ᠵᠢᠷᠦᠭᠡᠨ ᠳᠤᠶᠠᠭ᠎ᠠ

  ᠵᠢᠰᠤᠮ ᠰᠢᠷᠭ᠎ᠠ ᠠᠳᠤᠭᠤᠳ ᠤᠨ ᠵᠢᠠᠨ

  ᠲ᠋ᠤᠭ᠎ᠠ ᠶᠢ ᠪᠦᠷᠢᠦᠡᠭᠡᠵᠤ ᠳᠤᠷᠮᠤᠯᠵᠠᠳᠠᠭ

  ᠵᠡᠭᠦᠳᠤᠨ ᠵᠥᠭ᠌ ᠤᠨ ᠠᠮᠠᠷᠠᠭ ᠤᠨ ᠵᠢᠠᠨ

  ᠲ᠋ᠤᠷᠠᠯᠠᠯ ᠢ ᠮᠠᠨᠠᠵᠤ ᠠᠰᠠᠳᠠᠭ

  ᠵᠢᠷᠦᠭᠡᠨ ᠳᠤᠶᠠᠭ᠎ᠠ ᠊᠊᠊᠊᠊᠊᠊᠊᠊᠊᠊᠊᠊᠊᠊

  ᠬᠣᠢ᠌ᠯᠠᠷᠠᠵᠤ ᠪᠣᠰᠤᠭᠰᠠᠨ ᠴᠠᠭᠠᠨ ᠰᠢᠭᠤᠷᠭ᠎ᠠ

  ᠬᠣᠢ᠌ᠰᠤᠩᠨᠠᠵᠤ ᠪᠠᠷᠣᠢ᠌ᠭᠰᠠᠨ ᠪᠣᠷᠵᠠᠩ ᠳᠡᠭ᠍ᠷᠢ

  ᠲ᠋ᠠᠷᠠ ᠪᠦᠭᠦᠨ ᠤ ᠡᠯᠢᠭᠡᠨ ᠳ᠋ᠤ

  ᠭᠡᠷᠡᠯ᠂ ᠢᠯᠴᠢ ᠬᠠᠷᠢᠬᠤ ᠥᠭᠡᠢ

  ᠭᠡᠷ ᠤᠨ ᠶᠢᠡᠨ ᠬᠣᠢ᠌ᠮᠤᠷ ᠳᠤᠯᠠᠭᠠᠯᠠᠵᠤ ᠳᠤᠸᠠᠯᠠᠨ᠎ᠠ᠃

  ᠠᠰ ᠳᠤᠰᠤᠭᠰᠠᠨ ᠭᠠᠯ ᠨᠠᠷᠠ

  ᠠᠩᠰᠠᠭᠨᠠᠵᠤ ᠢᠨᠢᠶᠡᠭ᠍ᠰᠡᠨ ᠬᠠᠭᠤᠷᠮᠠᠭ ᠰᠠᠢ᠌ᠮᠰᠠᠷᠠᠯ

  ᠡᠨᠡ ᠪᠦᠭᠦᠨ ᠤ ᠬᠠᠷᠢᠭᠤ ᠳ᠋ᠤ

  ᠲ᠋ᠤᠸᠠᠯᠠᠵᠤ ᠠᠰᠠᠬᠤ ᠪᠠᠨ ᠮᠠᠷᠳᠠᠬᠤ ᠥᠭᠡᠢ

  ᠲ᠋ᠤᠯᠭ᠎ᠠ ᠶᠢᠨ ᠶᠢᠡᠨ ᠴᠤᠭ ᠲᠡᠶ ᠮᠥᠩᠭᠡ ᠳᠤᠯᠠᠢ᠌ᠨ᠎ᠠ᠃

  ᠭᠦᠯᠦᠭ᠌ ᠤᠨ ᠳᠠᠯ ᠳᠡᠭᠡᠷ᠎ᠡ

  ᠵᠠᠭᠤᠠᠵᠢᠨ ᠨᠤᠴᠤᠵᠤ

  ᠭᠦᠮᠤᠨ ᠤ ᠮᠦᠰᠤ ᠳᠡᠭᠡᠷ᠎ᠡ

  ᠵᠤᠠᠰᠢᠨ ᠳᠡᠯᠭᠡᠷᠡᠭ᠍ᠰᠡᠨ

  ᠵᠢᠷᠦᠭᠡᠨ ᠳᠤᠶᠠᠭ᠎ᠠ ᠊᠊᠊᠊᠊᠊᠊᠊᠊᠊᠊᠊᠊᠊᠊

  ᠵᠢᠪᠬᠤᠭ᠎ᠠ᠂ ᠵᠤᠷᠢᠭ ᠤᠨ ᠳᠠᠯᠪᠠᠭ᠎ᠠ ᠪᠣᠶᠤ᠃


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ᠂ ᠪᠠᠭᠠᠷᠢᠨ

ᠵᠤᠬᠢᠶᠠᠭᠴᠢ᠄ ᠨᠣ᠊·ᠴᠢᠯᠠᠭᠤᠠᠪᠠᠭᠠᠨ᠎ᠠ
ᠬᠠᠷᠢᠶ᠎ᠠ᠄ ᠰᠢᠯᠦᠭ
ᠳᠠᠷᠤᠮ᠄ 1811
ᠴᠠᠭ᠄ 2011 ᠤᠨ ᠤ 01 ᠰᠠᠷ᠎ᠠ ᠶᠢᠨ 18