ᠵᠡᠭᠦᠳᠤᠨ ᠬᠤᠨ

ᠵᠡᠭᠡᠰᠦᠳᠤ ᠨᠠᠭᠤᠷ ᠤᠨ ᠬᠤᠨ ᠨᠢ

ᠵᠡᠷᠭᠡᠯᠭᠡᠨ ᠦᠷᠢᠰᠴᠤ ᠵᠢᠷᠭᠠᠨ᠎ᠠ

ᠵᠥᠭᠡᠯᠡᠨ ᠪᠣᠯᠪᠠᠷᠠᠢ ᠴᠢᠮ᠎ᠠ ᠳᠤ ᠪᠠᠨ

ᠵᠡᠭᠦᠳᠤᠨ ᠬᠤᠨᠤᠭ ᠶᠢᠡᠷ ᠠᠢ᠌ᠯᠴᠢᠯᠠᠨ᠎ᠠ

ᠵᠦᠩ ᠳᠤ ᠪᠠᠨ ᠶᠠᠷᠤ ᠰᠤᠪᠢᠩ ᠥᠭᠡᠢ

ᠵᠢᠷᠦᠭᠡ ᠰᠡᠳᠭᠢᠯ ᠡᠮᠵᠡᠭᠯᠡᠨ᠎ᠡ

ᠵᠦᠢ ᠲᠡᠶ ᠨᠢᠭᠡᠨ ᠳᠤᠭᠠᠯᠠᠩ ᠪᠠᠢ᠌ᠪᠠᠯ

ᠵᠥᠭᠡᠷᠭᠡᠨ ᠣᠴᠠᠷᠠᠯ ᠪᠠᠢ᠌ᠳᠠᠭ ᠪᠢᠯᠢᠤ ︖


ᠬᠤᠯᠤᠰᠤᠳᠤ ᠨᠠᠭᠤᠷ ᠤᠨ ᠬᠤᠨ ᠨᠢ

ᠬᠤᠯᠠ ᠶᠢᠨ ᠳᠡᠷᠭᠡᠯ ᠶᠢᠡᠨ ᠭᠦᠰᠡᠨ᠎ᠡ

ᠬᠤᠩᠭ᠋ᠤᠷ ᠭᠦᠭᠡᠷᠦᠭᠦᠨ ᠴᠢᠮ᠎ᠠ ᠳᠤ ᠪᠠᠨ

ᠬᠤᠨᠤᠭ ᠤᠨ ᠵᠡᠭᠦᠳᠤ ᠪᠠᠷ ᠭᠡᠰᠤᠨ᠎ᠡ

ᠬᠤᠪᠢ ᠳᠤ ᠪᠠᠨ ᠶᠠᠷᠤ ᠨᠢ ᠳᠠᠪᠢᠯᠠᠩ ᠥᠭᠡᠢ

ᠬᠤᠪᠳᠤᠯ ᠵᠢᠷᠦᠭᠡ ᠰᠢᠮᠰᠢᠷᠠᠨ᠎ᠡ

ᠬᠤᠪᠣᠷᠬᠠᠨ ᠨᠢᠭᠡᠨ ᠲᠤᠬᠢᠶᠠᠯ ᠪᠠᠢ᠌ᠪᠠᠯ

ᠬᠤᠵᠢᠮ ᠤᠨ ᠵᠤᠯᠭᠠᠯᠳᠠ ᠪᠠᠢ᠌ᠳᠠᠭ ᠪᠢᠯᠢᠤ ︖


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠬᠠᠷᠢᠶ᠎ᠠ᠄ ᠰᠢᠯᠦᠭ
ᠳᠠᠷᠤᠮ᠄ 1895
ᠴᠠᠭ᠄ 2012 ᠤᠨ ᠤ 06 ᠰᠠᠷ᠎ᠠ ᠶᠢᠨ 04