ᠳᠤᠯᠤᠭᠠᠨ ᠪᠣᠷᠬᠠᠨ ᠤ ᠠᠶᠠᠯᠭᠤ

             ᠠ

ᠠᠳᠤᠭᠤ ᠵᠢᠷᠤᠬᠤ ᠳᠤ ᠳᠠᠯ᠎ᠠ ᠳᠦᠭᠦᠷᠡᠩ ᠳᠠᠪᠭᠢᠯᠳᠤᠨ᠎ᠠ

ᠠᠯᠳᠠᠨ ᠳᠤᠭᠤᠰᠤ ᠨᠢ ᠨᠠᠷᠠᠨ ᠳᠤ ᠤᠢ᠌ᠷᠠᠬᠠᠨ ᠪᠠᠭᠤᠨ᠎ᠠ

ᠠᠭᠠᠷ ᠲᠤ ᠦᠣᠷᠰᠡᠭᠦ ᠨᠢ ᠮᠢᠩᠭ᠋ᠠᠨ ᠣᠨ ᠴᠤᠤᠷᠢᠶᠠᠳᠤᠨ᠎ᠠ

ᠠᠶᠠᠯᠠᠵᠤ ᠮᠤᠷᠳᠠᠬᠤ ᠳᠤ ᠣᠢ᠌ᠯᠠᠰ ᠤᠨ ᠵᠢᠯᠤᠭᠤ ᠤᠷᠳᠦᠰᠦᠨ᠎ᠡ


            ᠡ

《ᠡᠪᠦᠭᠡᠨ ᠰᠢᠪᠠᠭᠤ》 ᠡᠭᠦᠯᠡᠨ ᠳᠡᠭᠡᠭᠦᠷ ᠨᠡᠭᠦᠨ᠎ᠡ

ᠡᠪᠴᠢᠭᠦᠤ ᠴᠡᠭᠡᠵᠢ ᠳᠠᠯ᠎ᠠ ᠰᠢᠭ ᠳᠠᠨᠢ᠌ᠨ ᠴᠡᠯᠮᠡᠭ᠍ᠰᠢᠨ᠎ᠡ

ᠡᠮᠡᠭᠡᠯ ᠳᠡᠭᠡᠷ᠎ᠡ ᠡᠴᠠ ᠨᠠᠷᠠ ᠤᠢ᠌ᠷᠠᠬᠠᠨ ᠣᠷᠭᠤᠨ᠎ᠠ

ᠡᠩᠭᠡᠰᠭᠡ ᠬᠠᠴᠠᠷ ᠲᠤ ᠵᠢᠷᠭᠠᠯ ᠤᠨ ᠮᠦᠰᠢᠶᠠᠳᠤ ᠳᠤᠶᠠᠭᠠᠷᠠᠨ᠎ᠠ


            ᠢ

ᠢᠷᠭᠤᠢ ᠴᠡᠴᠡᠭ᠌ ᠬᠠᠪᠣᠷ ᠬᠠᠪᠤᠷ ᠲ᠋ᠡᠯᠭᠡᠷᠡᠨ᠎ᠡ

ᠢᠨᠠᠭ ᠤᠨ ᠳᠠᠭᠤᠤ ᠦᠶ᠎ᠡ ᠦᠶ᠎ᠡ ᠣᠯᠠᠮᠵᠢᠯᠠᠭᠳᠠᠨ᠎ᠠ

ᠢᠠᠵᠠᠭᠠᠨ ᠰᠠᠷᠠᠯ ᠦᠣᠷᠰᠠᠨ ᠦᠣᠷᠰᠠᠨ ᠳᠡᠪᠭᠡᠴᠡᠨ᠎ᠡ

ᠢᠷᠠᠭᠤ ᠨᠠᠢ᠌ᠷᠠᠭ ᠳᠤᠷᠠᠯᠠᠵᠤ ᠳᠤᠷᠠᠯᠠᠭᠤᠯᠵᠤ ᠳᠦᠷᠤᠨ᠎ᠠ


            ᠣ

ᠣᠳᠤᠨ ᠤ ᠭᠡᠷᠡᠯ ᠪᠦᠪᠠᠢ ᠶᠢᠨ ᠳᠠᠭᠤᠨ ᠳᠤ ᠦᠷᠭᠡᠯᠡᠨ᠎ᠡ

ᠣᠯᠪᠣᠭ ᠳᠡᠭᠡᠷ᠎ᠡ ᠮᠠᠨᠢ ᠶᠢᠨ ᠡᠷᠢᠭᠡ ᠪᠦᠮᠪᠦᠷᠢᠨ᠎ᠡ

ᠣᠷᠤᠢ ᠦᠳᠡᠰᠢ ᠵᠡᠭᠦᠳᠤ ᠮᠠᠨᠠᠵᠤ ᠬᠤᠨᠤᠨ᠎ᠠ

ᠣᠩᠭ᠋ᠤᠨ ᠰᠠᠷᠠ ᠢᠴᠢᠨ ᠢᠴᠢᠨ ᠱᠠᠭᠠᠢ᠌ᠨ᠎ᠠ


            ᠣ

ᠣᠶᠠᠬᠠᠨ ᠰᠠᠯᠭᠢ ᠢᠯᠪᠢᠨ ᠳᠠᠭᠠᠯᠠᠨ ᠥᠨᠦᠰᠭᠦ ᠳ᠋ᠤ

ᠣᠷᠤᠭᠤᠯ ᠤᠨ ᠪᠣᠳᠤᠭ ᠡᠩᠭᠡᠷ ᠵᠠᠭᠠᠮ᠎ᠠ ᠪᠠᠷ ᠳᠤᠭᠯᠠᠨ᠎ᠠ

ᠣᠷᠢᠳ ᠤᠨ ᠦᠯᠢᠭᠡᠷ ᠵᠡᠭᠦᠳᠤ ᠨᠣᠢ᠌ᠷ ᠢ ᠳᠦᠷᠢᠮᠡᠭᠡᠢ᠌ᠯᠡᠭᠦ ᠳ᠋ᠤ

ᠣᠯᠢᠶᠠᠷᠬᠠᠭ ᠭᠡᠦᠭᠡᠨ ᠢᠳᠡᠭᠡᠯ ᠬᠠᠢ᠌ᠷ᠎ᠠ ᠶᠢ ᠰᠢᠵᠢᠮᠯᠠᠨ᠎ᠡ


            ᠣᠢ

ᠦᠳᠦᠳᠤ ᠰᠢᠪᠠᠭᠤ ᠳᠡᠭ᠍ᠷᠢ ᠶᠢᠨ ᠭᠡᠯᠡ ᠪᠠᠷ ᠶᠠᠷᠢᠬᠤ ᠳ᠋ᠤ

ᠦᠪᠡᠷ ᠪᠢ ᠪᠣᠷᠬᠠᠨ ᠤ ᠠᠶᠠᠯᠭᠤ ᠪᠠᠷ ᠭᠦᠭ᠍ᠵᠢᠮᠳᠡᠨ᠎ᠡ

ᠦᠪᠴᠢ ᠳᠡᠯᠡᠭᠡᠢ ᠪᠦᠪᠠᠢ ᠡᠭᠡᠰᠢᠭ᠌ ᠶᠢᠡᠷ ᠨᠢᠯᠬᠠᠷᠠᠬᠤ ᠳ᠋ᠤ

ᠦᠪᠣᠷ ᠡᠩᠭᠡᠷ ᠵᠢᠷᠭᠠᠯ ᠤᠨ ᠨᠤᠲ᠋ ᠶᠢᠡᠷ ᠣᠶᠠᠩᠭ᠋ᠠᠷᠠᠨ᠎ᠠ


            ᠣᠢ

ᠥᠡᠳᠡᠭᠡ ᠵᠢᠷᠤᠬᠤ ᠳᠤ ᠴᠤᠷᠪᠠᠭ᠎ᠠ ᠪᠣᠯᠤᠭᠠᠤᠨ ᠨᠢᠰᠪᠠ

ᠥᠨᠡᠭᠡᠨ ᠬᠠᠷᠠᠩᠭ᠋ᠤᠢ ᠳᠠᠭᠤᠨ ᠳ᠋ᠤᠨᠢ ᠰᠤᠴᠢᠭᠠᠤᠨ ᠭᠡᠢ᠌ᠪᠡ

ᠦᠳᠡᠰᠢ ᠶᠢᠨ ᠰᠠᠷᠠ ᠵᠡᠭᠦᠳᠤᠨ ᠡᠴᠠ ᠪᠠᠨ ᠢᠴᠢᠨ ᠰᠠᠷᠢᠪᠠ

ᠦᠯᠢᠭᠡᠷ ᠤᠨ ᠦᠷᠯᠦᠭᠡ ᠳᠠᠪᠠᠯ ᠶᠢᠡᠨ ᠨᠠᠪᠳᠠᠯᠤᠨ ᠰᠤᠶᠤᠭᠠᠯᠠᠪᠠ


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠠᠢ᠌ᠮᠠᠭ ᠤᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠬᠠᠷᠢᠶ᠎ᠠ᠄ ᠰᠢᠯᠦᠭ
ᠳᠠᠷᠤᠮ᠄ 1931
ᠴᠠᠭ᠄ 2013 ᠤᠨ ᠤ 12 ᠰᠠᠷ᠎ᠠ ᠶᠢᠨ 31