠨ ᠳᠤᠰᠴᠤ᠄ 《ᠳᠠᠨ ᠤ ᠭᠢ ᠴᠢᠨᠢ ᠠᠷᠪᠢᠨ ᠲᠦᠯ ᠳᠤᠰᠴᠤ ᠰᠢᠳᠠ ︕》 ᠭᠡᠵᠤ ᠪᠠᠬᠠᠷᠬᠠᠬᠤ ᠴᠤ ᠰᠢᠭ᠂ ᠠᠳᠠᠭᠠᠷᠬᠠᠬᠤ ᠴᠤ ᠶᠤᠮ ᠰᠢᠭ ᠭᠡᠯᠡᠭᠡᠳ ᠭᠡᠷ ᠵᠥᠭ᠌ ᠶᠢᠡᠨ ᠠᠯᠬᠤᠯᠠᠬᠤ ᠶᠢᠨ ᠳᠠᠭᠠᠤ ᠡᠳᠡᠨ ᠤ ᠭᠢᠨ ᠡᠮᠤᠨ᠎ᠡ ᠭᠡᠳᠤᠨ ᠵᠢᠯ ᠭᠡᠳᠥᠢᠪᠠᠷ ᠡᠪᠡᠳᠴᠢᠨ ᠵᠤᠪᠠᠯᠠᠩ ᠳᠤ ᠣᠷᠢᠶᠠᠭᠳᠠᠭᠰᠠᠨ ᠪᠣᠯᠪᠠᠴᠤ ᠡᠨᠡ ᠭᠡᠳᠤᠨ ᠵᠢᠯ᠂ ᠵᠢᠯ ᠪᠣᠯᠭᠠᠨ ᠵᠢᠷᠠ ᠰᠢᠬᠠᠮ ᠲᠦᠯ ᠳᠤᠰᠤᠭᠠᠤᠨ ᠨᠠᠮᠤᠷ ᠪᠣᠯᠬᠤ ᠳᠤ ᠬᠤᠷᠠᠭ᠎ᠠ ᠪᠠᠨ ᠬᠤᠳᠠᠯᠳᠤᠭᠠᠤᠨ ᠪᠠᠷᠤᠭ ᠬᠤᠶᠠᠷ ᠲᠦᠮᠡᠨ ᠰᠢᠬᠠᠮ ᠤᠨ ᠣᠷᠤᠯᠭ᠎ᠠ ᠣᠯᠵᠤ ᠪᠠᠢ᠌ᠨ᠎ᠠ᠂ ᠡᠨᠡ ᠶᠠᠩᠵᠤ ᠪᠠᠷ ᠪᠣᠳᠤᠪᠠᠯ ᠡᠳᠡᠨ ᠤ ᠭᠢ ᠪᠠᠷᠤᠭ ᠠᠷᠪᠠ ᠰᠢᠬᠠᠮ ᠳᠦᠭᠦᠷᠢᠭ᠌ ᠤᠨ ᠬᠠᠳᠠᠭᠠᠯᠠᠮᠵᠢ ᠲᠡᠶ ᠪᠣᠯᠴᠢᠬᠠᠯ᠎ᠠ ᠪᠠ ︖ ᠡᠳᠡᠨ ᠢ ᠭᠢ ᠣᠳᠤ ᠮᠠᠨ ᠤ ᠠᠢ᠌ᠯ ᠤᠨ ᠳᠡᠷᠢᠭᠦᠨ ᠪᠠᠶᠠᠨ ᠪᠣᠯᠴᠢᠬᠠᠯ᠎ᠠ᠃ ᠡᠳᠡᠨ ᠢ ᠨᠥᠭᠡᠨ ᠳᠤ ᠣᠨᠠᠭᠠᠬᠤ ᠭᠡᠪᠠᠯ ᠁ ᠭᠡᠵᠤ ᠳᠤᠳᠤᠷ᠎ᠠ ᠪᠠᠨ ᠬᠤᠤᠷ ᠪᠣᠴᠠᠯᠭᠠᠵᠤ ᠶᠠᠪᠣᠨ᠎ᠠ᠃ ᠳᠠᠮᠤᠰᠦ᠋ᠷᠤᠩ ᠴᠡᠴᠡᠭ᠍ᠮ᠎ᠡ ᠬᠤᠶᠠᠷ ᠳᠡᠭᠦᠨ ᠲᠡᠶ ᠭᠡᠯᠡᠯᠴᠡᠭᠦ ᠵᠠᠪ ᠦᠭᠡᠶ ᠳᠤ ᠪᠠᠨ ᠴᠤ ᠶᠤᠮ ᠦᠦ ︖ ᠡᠰᠡᠭᠦᠯ᠎ᠡ ᠳᠡᠭᠦᠨ ᠤ ᠬᠤᠤᠷᠠᠨ ᠰᠠᠨᠠᠭ᠎ᠠ ᠬᠤᠪᠳᠤᠭ ᠵᠠᠩ ᠢ ᠠᠯᠢ ᠭᠡᠳᠥᠢᠨ ᠨᠢ ᠮᠡᠳᠡᠴᠢᠭᠡᠭᠡᠳ ᠵᠢᠭ᠍ᠰᠢᠭ᠍ᠰᠡᠨ ᠳᠤ ᠪᠠᠨ ᠴᠤ ᠶᠤᠮ ᠦᠦ ︖ ᠳᠡᠭᠦᠨ ᠤ ᠥᠭᠡᠳᠡ ᠡᠴᠠ ᠬᠠᠷᠢᠭᠤ ᠦᠴᠢᠭ᠍ᠰᠡᠨ ᠭᠦᠮᠤᠨ ᠦᠭᠡᠶ᠃ ᠨᠢᠯᠬ᠎ᠠ ᠨᠤᠭᠤᠭᠠᠨ ᠤ ᠠᠮᠳᠠ ᠶᠢ ᠨᠢᠭᠡᠨᠲᠡ ᠮᠡᠳᠡᠭ᠍ᠰᠡᠨ ᠬᠤᠨᠢᠳ ᠳᠡᠵᠢᠭᠡᠯ ᠪᠣᠷᠳᠤᠭ᠎ᠠ ᠬᠠᠭᠤᠷᠠᠢ ᠡᠪᠠᠰᠤ ᠶᠢ ᠳᠤᠷ᠎ᠠ ᠮᠠᠭᠤᠳᠠᠢ᠌ᠬᠠᠨ ᠢᠳᠠᠨ᠎ᠡ᠃ ᠳᠠᠮᠤᠰᠦ᠋ᠷᠤᠩ ᠦᠴᠦᠭᠡᠳᠦᠷ ᠰᠦᠨᠢ ᠮᠠᠯ ᠳᠤ ᠭᠠᠷᠤᠭᠰᠠᠨ ᠣᠴᠢᠷ ᠨᠢᠳᠤ ᠨᠢ ᠭᠦᠩᠭᠦᠢᠨ ᠴᠢᠷᠠᠢ ᠨᠢ ᠴᠥᠩᠭᠡᠢ᠌ᠵᠤ ᠶᠠᠳᠠᠷᠠᠭ᠎ᠠ ᠶᠡᠭᠡᠳᠡᠢ ᠬᠠᠷᠠᠭᠳᠠᠨ᠎ᠠ᠃ ᠴᠡᠴᠡᠭ᠍ᠮ᠎ᠡ ᠨᠥᠭᠦᠷ ᠶᠢᠡᠨ ᠦᠷᠤ ᠡᠪᠡᠳᠴᠤ᠄ 《ᠨᠠᠭᠠᠳᠤᠭᠢ ᠪᠠᠨ ᠳᠠᠯᠪᠢᠴᠢᠬ᠎ᠠ᠂ ᠪᠠᠭ᠎ᠠ ᠪᠠᠢ᠌ᠰᠭᠢᠭᠠᠤᠨ ᠪᠢ ᠳᠦᠪᠭᠢᠨᠡᠭᠦᠯᠴᠢᠭᠡᠶ᠎ᠡ ︕ ᠴᠢ ᠣᠷᠤᠭᠠᠤᠨ ᠪᠠᠬᠠᠨ ᠡᠡᠮᠦᠰᠭᠢᠭᠡᠳ ᠠᠪ᠂ ᠦᠭᠡᠶ ᠶᠠᠷᠤ ᠨᠢ ᠰᠦᠨᠢ ᠪᠠᠷ ᠬᠤᠨᠢ ᠬᠠᠷᠢᠭᠤᠯᠤᠨ᠎ᠠ ᠭᠡᠳᠡᠭ᠌ ᠴᠢᠨᠢ ᠪᠠᠰᠠ ᠴᠤ ᠭᠡᠴᠡᠭᠦᠤ ᠠᠵᠢᠯ ᠶᠤᠮ ᠡ ︕》 ᠭᠡᠭᠦ ᠳᠤ᠄ 《ᠶᠠᠳᠠᠷᠠᠬᠤ ᠴᠤ ᠶᠠᠭᠠᠭᠢᠬᠤ ᠪᠣᠢ᠂ ᠭᠡᠳᠤᠨ ᠮᠠᠯ ᠮᠢᠨᠢ ᠣᠠ ᠳᠤ ᠣᠷᠤᠭᠠᠤᠨ ᠮᠠᠭᠤ ᠦᠬᠢᠨ ᠮᠢᠨᠢ ᠰᠠᠢ᠌ᠨ ᠰᠤᠷᠴᠢᠬᠠᠪᠠᠯ ᠨᠠᠳᠠ ᠳᠤ ᠥᠭᠡᠷ᠎ᠡ ᠭᠤᠷᠢᠯᠠᠬᠤ ᠵᠣᠢ᠌ᠯ ᠶᠠᠭᠤᠮ᠎ᠠ ᠠᠯᠠᠭ᠎ᠠ》 ᠭᠡᠵᠤ ᠭᠡᠯᠡᠭᠦ ᠳᠤ ᠨᠢᠳᠤᠨ ᠡᠴᠠ ᠨᠢ ᠵᠢᠷᠭᠠᠯ ᠤᠨ ᠳᠤᠶᠠᠭ᠎ᠠ ᠳᠤᠳᠤᠷᠠᠵᠤ ᠪᠠᠢ᠌ᠯ᠎ᠠ᠃ ᠳᠡᠭᠡᠭᠡᠳ ᠳᠠᠮᠤᠰᠦ᠋ᠷᠤᠩ ᠡᠭᠡᠨᠡᠷ ᠤᠨ ᠶᠢᠡᠨ ᠥᠭᠡ ᠪᠠᠷ ᠭᠡᠷ ᠲᠤ ᠪᠠᠨ ᠣᠷᠤᠵᠤ ᠠᠶᠠᠭ᠎ᠠ ᠴᠠᠢ ᠪᠠᠯᠭᠤᠴᠢᠬᠠᠭᠠᠤᠨ ᠶᠠᠭ ᠬᠠᠵᠠᠭᠤᠯᠤᠶ᠎ᠠ ᠭᠡᠵᠤ ᠪᠠᠢ᠌ᠳᠠᠯ᠎ᠠ ᠡᠭᠡᠨᠡᠷ ᠨᠢ ᠨᠢᠭᠡ ᠭᠦᠮᠤᠨ ᠲᠡᠶ ᠭᠡᠯᠡᠯᠴᠡᠭ᠍ᠰᠡᠭᠡᠷ ᠣᠷᠤᠵᠤ ᠢᠷᠡᠭ᠍ᠰᠡᠨ ᠨᠢ ᠳᠤᠭᠣᠢ᠌ᠯᠠᠩ ᠤᠨ ᠳᠠᠷᠤᠭ᠎ᠠ ᠳ᠋ᠠᠷᠢ ᠪᠠᠢ᠌ᠯ᠎ᠠ᠃ ᠳ᠋ᠠᠷᠢ ᠭᠡᠵᠤ ᠡᠷᠭᠡ ᠵᠡᠷᠭᠡ ᠵᠤᠭᠤᠰ ᠮᠦᠩᠭᠦ ᠭᠡᠭ᠍ᠰᠡᠭᠡᠷ ᠨᠢᠳᠤ ᠨᠢ ᠣᠯᠠᠢ᠌ᠵᠤ ᠰᠢᠳᠤ ᠨᠢ ᠬᠤᠷᠴᠠ ᠪᠣᠯᠳᠠᠭ ᠮᠦᠷᠳᠡᠭᠡᠨ ᠪᠢᠯᠳᠠᠤᠴᠢ ᠭᠡᠳᠡᠭ᠌ ᠨᠢ ᠪᠠᠭᠠᠯ ᠨᠤᠬᠠᠢ ᠴᠤ ᠭᠡᠮᠡᠷ ᠶᠤᠯᠬᠤᠭᠤᠷ ᠳᠠᠷᠭᠤᠨ ᠠᠮᠢᠳᠠᠨ ᠶᠤᠮ᠃ ᠮᠠᠯ ᠠᠬᠤᠢ ᠪᠠᠭ᠎ᠠ᠂ ᠠᠮᠢᠳᠤᠷᠠᠯ ᠣᠠᠳᠤᠷᠤᠯᠭ᠎ᠠ ᠲᠦᠯᠤᠪᠳᠠᠢ ᠣᠴᠢᠷ ᠡᠯᠳᠡᠪ ᠰᠥᠢᠳᠭᠡᠯ ᠬᠤᠷᠢᠶᠠᠬᠤ ᠪᠣᠶᠤ ᠵᠠᠬ᠎ᠠ ᠨᠤᠳᠤᠭ ᠤᠨ ᠮᠠᠯ ᠠᠢ᠌ᠯ ᠤᠨ ᠭᠢᠨᠢ ᠪᠠᠯᠴᠢᠭᠡᠷ ᠲᠤ ᠣᠷᠤᠵᠤ ᠢᠷᠡᠭᠦ ᠪᠠᠷ ᠭᠢᠳᠠᠯ ᠠᠯᠳᠠᠵᠤ ᠪᠠᠢ᠌ᠭ᠎ᠠ ᠭᠡᠳᠤᠨ ᠵᠠᠯᠠᠭᠤᠴᠤᠳ ᠢ ᠳᠠᠭᠠᠭᠤᠯᠵᠤ ᠭᠠᠷᠤᠭᠠᠤᠨ ᠭᠦᠮᠤᠨ ᠤ ᠮᠠᠯ ᠢ ᠠᠪᠴᠢᠷᠠᠵᠤ ᠬᠤᠷᠢᠨ ᠭᠡᠳᠤᠨ ᠮᠦᠩᠭᠦ ᠣᠯᠵᠤ ᠦᠪᠵᠢᠵᠤ᠂ ᠳᠡᠭᠡᠷᠡᠮ ᠡᠴᠠ ᠯᠠ ᠳᠤᠤᠷ᠎ᠠ ᠦᠭᠡᠶ ᠠᠮᠢᠳᠤᠷᠠᠯ ᠭᠢᠳᠡᠭ᠌ ᠭᠦᠮᠤᠨ ᠶᠤᠮ᠃ ᠡᠨᠡ ᠣᠳᠠᠭ᠎ᠠ ᠳᠡᠭᠦᠨ ᠤ ᠢᠷᠡᠭ᠍ᠰᠡᠨ ᠨᠢ ᠪᠠᠰᠠ ᠯᠠ ᠵᠤᠭᠤᠰ ᠵᠤᠭᠠᠨ ᠤ ᠣᠴᠢᠷ ᠪᠢᠵᠠ ᠭᠡᠵᠤ ᠳᠠᠮᠤᠰᠦ᠋ᠷᠤᠩ ᠳ᠋ᠠᠷᠢ ᠶᠢᠨ ᠰᠤᠳᠠᠯ ᠢ ᠨᠢ ᠪᠠᠷᠢᠯ᠎ᠠ᠃

《ᠡᠨᠡ ᠶᠠᠩᠵᠤ ᠪᠠᠷ ᠰᠦᠨᠢ ᠪᠣᠯᠭᠠᠨ ᠮᠠᠯ ᠬᠠᠷᠢᠭᠤᠯᠬᠤ ᠶᠤᠮ ᠪᠣᠯ ᠭᠡᠴᠡᠭᠦᠤ ᠳ᠋ᠠ᠂ ᠬᠠᠷᠢᠨ ᠪᠢᠳᠠ ᠠᠢ᠌ᠯ ᠶᠢᠡᠷ ᠶᠢᠡᠨ ᠵᠤᠭᠤᠰ ᠴᠤᠭᠯᠠᠭᠤᠯᠵᠤ ᠦᠨᠦᠭᠢ 〈ᠠᠮᠢ ᠠᠬᠤᠢ ᠶᠢ ᠬᠠᠮᠠᠭᠠᠯᠠᠳᠠᠭ ᠭᠦᠮᠦᠰ〉 ᠲᠤ ᠨᠢ ᠭᠡᠳᠤᠨ ᠣᠯᠠᠭᠠᠨ ᠳᠡᠪᠢᠰᠭᠡᠷᠳᠤ ᠠᠳᠬᠠᠭᠤᠯᠴᠢᠬᠠᠪᠠᠯ ᠰᠠᠨᠠᠭ᠎ᠠ ᠠᠮᠤᠷ ᠡᠳᠦᠷ ᠳᠠᠯ᠎ᠠ ᠪᠠᠷ ᠮᠠᠯ ᠶᠢᠡᠨ ᠬᠠᠷᠢᠭᠤᠯᠴᠢᠬᠠᠬᠤ ᠦᠭᠡᠶ ᠦᠦ ︖》 ᠭᠡᠵᠤ ᠳ᠋ᠠᠷᠢ ᠦᠪᠡᠷ ᠢ ᠪᠠᠨ ᠶᠡᠭᠡᠯᠡ ᠮᠡᠷᠭᠡᠨ ᠠᠷᠭ᠎ᠠ ᠪᠣᠳᠤᠵᠤ ᠣᠯᠤᠭᠰᠠᠨ ᠶᠤᠮ ᠰᠢᠭ ᠭᠠᠢ᠌ᠬᠠᠭᠤᠯᠤᠨ ᠭᠦᠮᠦᠰᠭᠡ ᠨᠢᠳᠤ ᠪᠠᠨ ᠭᠦᠳᠡᠯᠭᠡᠵᠤ ᠶᠠᠷᠢᠬᠤ ᠳᠤ᠄ 《ᠬᠠᠪᠣᠷ ᠤᠨ ᠭᠤᠷᠪᠠᠨ ᠰᠠᠷ᠎ᠠ ᠳ᠋ᠤ ᠬᠠᠳᠤᠨ ᠤ ᠪᠠᠭᠤᠤ ᠴᠤ ᠨᠠᠷᠢᠰᠬᠤ ᠪᠠᠢ᠌ᠬᠤ ᠳᠤ᠂ ᠭᠡᠨ ᠳᠤ ᠨᠢ ᠵᠤᠭᠤᠰ ᠪᠠᠢ᠌ᠬᠤ ᠶᠤᠮ ᠪᠣᠢ ︖ ᠣᠷᠵᠢᠨᠤᠨ ᠴᠢ ᠪᠠᠰᠠ ᠭᠠᠯ ᠤᠨ ᠭᠤᠷᠪᠠ ᠬᠤᠨᠤᠭ ᠥᠩᠭᠡᠷᠡᠭᠡ ᠦᠭᠡᠶ ᠪᠠᠢ᠌ᠬᠤ ᠳᠤ ᠭᠠᠯ ᠮᠤᠭᠠᠢ ᠵᠠᠯᠭᠢᠭᠤᠯᠵᠤ ᠮᠢᠩᠭ᠋ᠠᠨ ᠳᠦᠭᠦᠷᠢᠭ᠌ ᠬᠠᠷᠠᠮᠠᠯᠠᠭᠠᠤᠨ ᠯᠠ ᠶᠠᠪᠣᠭᠰᠠᠨ ᠪᠢᠵᠠ᠃ ᠭᠡᠯᠡᠭᠦ ᠳᠤ ᠬᠠᠪᠣᠷ ᠤᠨ ᠠᠭᠤᠷ ᠣᠷᠤᠭᠰᠠᠭᠠᠷ ᠴᠠᠭᠢᠯᠭᠠᠨ ᠣᠳᠠᠰᠤᠨ ᠤ ᠪᠠᠭᠠᠨ᠎ᠠ ᠶᠢ ᠰᠤᠯᠢᠨ᠎ᠠ ᠭᠡᠰᠡᠨ ᠪᠢᠵᠠ ︖ ᠳᠡᠭᠡᠭᠡᠳ ᠳᠠᠷᠠ ᠴᠠᠭᠢᠯᠭᠠᠨ ᠣᠳᠠᠰᠤᠨ ᠤ ᠪᠠᠭᠠᠨ᠎ᠠ ᠴᠢᠨᠢ ᠬᠠᠮᠢᠭ᠎ᠠ ᠪᠠᠢ᠌ᠨ᠎ᠠ ︖ ᠪᠢᠳᠠ ᠡᠯᠵᠢᠭᠡ ᠴᠤ ᠦᠭᠡᠶ ᠭᠤᠷᠪᠠᠨ ᠯᠠᠩ ᠴᠤ ᠦᠭᠡᠶ ᠪᠢᠰᠢ ᠦᠦ ︖ ᠪᠠᠰᠠ ᠵᠤᠭᠤᠰ ᠪᠠᠷ ᠶᠠᠭᠠᠭᠢᠬᠤ ᠨᠢ ︖ ᠴᠢ ᠯᠠ ᠦᠪᠡᠷ ᠤᠨ ᠣᠩᠭ᠋ᠣᠢ᠌ᠭᠰᠠᠨ ᠶᠢᠡᠨ ᠪᠦᠭᠯᠡᠭᠦ ᠭᠡᠵᠤ ᠪᠠᠢ᠌ᠯᠭᠦᠢ》 ᠭᠡᠵᠤ ᠴᠡᠴᠡᠭ᠍ᠮ᠎ᠡ ᠨᠠᠭᠠᠳᠤᠮ ᠱᠤᠭ ᠴᠤ ᠭᠡᠮᠡᠷ ᠥᠭᠦᠯᠡᠭᠦ ᠳᠤ ᠳ᠋ᠠᠷᠢ ᠶᠠᠷ᠎ᠠ ᠪᠠᠨ ᠮᠠᠯᠳᠠᠭᠤᠯᠤᠭᠰᠠᠨ ᠳᠤ ᠪᠠᠨ ᠡᠨᠡ ᠳᠠᠷᠠ ᠰᠢᠯᠳᠠᠭᠠᠨ ᠡᠷᠢᠵᠤ ᠪᠠᠢ᠌ᠳᠠᠭ ᠬᠠᠷᠢᠭᠤᠴᠠᠯᠭ᠎ᠠ ᠪᠠᠨ ᠴᠠᠭᠢᠯᠭᠠᠨ ᠤ ᠬᠠᠮᠢᠶᠠᠷᠤᠯᠳᠠ ᠤᠨ ᠳᠤᠪᠴᠢᠶᠠᠨ ᠳᠤ ᠲᠦᠯᠭᠢᠭᠦ ᠳᠤ ᠨᠢ ᠴᠡᠴᠡᠭ᠍ᠮ᠎ᠡ᠄ 《ᠳᠡᠭᠡᠷ᠎ᠡ ᠣᠳᠠᠭ᠎ᠠ ᠴᠢ ᠮᠦᠨ ᠯᠠ ᠢᠩᠭᠢᠵᠤ ᠭᠡᠯᠡᠵᠤ ᠪᠠᠢ᠌ᠭᠰᠠᠨ ᠪᠢᠰᠢ ᠦᠦ ︖ ᠪᠢ ᠳᠠᠷᠠ ᠴᠠᠭᠢᠯᠭᠠᠨ ᠤ ᠬᠠᠮᠢᠶᠠᠷᠤᠯᠳᠠ ᠶᠢᠨ ᠳᠤᠪᠴᠢᠶᠠᠨ ᠤ ᠬᠠᠷᠡᠭᠦᠤ ᠡᠴᠡ ᠴᠢᠨᠢ ᠠᠰᠠᠭᠤᠭᠰᠠᠨ᠂ ᠮᠡᠳᠡᠭᠦ ᠦᠭᠡᠶ ᠭᠡᠵᠤ ᠪᠠᠢ᠌ᠭᠰᠠᠨ᠂ ᠲᠦᠮᠡ ᠢᠯᠡᠭᠦᠤ ᠳᠦᠭᠦᠷᠢᠭ᠌ ᠢ ᠬᠠᠮᠢᠭ᠎ᠠ ᠣᠷᠭᠤᠯᠴᠢᠬᠠᠪᠠ ︖》 ᠭᠡᠭᠦ ᠳᠤ ᠳ᠋ᠠᠷᠢ ᠣᠯᠠᠮ ᠴᠤ ᠠᠷᠭ᠎ᠠ ᠪᠠᠷᠠᠭᠳᠠᠨ ᠭᠡᠯᠡᠭᠦ ᠥᠭᠡ ᠦᠭᠡᠶ ᠬᠤᠯᠮᠠᠯᠵᠠᠨ᠎ᠠ᠃ ᠳ᠋ᠠᠷᠢ ᠶᠢᠨ ᠡᠪ ᠥᠭᠡᠢ᠌ᠷᠡᠭ᠍ᠰᠡᠨ ᠢ ᠥᠵᠡᠭᠡᠳ᠄ 《ᠵᠠ ᠪᠣᠯᠵᠠᠢ᠃ ᠡᠨᠡ ᠣᠳᠠᠭ᠎ᠠ ᠭᠡᠳᠦᠢ ᠠᠢ᠌ᠯ ᠵᠤᠭᠤᠰ ᠶᠢᠡᠨ ᠦᠭ‍ᠭᠦᠭᠡᠳ ᠪᠠᠢ᠌ᠨ᠎ᠠ ︖》 ᠭᠡᠵᠤ ᠠᠰᠠᠭᠤᠪᠠ᠃

《ᠨᠠᠯᠢᠶᠠᠤᠨ ᠠᠢ᠌ᠯ ᠨᠢ ᠵᠥᠪᠰᠢᠶᠡᠷᠡᠴᠢᠭᠡᠵᠡᠢ᠃ ᠭᠡᠪᠠᠴᠤ ᠵᠤᠭᠤᠰ ᠦᠭᠡᠶ ᠪᠠᠢ᠌ᠨ᠎ᠠ ᠭᠡᠨ᠎ᠡ᠃ ᠭᠤᠷᠢ ᠦᠭᠡᠶ ᠪᠣᠯ ᠪᠢ ᠭᠢᠳᠠᠤᠨ ᠳᠡᠭᠡᠷ᠎ᠡ ᠣᠴᠢᠵᠤ ᠭᠤᠷᠪᠠᠨ ᠮᠦᠩᠭᠦᠨ ᠤ ᠭᠦᠤ ᠲᠡᠶ ᠵᠤᠭᠤᠰ ᠵᠢᠭᠡᠯᠡᠭᠡᠳ ᠪᠠᠷᠢᠮᠳᠠ ᠪᠢᠴᠢᠭᠦᠯᠤᠨ᠎ᠡ ᠰᠢᠳᠠ》 ᠭᠡᠭᠦ ᠳᠤ᠄

《ᠭᠢᠳᠠᠤᠨ ᠠᠬ᠎ᠠ ᠳᠡᠭᠦᠤ ᠲᠡᠶ ᠭᠦᠮᠤᠨ ᠬᠠᠰᠢᠯᠠ ᠣᠠᠳᠤᠤ᠃ ᠳᠡᠭᠡᠭᠡᠳ ᠨᠢᠭᠡ ᠠᠢ᠌ᠯ ᠶᠢᠡᠷ ᠶᠢᠡᠨ ᠭᠡᠳᠦᠢ ᠦᠭ‍ᠭᠦ ᠶᠤᠮ ᠪᠣᠢ ︖》 ᠭᠡᠵᠤ ᠴᠡᠴᠡᠭ᠍ᠮ᠎ᠡ ᠪᠠᠰᠠ ᠯᠠ ᠳ᠋ᠠᠷᠢ ᠶᠢᠨ ᠠᠮᠠ ᠶᠢ ᠠᠪᠣᠨ᠎ᠠ᠃

《ᠭᠤᠷᠪᠠᠨ ᠮᠢᠩᠭ᠋ᠠᠨ ᠳᠦᠭᠦᠷᠢᠭ᠌ ᠥᠭ᠍ᠴᠢᠭᠡᠪᠠᠯ ᠬᠠᠰᠢᠶᠠᠯᠠᠬᠤ ᠬᠤᠭᠤᠴᠠᠭ᠎ᠠ ᠥᠩᠭᠡᠷᠡᠳᠡᠯ᠎ᠡ ᠪᠠᠷᠤᠭ ᠢᠷᠡᠭᠦ ᠦᠭᠡᠶ ᠪᠠᠢ᠌ᠬ᠎ᠠ ᠡ》 ᠭᠡᠵᠤ ᠭᠡᠯᠡᠭᠡᠳ ᠳᠠᠭᠢᠵᠤ ᠴᠡᠴᠡᠭ᠍ᠮ᠎ᠡ ᠳᠤ ᠶᠠᠷ᠎ᠠ ᠪᠠᠨ ᠮᠠᠯᠳᠠᠭᠤᠯᠵᠤ᠂ ᠰᠢᠷᠬ᠎ᠠ ᠪᠠᠨ ᠭᠦᠡᠳᠠᠭᠦᠯᠭᠦ ᠡᠴᠠ ᠠᠶᠤᠨ ᠰᠢᠯᠤᠭᠤᠬᠠᠨ ᠭᠠᠷᠤᠭᠠᠤᠨ ᠶᠠᠪᠣᠴᠢᠬᠠᠯ᠎ᠠ᠃

ᠳ᠋ᠠᠷᠢ ᠶᠢᠨ ᠭᠡᠯᠡᠭ᠍ᠰᠡᠨ ᠶᠢᠡᠷ ᠵᠤᠭᠤᠰ ᠦᠭ‍ᠭᠦ ᠦᠭᠡᠶ ᠪᠣᠯ ᠮᠠᠯ ᠶᠢᠡᠨ ᠭᠠᠷᠭᠠᠮᠠᠭᠴᠠ ᠳ᠋ᠠᠷᠢ ᠮᠠᠳᠤ ᠶᠢᠨ ᠭᠦᠮᠦᠰ 《ᠠᠮᠢ ᠠᠬᠤᠢ ᠶᠢ ᠬᠠᠮᠠᠭᠠᠯᠠᠳᠠᠭ》 ᠡᠡᠮᠢᠪᠦ᠋ᠭᠡ ᠳᠠᠷᠤᠭ᠎ᠠ ᠳᠤ ᠳᠠᠯᠳᠠᠭᠤᠷ ᠣᠳᠠᠰᠤ ᠦᠭ‍ᠭᠦ ᠨᠢ ᠮᠡᠳᠡᠭᠡᠵᠢ ᠭᠡᠷᠡᠭ᠌᠂ ᠭᠡᠭᠦ ᠳᠤ ᠬᠠᠪᠣᠷ ᠤᠨ ᠭᠤᠷᠪᠠᠨ ᠰᠠᠷ᠎ᠠ ᠳᠤ ᠬᠠᠮᠢᠭ᠎ᠠ ᠡᠴᠠ ᠵᠤᠭᠤᠰ ᠣᠯᠤᠶ᠎ᠠ᠂ ᠣᠳᠤ ᠶᠢᠨ ᠴᠠᠭ ᠲᠤ ᠬᠠᠰᠢᠶᠠᠯᠠᠨ ᠮᠠᠯᠵᠢᠬᠤ ᠭᠡᠳᠡᠭ᠌ ᠨᠢ ᠨᠢᠭᠡ ᠪᠦᠯᠦᠭ᠌ ᠭᠦᠮᠦᠰ ᠤᠨ ᠬᠠᠷᠮᠠᠨ ᠶᠢᠡᠨ ᠳᠦᠭᠦᠷᠭᠡᠭᠦ ᠠᠷᠭ᠎ᠠ ᠪᠣᠯᠴᠢᠬᠠᠵᠠᠢ᠃ ᠶᠠᠷᠤᠨᠢ ᠨᠠᠮ ᠭᠡᠵᠤ ᠴᠤ ᠨᠠᠮ ᠶᠤᠮ ᠡ᠂ ᠠᠷᠠᠤᠨ ᠤᠨ ᠶᠢᠡᠨ ᠦᠵᠡᠯ ᠣᠬᠠᠮᠰᠠᠷ ᠢ ᠮᠠᠳᠠᠵᠤ ᠪᠠᠢ᠌ᠭᠠᠤᠨ ᠯᠠ᠃ ᠳᠠᠰ ᠡᠴᠠ ᠳᠠᠪᠭᠰᠠᠨ ᠣᠬᠠᠮᠰᠠᠷ ᠲᠡᠶ ᠣᠯᠤᠰ ᠪᠣᠯ ᠴᠤ ᠶᠠᠭᠠᠭᠢᠮᠤᠢ ︕ ᠭᠡᠵᠤ ᠳᠠᠮᠤᠰᠦ᠋ᠷᠤᠩ ᠰᠠᠮ ᠪᠣᠳᠤᠨ᠎ᠠ᠃

《ᠮᠠᠨ ᠤ ᠠᠢ᠌ᠯ ᠤᠨ ᠠᠷᠪᠠᠨ ᠳᠤᠯᠤᠠᠭᠠᠨ ᠡᠷᠦᠭᠡ ᠳᠤ ᠭᠤᠷᠪᠠᠨ ᠮᠢᠩᠭ᠋ᠠᠨ ᠳᠦᠭᠦᠷᠢᠭ᠌ ᠴᠢᠨᠢ ᠪᠠᠰᠠ ᠵᠥᠭᠡᠷ ᠯᠠ ᠶᠤᠮ ᠪᠢᠰᠢᠤ ︖ ᠰᠠᠨᠠᠭ᠎ᠠ ᠠᠮᠤᠷ ᠮᠠᠯ ᠶᠢᠡᠨ ᠬᠠᠷᠢᠭᠤᠯᠴᠢᠬᠠᠪᠠᠯ ᠪᠣᠯᠴᠢᠬᠠᠨ᠎ᠠ᠃ ᠴᠢ ᠦᠵᠡᠪᠠᠯ ᠶᠠᠭᠠᠭᠢᠨ᠎ᠠ ︖》 ᠭᠡᠵᠤ ᠭᠡᠷᠭᠡᠢ ᠴᠡᠴᠡᠭ᠍ᠮ᠎ᠡ ᠨᠢ ᠨᠥᠭᠦᠷ ᠤᠨ ᠶᠢᠡᠨ ᠰᠠᠨᠠᠯ ᠢ ᠰᠤᠨᠤᠰᠬᠤ ᠭᠡᠰᠡᠨ ᠮᠡᠳᠤ ᠥᠭᠡᠳᠡ ᠡᠴᠠ ᠨᠢ ᠬᠠᠷᠠᠬᠤ ᠳᠤ᠄

《ᠳᠠᠷᠠ ᠭᠡᠳᠤᠨ ᠵᠠᠭᠤᠨ ᠳᠦᠭᠦᠷᠢᠭ᠌ ᠴᠤ ᠭᠠᠢ᠌ᠭᠤᠢ᠂ ᠬᠠᠷᠢᠨ ᠮᠠᠯ ᠶᠢᠡᠨ ᠳᠤᠷ᠎ᠠ ᠪᠠᠷ ᠨᠢ ᠳᠠᠯᠪᠢᠭᠰᠠᠭᠠᠷ ᠯᠠ ᠡᠨᠡ ᠠᠢ᠌ᠯ ᠤᠳ ᠴᠢᠨᠢ ᠦᠷᠦᠭᠡᠯ ᠤᠨ ᠮᠠᠯ ᠢ ᠠᠪᠴᠢᠷᠠᠵᠤ᠂ ᠠᠷᠪᠠᠨ ᠳᠤᠯᠤᠭᠠᠨ ᠡᠷᠦᠭᠡ ᠴᠢᠨᠢ ᠬᠤᠷᠢᠨ ᠰᠦᠷᠦᠭ᠌ ᠮᠠᠯ ᠬᠠᠷᠢᠭᠤᠯᠬᠤ ᠪᠣᠯᠤᠨ᠎ᠠ᠃ ᠠᠳᠠᠭ ᠲᠤ ᠪᠠᠨ ᠮᠠᠨ ᠤ ᠠᠢ᠌ᠯ ᠤᠨ ᠦᠨᠦ ᠨᠢ᠋ᠮᠠᠨ ᠭᠢᠳᠠᠤᠨ ᠭᠦᠷᠭᠡᠨ ᠴᠢᠨᠢ ᠮᠠᠯ ᠶᠢᠡᠨ ᠠᠪᠴᠢᠷᠠᠬᠤ ᠦᠭᠡᠶ ᠦᠦ ︖ ᠳᠡᠭᠡᠪᠠᠯ ᠮᠠᠨ ᠤ ᠨᠤᠳᠤᠭ ᠴᠢᠨᠢ ᠦᠯᠠᠳᠠᠨ᠎ᠡ ᠦᠦ ︖ ᠪᠢᠳᠠ ᠠᠮᠢᠳᠠᠷᠠᠨ᠎ᠠ ᠦᠦ ︖》 ᠭᠡᠵᠤ ᠳᠠᠮᠤᠰᠦ᠋ᠷᠤᠩ ᠰᠠᠨᠠᠭ᠎ᠠ ᠠᠯᠳᠠᠨ᠎ᠠ᠃

《ᠳᠡᠭᠡᠭᠡᠳ ᠶᠠᠭᠠᠭᠢᠨ᠎ᠠ ︖ ᠡᠳᠡᠨ ᠲᠡᠶ ᠬᠠᠮᠳᠤ 〈ᠬᠤᠷᠰᠢᠶᠠᠨ〉 ᠳ᠋ᠤ ᠨᠢ ᠣᠷᠤᠬᠤ ᠦᠭᠡᠶ ᠪᠣᠯ ᠮᠠᠨ ᠤ ᠠᠢ᠌ᠯ ᠤᠨ ᠮᠠᠶ‍ᠢᠭ ᠶᠢᠡᠷ ᠭᠡᠨ ᠨᠢ ᠴᠤ ᠭᠡᠳ ᠳᠠᠯᠳᠠᠭᠤᠷ ᠣᠳᠠᠰᠤ ᠠᠪᠴᠤ ᠮᠠᠨ ᠢ ᠭᠠᠷᠤᠵᠠᠨ ᠳᠤ ᠣᠨᠠᠭᠠᠬᠤ ᠨᠢ ᠪᠣᠷᠤᠭᠠᠨ ᠣᠷᠤᠬᠤ ᠡᠴᠠ ᠡᠮᠤᠨ᠎ᠡ ᠳᠡᠭ᠍ᠷᠢ ᠪᠦᠷᠭᠦᠢᠳᠡᠭ᠌ ᠲᠡᠶ ᠨᠢᠭᠡ ᠯᠠ ᠶᠤᠰᠤ》

《ᠬᠤᠶᠠᠷ ᠡᠳᠦᠷ ᠡᠴᠠ ᠬᠤᠷᠠᠯ ᠭᠢᠪᠠᠯ ᠭᠠᠷ ᠤᠨ ᠦᠰᠦᠭ᠌ ᠶᠢᠡᠨ ᠵᠢᠷᠤᠭᠠᠤᠨ ᠵᠤᠭᠤᠰ ᠢ ᠨᠢ ᠵᠢᠭᠡᠯᠡᠶ᠎ᠡ᠃ ᠬᠠᠷᠢᠨ ᠳᠠᠭᠠᠭᠠᠴᠢᠯᠠᠯᠳᠠ ᠶᠢᠨ ᠭᠠᠵᠠᠷ ᠶᠢᠡᠨ ᠭᠤᠤᠯ ᠤᠨ ᠬᠣᠢ᠌ᠳᠤ ᠳᠤᠰᠬᠤᠨ ᠡᠴᠠ ᠶᠠᠭᠠᠭᠢᠵᠤ ᠠᠪᠬᠤ ᠳᠤᠬᠠᠢ ᠳ᠋ᠠᠷᠢ ᠶᠢᠨ ᠠᠮᠠ ᠶᠢ ᠠᠪᠣᠶ᠎ᠠ᠃ ᠸᠠᠩ ᠴᠤᠬᠤᠷ ᠲᠤ ᠪᠢᠳᠠ ᠭᠠᠵᠠᠷ ᠶᠢᠡᠨ ᠢᠩᠭᠢᠭᠡᠳ ᠯᠠ ᠪᠣᠯᠢᠶᠠᠭᠳᠠᠴᠢᠬᠠᠵᠤ ᠪᠣᠯᠬᠤ ᠦᠭᠡᠶ ᠪᠢᠵᠠ》

《ᠳ᠋ᠠᠷᠢ ᠭᠡᠵᠤ ᠳᠠᠩᠴᠤ ᠶᠤᠮ ᠡ᠂ ᠳᠠᠪᠤᠨ ᠮᠢᠩᠭ᠋ᠠᠨ ᠳᠦᠭᠦᠷᠢᠭ᠌ ᠭᠤᠷᠪᠠᠨ ᠬᠤᠨᠢ ᠲᠡᠶ ᠵᠠᠷᠤᠪᠠᠯ ᠪᠦᠭᠦ ᠣᠴᠢᠷ ᠢ ᠪᠦᠷ ᠯᠠ ᠬᠠᠷᠢᠭᠤᠴᠠᠨ᠎ᠠ ᠭᠡᠵᠤ ᠮᠠᠨ ᠳᠤ ᠠᠮᠠᠯᠳᠠᠭᠠᠤᠨ ᠯᠠ ᠪᠠᠢ᠌ᠭᠰᠠᠨ᠃ ᠭᠡᠳᠡᠯ᠎ᠡ ᠰᠡᠭᠦᠯᠡᠷ ᠨᠢ ᠪᠠᠰᠠ ᠭᠡᠳᠦᠢ ᠵᠤᠭᠤᠰ ᠠᠪᠣᠪᠠ ᠳ᠋ᠠ ︖ ᠭᠡᠳᠦᠢ ᠶᠢ ᠨᠢ ᠵᠠᠯᠭᠢᠭᠠᠤᠨ ᠭᠡᠳᠦᠢ ᠶᠢ ᠨᠢ ᠭᠡᠷᠡᠭ᠌ ᠲᠡᠶ ᠭᠠᠵᠠᠷ ᠨᠢ ᠭᠡᠷᠡᠭᠯᠡᠭ᠍ᠰᠡᠨ ᠢ ᠪᠣᠤ ᠮᠠᠳᠠ᠃ ᠡᠨᠡ ᠭᠤᠷᠪᠠᠨ ᠮᠢᠩᠭ᠎ᠠ ᠶᠢᠨ ᠪᠠᠰᠠ ᠭᠡᠳᠦᠢ ᠶᠢ ᠨᠢ ᠵᠠᠯᠭᠢᠳᠠᠭ ᠪᠣᠯ ᠡ》 ᠭᠡᠵᠤ ᠴᠡᠴᠡᠭ᠍ᠮ᠎ᠡ ᠳ᠋ᠠᠷᠢ ᠶᠢᠨ ᠠᠯᠢ ᠪᠠᠢ᠌ᠳᠠᠭ ᠢ ᠨᠢ ᠳᠠᠭᠤᠳᠠᠨ᠎ᠠ᠃

《ᠬᠠᠢ᠂ ᠶᠠᠭᠤ ᠶᠢ ᠨᠢ ᠭᠡᠯᠡᠭᠦ ᠪᠣᠢ᠂ ᠬᠠᠷᠢᠨ ᠭᠠᠵᠠᠷ ᠤᠨ ᠵᠠᠷᠭᠤ ᠶᠢ ᠪᠣᠯ ᠣᠯᠤᠮᠠᠷ ᠪᠠᠢ᠌ᠭᠰᠠᠨ ᠶᠤᠮ᠃ ᠬᠠᠷᠢᠨ ᠳ᠋ᠠᠷᠢ ᠦᠪᠡᠷ ᠶᠢᠡᠨ ᠯᠠ ᠁ ᠬᠠᠤᠯᠢ ᠮᠡᠳᠡᠭᠦ ᠦᠭᠡᠶ ᠡᠷᠦᠢ ᠬᠤᠷᠤᠢ ᠦᠭᠡᠶ ᠶᠠᠭᠤᠮ᠎ᠠ ᠭᠡᠯᠡᠵᠤ ᠭᠡᠵᠤ ᠭᠠᠷᠭᠠᠴᠢᠬᠠᠭᠠᠤᠨ᠂ ᠳᠡᠭᠡᠭᠡᠳ ᠪᠠᠰᠠ ᠮᠠᠨ ᠤ ᠠᠢ᠌ᠯ ᠳᠤ ᠶᠠᠷᠤᠨᠢ ᠮᠤᠩᠭ᠋ᠤᠯ ᠤᠨ ᠵᠠᠯᠢᠬᠠᠢ ᠭᠠᠷᠴᠢᠬᠠᠭᠰᠠᠨ ᠪᠣᠯᠤᠯᠳᠠᠢ᠂ ᠸᠠᠩ ᠴᠤᠬᠤᠷ ᠤᠨ ᠰᠤᠷᠠᠭ ᠴᠢᠮᠡᠭᠡ ᠳᠤᠭᠤᠯᠬᠤ ᠨᠢ ᠡᠳᠡᠭᠡᠳ ᠬᠤᠷᠳᠤᠨ ᠪᠣᠯᠤᠭᠠᠤᠨ ᠪᠠᠢ᠌ᠬᠤ ᠦᠭᠡᠶ ᠦᠦ ︖》

《ᠮᠠᠨ ᠤ ᠠᠢ᠌ᠯ ᠤᠨ ᠭᠢ ᠶᠠᠷᠤᠨᠢ ᠡᠢ᠌ᠮᠤ ᠯᠠ ᠳᠡᠪᠠᠭᠡ ᠦᠭᠡᠶ ᠪᠣᠯᠵᠤ ᠪᠠᠢ᠌ᠨ᠎ᠠ᠃ ᠮᠠᠨ ᠤ ᠭᠢᠨ ᠢ ᠡᠪᠡᠳᠴᠢᠨ ᠵᠤᠪᠠᠯᠠᠩ ᠳᠤ ᠣᠷᠢᠶᠠᠭᠳᠠᠭᠠᠤᠨ ᠪᠠᠢ᠌ᠬᠤ ᠦᠶ᠎ᠡ ᠳᠤ ᠡᠪᠠᠰᠤᠨ ᠬᠠᠳᠤᠯᠠᠩ ᠢ ᠬᠠᠰᠤᠴᠢᠬᠠᠭᠠᠤᠨ ᠪᠠᠰᠠ ᠨᠥᠭᠦᠵᠤ ᠠᠪᠬᠤ ᠭᠡᠭᠦ ᠪᠠᠷ 〈ᠳᠠᠷᠠ ᠦᠶ᠎ᠡ ᠳᠤ ᠠᠮᠢ ᠳᠠᠯᠪᠢᠵᠤ ᠪᠠᠢ᠌ᠭᠰᠠᠨ ᠦᠦ ︖〉 ᠭᠡᠭᠦ ᠶᠤᠮ ᠪᠢᠯᠠ᠃ ᠡᠨᠡ ᠴᠢᠨᠢ ᠡᠳᠦᠢ ᠵᠢᠯ ᠠᠢ᠌ᠯ ᠠᠢ᠌ᠮᠠᠭ ᠪᠣᠯᠤᠯᠴᠠᠭᠰᠠᠨ ᠭᠦᠮᠦᠰ ᠤᠨ ᠶᠠᠷᠢᠳᠠᠭ ᠥᠭᠡ ᠦᠦ ︖ ᠪᠠᠰᠠ ᠵᠡᠭᠦᠨ ᠪᠠᠷᠠᠭᠤᠨ ᠠᠢ᠌ᠯ ᠤᠨ ᠮᠠᠯ ᠪᠠᠯᠴᠢᠭᠡᠷ ᠳᠡᠭᠡᠷ᠎ᠡ ᠵᠢᠭᠠᠬᠠᠨ ᠭᠦᠯ ᠳᠠᠯᠪᠢᠭᠰᠠᠭᠠᠷ ᠯᠠ ᠨᠢᠯᠬ᠎ᠠ ᠬᠡᠦᠬᠡᠳ ᠥᠵᠡᠭ᠍ᠰᠡᠨ ᠦᠯᠦᠨ ᠴᠢᠨ᠋ᠸ᠎ᠠ ᠮᠠᠳᠤ ᠮᠠᠯ ᠢ ᠨᠢ ᠠᠪᠴᠢᠷᠠᠵᠤ ᠬᠤᠷᠢᠭᠠᠤᠨ 〈ᠵᠤᠭᠤᠰ〉 ᠭᠡᠵᠤ ᠭᠠᠷ ᠰᠤᠩᠭ᠋ᠠᠨ᠎ᠠ᠃ ᠳᠠᠨᠢᠵᠤ ᠮᠡᠳᠡᠭᠦ ᠮᠤᠩᠭ᠋ᠤᠯ ᠠᠬ᠎ᠠ ᠳᠡᠭᠦᠤ ᠪᠠᠢ᠌ᠭᠠᠤᠨ ᠳᠡᠭᠡᠵᠤ ᠭᠠᠴᠢᠭᠠᠤᠨ ᠭᠡᠳᠦᠢ ᠵᠢᠷᠤᠮ ᠦᠭᠡᠶ ᠶᠤᠮ᠃ ᠴᠢ ᠪᠢᠳᠠ ᠬᠤᠶᠠᠷ ᠶᠠᠮᠠᠷ ᠥᠵᠡᠭ᠍ᠰᠡᠨ ᠦᠭᠡᠶ ᠴᠤ ᠪᠢᠰᠢ᠂ ᠨᠢᠳᠤᠨᠤᠨ ᠭᠦᠦᠳᠠᠭᠤᠯ᠎ᠡ ᠶᠢᠨ ᠥᠭᠡᠷ ᠢ ᠬᠤᠷᠢᠭᠠᠤᠨ ᠭᠡᠳᠦᠢ ᠶᠡᠭᠡ ᠳᠡᠩᠰᠡᠯᠭᠡᠵᠤ ᠪᠠᠢ᠌ᠯ᠎ᠠ᠂ ᠪᠠᠯᠪᠠᠰᠤᠨ ᠦᠷᠦᠭᠡᠰᠤᠨ ᠡᠭᠡᠨᠡᠷ ᠢ ᠦᠷᠤ ᠡᠪᠡᠳᠭᠦ ᠶᠢ ᠴᠤ ᠮᠡᠳᠡᠭᠦ ᠦᠭᠡᠶ᠃ ᠸᠠᠩ ᠡᠪᠦᠭᠡ ᠪᠠᠨ ᠪᠣᠯ ᠴᠢᠩᠭᠢᠵᠤ ᠴᠢᠳᠠᠨ᠎ᠠ ᠦᠦ ︖ ᠳᠠᠷᠠ》 ᠭᠡᠵᠤ ᠴᠡᠴᠡᠭ᠍ᠮ᠎ᠡ ᠶᠢ ᠭᠡᠯᠡᠭᠦ ᠳᠤ ᠨᠢ ᠨᠢᠳᠤᠨ ᠡᠴᠠ ᠨᠢ ᠭᠠᠯ ᠤᠨ ᠣᠴᠢ ᠦᠰᠤᠷᠵᠤ ᠪᠠᠢ᠌ᠯ᠎ᠠ᠃

ᠣᠷᠵᠢᠨᠤᠨ ᠴᠠᠭᠠᠳᠤ ᠵᠢᠯ ᠡᠴᠠ ᠡᠳᠡᠨ ᠤ ᠠᠢ᠌ᠯ ᠤᠨ ᠭᠢᠨ ᠭᠤᠤᠯ ᠤᠨ ᠬᠣᠢ᠌ᠳᠤ ᠶᠢᠨ ᠸᠠᠩ ᠴᠤᠬᠤᠷ ᠵᠡᠷᠭᠡ ᠭᠦᠮᠦᠰ ᠲᠡᠶ ᠭᠠᠵᠠᠷ ᠪᠣᠯᠢᠶᠠᠯᠳᠤᠨ ᠵᠠᠷᠭᠤ ᠵᠠᠭᠠᠯᠳᠤᠭᠠᠨ ᠪᠣᠯᠤᠭᠰᠠᠭᠠᠷ ᠢᠷᠡᠭ᠍ᠰᠡᠨ ᠶᠤᠮ᠃ ᠴᠣᠢ᠌ᠵᠢ ᠶᠢᠨ ᠣᠪᠣᠭ᠎ᠠ ᠶᠢ ᠨᠢᠭᠡ ᠯᠠ ᠴᠠᠭ ᠶᠢᠡᠷ ᠳᠠᠳᠠ 《ᠮᠠᠨ ᠤ ᠭᠢ》 ᠭᠡᠵᠤ ᠥᠮᠴᠢᠷᠭᠡᠭᠦ ᠪᠣᠯᠤᠭᠰᠠᠨ ᠨᠢ ᠳᠠᠮᠤᠰᠦ᠋ᠷᠤᠩ ᠳᠤ ᠶᠡᠭᠡ ᠯᠠ ᠬᠠᠴᠢᠨ ᠰᠠᠨᠠᠭᠳᠠᠳᠠᠭ᠃ ᠪᠠᠰᠠ ᠨᠠᠩ ᠬᠠᠴᠢᠨ ᠨᠢ ᠭᠡᠪᠠᠯ ᠡᠳᠡᠨ ᠤ ᠭᠢᠨ ᠵᠠᠷᠭᠤ ᠡᠭᠢᠯᠡᠮᠡᠭ᠍ᠴᠡ ᠯᠠ ᠸᠠᠩ ᠴᠤᠬᠤᠷ ᠮᠡᠳᠡᠴᠢᠭᠡᠭᠡᠳ ᠭᠡᠳᠥᠢᠨᠢ ᠠᠢ᠌ᠮᠠᠭ ᠣᠷᠤᠭᠤ ᠭᠡᠭᠡᠯᠢ ᠲᠦᠯᠭᠢᠴᠢᠭᠡᠯ᠎ᠡ ᠭᠡᠰᠡᠨ᠃ ᠸᠠᠩ ᠴᠤᠬᠤᠷ ᠪᠣᠯ ᠬᠣᠢ᠌ᠳᠤ ᠭᠢᠳᠠᠤᠨ ᠳᠤᠰᠬᠤᠨ ᠤ ᠳᠤᠰᠬᠤᠨ ᠳᠠᠷᠤᠭ᠎ᠠ ᠶᠤᠮ᠃ ᠮᠠᠨ ᠤ ᠠᠢ᠌ᠯ ᠤᠨ ᠣᠯᠠᠩᠭᠢ ᠲᠡᠶ ᠨᠢ ᠨᠠᠯᠢᠶᠠᠤᠨ ᠰᠠᠢ᠌ᠨ ᠬᠠᠷᠢᠴᠠᠭ᠎ᠠ ᠲᠡᠶ᠃ ᠳᠠᠷᠠ ᠭᠡᠰᠡᠭ᠌ ᠭᠠᠵᠠᠷ ᠢ ᠡᠵᠡᠯᠡᠵᠤ ᠠᠪᠬᠤ ᠳᠤ ᠮᠠᠨ ᠤ ᠠᠢ᠌ᠯ ᠡᠴᠠ ᠪᠠᠰᠠ ᠭᠦᠮᠤᠨ ᠳᠡᠮᠵᠢᠭ᠍ᠰᠡᠨ ᠨᠢ ᠢᠯᠡᠷᠭᠡᠢ᠃ ᠳᠡᠭᠡᠭᠦ ᠮᠦᠷᠳᠡᠭᠡᠨ ᠳ᠋ᠡᠷᠢ ᠶᠢᠨ ᠡᠭᠡ ᠥᠭᠡᠷ᠎ᠡ ᠡᠴᠢᠭᠡ ᠨᠢᠭᠡᠳᠡᠢ ᠠᠬ᠎ᠠ ᠴᠢᠠᠳᠠᠮᠤᠨᠢ ᠨᠢ ᠸᠠᠩ ᠴᠤᠬᠤᠷ ᠲᠡᠶ ᠠᠬ᠎ᠠ ᠳᠡᠭᠦᠤ ᠪᠠᠷᠢᠯᠳᠤᠯ᠎ᠠ ᠭᠡᠳᠡᠭ᠌᠂ ᠦᠨᠡᠨ ᠳᠠᠢ᠌ᠮᠤ ᠪᠣᠯ ᠳ᠋ᠠᠷᠢ᠂ ᠪᠠᠯᠵᠢᠨ᠂ ᠴᠢᠠᠳᠠᠮᠤᠨᠢ ᠵᠡᠷᠭᠡ ᠦᠵᠢᠶᠠᠤᠨ ᠤᠨ ᠠᠬ᠎ᠠ ᠳᠡᠭᠦᠤ ᠵᠢᠷᠭᠤᠭᠠᠨ ᠭᠡᠷ ᠴᠢᠨᠢ ᠪᠦᠷ ᠨᠢᠭᠡ ᠣᠳᠠᠰᠤ᠃ ᠡᠨᠡ ᠣᠴᠢᠷ ᠲᠡᠶ ᠳ᠋ᠠᠷᠢ ᠭᠢᠮᠤᠰᠤᠨ ᠳᠠᠳᠤᠢ ᠴᠤ ᠭᠡᠰᠡᠨ ᠬᠤᠯᠪᠣᠭᠳᠠᠬᠤ ᠳᠤᠯᠠ ᠵᠠᠷᠭᠤ ᠶᠢᠨ ᠣᠴᠢᠷ ᠶᠢᠡᠨ ᠪᠠᠷᠤᠭ ᠯᠠ ᠦᠪᠡᠷ ᠶᠢᠡᠨ ᠦᠭᠡᠶ ᠭᠢᠭᠡᠳ ᠬᠠᠶᠠᠴᠢᠬᠠᠭᠰᠠᠨ ᠴᠤ ᠪᠠᠢ᠌ᠵᠤ ᠪᠣᠯᠬᠤ ᠶᠤᠮ᠃ ᠳ᠋ᠠᠷᠢ ᠶᠢᠨ ᠬᠤᠶᠠᠷ ᠭᠡᠦᠭᠡᠨ ᠨᠢ ᠳᠡᠭᠡᠳᠤ ᠳᠤᠮᠳᠠᠳᠤ ᠳᠤ ᠰᠤᠷᠤᠯᠴᠠᠵᠤ ᠪᠠᠢ᠌ᠬᠤ ᠮᠦᠷᠳᠡᠭᠡᠨ ᠪᠠᠭ᠎ᠠ ᠭᠡᠦᠭᠡᠨ ᠨᠢ ᠳᠡᠭᠡᠳᠤ ᠳᠤᠮᠳᠠᠳᠤ ᠪᠠᠨ ᠪᠠᠰᠠ ᠰᠢᠯᠭᠠᠵᠤ ᠣᠷᠤᠭᠰᠠᠨ ᠦᠭᠡᠶ ᠣᠴᠢᠷ ᠲᠦᠮᠡ ᠰᠢᠬᠠᠮ ᠳᠦᠭᠦᠷᠢᠭ᠌ ᠵᠠᠷᠤᠵᠤ ᠠᠢ᠌ᠮᠠᠭ ᠤᠨ ᠮᠤᠩᠭ᠋ᠤᠯ ᠰᠤᠷᠭᠠᠭᠤᠯᠢ ᠳᠤ ᠣᠷᠤᠭᠤᠯᠤᠯ᠎ᠠ ᠭᠡᠰᠡᠨ ᠢ ᠳᠠᠮᠤᠰᠦ᠋ᠷᠤᠩ ᠪᠠᠰᠠ ᠡ᠊ᠨᠳᠡ ᠳᠠᠠᠳᠠ ᠡᠴᠠ ᠳᠤᠭᠤᠯᠵᠤ ᠪᠠᠢ᠌ᠭᠰᠠᠨ᠃ ᠣᠳᠤ ᠴᠤ ᠭᠡᠰᠡᠨ ᠳᠡᠭᠦᠨ ᠳᠤ ᠵᠤᠭᠤᠰ ᠵᠤᠭᠠᠨ ᠤ ᠵᠠᠷᠤᠳᠠᠯ ᠳᠠᠰᠤᠷᠠᠵᠤ ᠪᠠᠢ᠌ᠬᠤ ᠦᠭᠡᠶ ᠳᠤᠯᠠ ᠸᠠᠩ ᠴᠤᠬᠤᠷ ᠲᠤ ᠭᠠᠵᠠᠷ ᠶᠢᠡᠨ ᠭᠡᠳᠥᠢᠨᠢ ᠬᠤᠳᠠᠯᠳᠤᠴᠢᠬᠠᠭᠰᠠᠨ ᠴᠤ ᠪᠠᠢ᠌ᠵᠤ ᠮᠠᠳᠠᠨ᠎ᠡ ᠭᠡᠵᠤ ᠳᠠᠮᠤᠰᠦ᠋ᠷᠤᠩ ᠪᠣᠳᠤᠵᠤ ᠰᠠᠭᠤᠨ᠎ᠠ᠃

ᠬᠤᠶᠠᠷ ᠡᠳᠦᠷ ᠡᠴᠠ ᠨᠢ ᠥᠨᠡᠭᠡᠷ ᠳᠠᠮᠤᠰᠦ᠋ᠷᠤᠩ ᠤᠨ ᠳᠠᠭᠠᠮᠠᠭᠯᠠᠭᠰᠠᠨ ᠶᠤᠰᠤᠭᠠᠷ ᠳ᠋ᠠᠷᠢ ᠬᠤᠷᠠᠯ ᠭᠢᠨ᠎ᠡ ᠭᠡᠵᠤ ᠵᠠᠷᠯᠠᠨ ᠠᠢ᠌ᠯ ᠤᠨ ᠣᠯᠠᠨ ᠶᠢᠠᠨ ᠴᠤᠭᠯᠠᠭᠤᠯᠪᠠ᠃ ᠬᠤᠷᠠᠯ ᠳᠡᠭᠡᠷ᠎ᠡ ᠣᠯᠠᠩᠭᠢ ᠠᠢ᠌ᠯ ᠨᠢ ᠵᠥᠪᠰᠢᠶᠡᠷᠡᠭ᠍ᠰᠡᠨ ᠪᠣᠯᠪᠠᠴᠤ ᠪᠠᠯᠠᠨ ᠮᠦᠩᠭᠦ ᠦᠭᠡᠶ ᠪᠣᠯᠬᠤ ᠪᠠᠷ ᠠᠷᠭ᠎ᠠ ᠦᠭᠡᠶ ᠭᠤᠷᠪᠠᠨ ᠮᠦᠩᠭᠦᠨ ᠤ ᠭᠦᠤ ᠲᠡᠶ ᠵᠢᠭᠡᠯᠡᠯᠭᠡ ᠳᠡᠭᠡᠷ᠎ᠡ ᠨᠢ ᠭᠠᠷ ᠤᠨ ᠦᠰᠦᠭ᠌ ᠵᠢᠷᠤᠴᠠᠭᠠᠵᠤ᠂ ᠣᠯᠠᠨ ᠶᠢᠡᠷ ᠶᠢᠡᠨ ᠣᠳᠤ ᠨᠢᠭᠡ ᠠᠮᠠᠷᠠᠬᠤ ᠨᠢ ᠡ ᠭᠡᠵᠤ ᠪᠠᠶᠠᠷᠯᠠᠯᠳᠤᠨ᠎ᠠ᠃ ᠡᠨᠡ ᠪᠠᠢ᠌ᠳᠠᠯ ᠢ ᠬᠠᠷᠠᠭᠰᠠᠨ ᠲ᠋ᠠᠮᠤᠰᠦ᠋ᠷᠤᠩ᠄ 《ᠬᠠᠰᠢᠶᠠᠯᠠᠨ ᠮᠠᠯᠵᠢᠬᠤ ᠳᠦᠷᠤ ᠶᠢᠨ ᠪᠣᠳᠤᠯᠭ᠎ᠠ ᠶᠢ ᠨᠢ ᠢᠩᠭᠢᠭᠡᠳ ᠡᠪᠯᠡᠴᠢᠭᠡᠯ᠎ᠡ᠃ ᠬᠠᠷᠢᠨ ᠡᠨᠡ ᠨᠢ ᠳᠠᠪᠠᠭᠤ ᠪᠣᠯᠤᠭᠠᠤᠨ ᠮᠠᠨ ᠤ ᠭᠢ ᠴᠢᠨᠢ ᠳᠠᠭᠢᠭᠠᠤᠨ ᠯᠠ ᠭᠠᠳᠠᠨ᠎ᠠ ᠶᠢᠨ ᠮᠠᠯ ᠢ ᠭᠡᠳᠤᠨ ᠵᠠᠭᠤ ᠪᠠᠷ ᠠᠪᠴᠢᠷᠠᠪᠠᠯ ᠪᠠᠰᠠ ᠯᠠ ᠰᠤᠢ᠌ᠳ ᠪᠣᠯᠤᠨ᠎ᠠ ᠰᠢᠤ᠂ ᠨᠢᠳᠤᠨᠤᠨ ᠶᠠᠭᠠᠭᠢᠯ᠎ᠠ᠂ ᠣᠯᠠᠭᠠᠨ ᠨᠤᠷᠮ᠎ᠠ ᠶᠢ ᠨᠢ ᠡᠷᠭᠢᠭᠦᠯᠦᠭᠡᠳ᠂ ᠪᠠᠰᠠ ᠨᠢᠭᠡ ᠣᠴᠢᠷ ᠭᠡᠪᠠᠯ ᠳ᠋ᠠᠷᠢ ᠳᠠᠷᠤᠭ᠎ᠠ ᠡ᠂ ᠳᠠᠷᠠ ᠭᠠᠵᠠᠷ ᠤᠨ ᠵᠠᠷᠭᠤᠨ ᠳᠤ ᠪᠠᠨ ᠸᠠᠩ ᠴᠤᠬᠤᠷ ᠢ ᠢᠯᠠᠵᠤ ᠭᠠᠵᠠᠷ ᠶᠢᠡᠨ ᠡᠭᠡᠭᠦᠯᠤᠨ ᠠᠪᠴᠤ ᠴᠢᠳᠠᠨ᠎ᠠ ᠦᠦ ︖》 ᠭᠡᠭᠦ ᠳᠤ 《ᠭᠠᠳᠠᠨ᠎ᠠ ᠶᠢᠨ ᠮᠠᠯ ᠠᠪᠴᠢᠷᠠᠬᠤ ᠦᠭᠡᠶ ᠪᠠᠷ ᠨᠠᠳᠠ ᠰᠢᠭ ᠭᠡᠳᠦᠭᠡᠨ ᠰᠢᠭᠢᠷ᠎ᠠ ᠲᠡᠶ ᠠᠮᠢᠳᠠᠨ ᠶᠠᠭᠠᠭᠢᠵᠤ ᠠᠮᠢᠳᠤᠷᠠᠬᠤ ᠶᠤᠮ ᠪᠣᠢ ︖ ᠭᠠᠳᠠᠨ᠎ᠠ ᠶᠢᠨ ᠮᠠᠯ ᠠᠪᠴᠢᠷᠠᠬᠤ ᠨᠢ ᠯᠠᠪᠳᠠᠢ᠂ ᠬᠠᠷᠢᠨ ᠨᠢᠳᠤᠨᠤᠨ ᠣᠯᠠᠭᠠᠨ ᠨᠤᠷᠮ᠎ᠠ ᠨᠢ ᠡᠷᠭᠢᠭ᠍ᠰᠡᠨ ᠴᠢᠨᠢ ᠭᠠᠩᠳᠠᠭᠰᠠᠨ ᠤ ᠭᠢ ᠪᠢᠵᠠ᠃ ᠪᠢ ᠨᠢᠭᠡᠨᠲᠡ ᠪᠠᠢ ᠶᠤᠸᠠᠨ ᠹᠠᠩ ᠭᠡᠷ᠎ᠡ ᠳᠤᠭᠳᠠᠭᠠᠤᠨ ᠮᠦᠩᠭᠦ ᠶᠢ ᠨᠢ ᠠᠪᠣᠭᠠᠤᠨ ᠵᠠᠷᠤᠴᠢᠬᠠᠭᠰᠠᠨ᠃ ᠳᠠᠷᠠ ᠵᠠᠷᠭᠤ ᠴᠢᠨᠢ ᠳᠠ ᠨᠡᠷ ᠤᠨ ᠭᠡᠷᠡᠭ᠌᠂ ᠬᠠᠷᠢᠨ ᠵᠠᠷᠭᠤᠨ ᠳᠤ ᠪᠠᠨ ᠢᠯᠡᠴᠢᠬᠠᠭᠠᠳ ᠭᠡᠳᠤᠨ ᠮᠦᠩᠭᠦ ᠣᠯᠪᠠᠯ ᠨᠠᠮᠢ᠋ᠢ ᠪᠢᠳᠡᠭᠡᠢ ᠮᠠᠷᠳᠠᠭᠠᠷᠠᠢ》 ᠭᠡᠵᠤ ᠳ᠋ᠠᠷᠢ ᠶᠢᠨ ᠠᠴᠢ ᠭᠦᠤ ᠳᠡᠯᠭᠡᠷ ᠳᠠᠮᠤᠰᠦ᠋ᠷᠤᠩ ᠤᠨ ᠥᠭᠡ ᠶᠢ ᠨᠢᠭᠡ ᠯᠠ ᠳᠤᠤᠷ᠎ᠠ ᠥᠭᠡᠢ᠌ᠰᠭᠡᠪᠡ᠃

《ᠴᠢ ᠭᠠᠳᠠᠨ᠎ᠠ ᠶᠢᠨ ᠮᠠᠯ ᠠᠪᠴᠢᠷᠠᠪᠠᠯ ᠪᠢ ᠪᠠᠰᠠ ᠠᠪᠴᠢᠷᠠᠨ᠎ᠠ᠂ ᠪᠢ ᠳᠠᠨ ᠡᠴᠠ ᠪᠠᠰᠠ ᠠᠷᠪᠢᠨ ᠢ ᠣᠯᠤᠨ᠎ᠠ᠂ ᠦᠶᠡᠯᠢᠳ ᠠᠬ᠎ᠠ》 ᠭᠡᠵᠤ ᠪᠠᠭ᠎ᠠ ᠬᠠᠯᠠᠭᠤᠨ ᠲᠡᠶ ᠶᠠᠪᠣᠵᠤ ᠪᠠᠢ᠌ᠭᠰᠠᠨ ᠴᠢᠮᠠᠤᠨ ᠶᠠᠷᠢᠶᠠᠨ ᠳᠤ ᠣᠷᠤᠯᠴᠠᠪᠠ᠃

《ᠳᠠᠨᠤᠰ ᠪᠢᠳᠡᠭᠡᠢ ᠴᠠᠯᠴᠢᠭᠠᠤᠨ ᠪᠠᠢ᠂ ᠳᠡᠭᠡᠷ᠎ᠡ ᠳᠤᠤᠷ᠎ᠠ ᠭᠡᠵᠤ ᠦᠭᠡᠶ ᠦᠭᠡᠶ᠂ ᠳᠠᠮᠤ ᠠᠬ᠎ᠠ ᠶᠢᠨ ᠭᠡᠯᠡᠭᠦ ᠶᠢ ᠰᠤᠨᠤᠰ ︕ ᠡᠨᠡ ᠴᠢᠨᠢ ᠬᠠᠤᠯᠢ ᠶᠤᠰᠤ ᠭᠡᠳᠡᠯ᠎ᠡ ᠬᠠᠭᠤᠴᠢᠨ ᠰᠢᠨ᠎ᠡ ᠨᠡᠢ᠌ᠭᠡᠮ ᠢ ᠣᠢ᠌ᠯᠭᠠᠳᠠᠭ ᠭᠦᠮᠤᠨ ᠰᠢᠤ ︕》 ᠭᠡᠵᠤ ᠳ᠋ᠠᠷᠢ ᠰᠠᠢ᠌ᠮᠰᠤᠷᠠᠪᠠ᠃

ᠬᠤᠷᠠᠯ ᠭᠢᠭᠡ ᠦᠭᠡᠶ ᠣᠳᠠᠭᠰᠠᠨ ᠡᠴᠠ ᠶᠤᠮ ᠦᠦ ︖ ᠳ᠋ᠠᠷᠢ ᠳᠠᠷᠤᠭ᠎ᠠ ᠳᠤ ᠪᠠᠨ ᠳᠡᠩᠳᠡᠭᠦᠤ ᠰᠠᠨᠠᠯ ᠲᠡᠶ ᠳᠤ ᠴᠤ ᠶᠤᠮ ᠦᠦ ︖ ᠡ᠊ᠨᠳᠡ ᠳᠠᠠᠳᠠ ᠡᠴᠠ ᠨᠢ ᠡᠰᠡᠷᠭᠦᠴᠡᠯ ᠳᠠᠯᠪᠢᠵᠤ ᠯᠠ ᠪᠠᠢ᠌ᠯ᠎ᠠ᠃

ᠡᠳᠡᠨ ᠤ ᠶᠠᠷᠢᠶ᠎ᠠ ᠶᠢ ᠰᠤᠨᠤᠰᠤᠭᠰᠠᠨ ᠲ᠋ᠠᠮᠤᠰᠦ᠋ᠷᠤᠩ ᠤᠨ ᠰᠡᠳᠭᠢᠯ ᠨᠢᠭᠡ ᠶᠡᠭᠡ ᠭᠤᠨᠢᠪᠠ᠃ ᠨᠤᠳᠤᠭ ᠤᠨ ᠭᠢᠨᠢ ᠭᠦᠰᠡᠯ ᠡᠷᠡᠮᠡᠯᠵᠡᠯ ᠪᠣᠯᠵᠤ ᠪᠠᠢ᠌ᠭ᠎ᠠ ᠵᠠᠯᠠᠭᠤᠴᠤᠳ ᠨᠢ ᠢᠩᠭᠢᠳᠠᠯ᠎ᠠ ᠵᠤᠭᠤᠰᠤᠨ ᠤ ᠨᠥᠭᠡ ᠪᠠᠷ ᠱᠠᠭᠠᠢ᠌ᠵᠤ ᠠᠮᠢᠨ ᠡᠴᠠ ᠪᠠᠨ ᠣᠠᠳᠤᠤ ᠶᠠᠭᠤ ᠴᠤ ᠬᠠᠮᠢᠶᠠᠷᠬᠤ ᠦᠭᠡᠶ ᠪᠣᠯᠵᠠᠢ᠂ ᠡᠨᠡ ᠶᠠᠩᠵᠤ ᠪᠠᠷ ᠪᠣᠯ ᠬᠤᠵᠢᠮ ᠶᠠᠭᠠᠭᠢᠳᠠᠭ ᠪᠣᠯ ︕ ᠭᠡᠵᠤ ᠪᠣᠳᠤᠯᠭᠠᠰᠢᠷᠠᠵᠤ ᠪᠠᠢ᠌ᠳᠠᠯ᠎ᠠ ᠸᠠᠩ ᠴᠤᠬᠤᠷ ᠮᠤᠲ᠋ᠤᠷ ᠶᠢᠡᠷ ᠶᠢᠡᠨ ᠴᠢᠠᠳᠠᠮᠤᠨᠢ ᠶᠢᠨ ᠭᠠᠳᠠᠨ᠎ᠠ ᠪᠠᠭᠤᠭᠰᠠᠨ ᠨᠢ ᠳᠠᠮᠤᠰᠦ᠋ᠷᠤᠩ ᠤᠨ ᠰᠡᠳᠭᠢᠯ ᠢ ᠨᠠᠩ ᠴᠤ ᠣᠢ᠌ᠮᠤᠷᠠᠭᠤᠯᠪᠠ᠃


ᠵᠤᠬᠢᠶᠠᠭᠴᠢ ᠶᠢᠨ ᠬᠠ‍‌ᠶᠢᠭ ᠄ ᠪᠠᠷᠠᠭᠤᠨ ᠬᠣᠢ᠌ᠳᠤ ᠶᠢᠨ ᠪᠠᠭᠰᠢ ᠶᠢᠨ ᠶᠡᠭᠡ ᠰᠤᠷᠭᠠᠭᠤᠯᠢ

ᠵᠤᠬᠢᠶᠠᠭᠴᠢ᠄ ᠮᠠᠠᠳᠠᠷᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 3925
ᠴᠠᠭ᠄ 2012 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁