ᠡᠵᠡᠨ ᠴᠢᠩᠭᠢᠰ ᠬᠠᠭᠠᠨ ᠳᠤᠷ ᠠᠢ᠌ᠯᠠᠳᠬᠠᠰᠤᠭᠠᠢ


ᠶ‍ᠢᠰᠦᠭᠡᠢ ᠪᠠᠭᠠᠳᠤᠷ ᠡᠴᠢᠭᠡ ᠳᠠᠢ
ᠶ‍ᠢᠰᠤᠨ ᠥᠷᠯᠦᠭ᠌ ᠲᠦᠰᠢᠮᠠᠯ ᠳᠠᠢ
ᠶᠠᠷᠤ ᠪᠦᠭᠦᠳᠡ ᠵᠢ ᠡᠷᠭᠡᠨ ᠳᠡᠭᠡᠨ ᠤᠷᠦᠭᠤᠯᠦᠡᠡᠰᠡᠨ
ᠶ‍ᠢᠷᠳᠢᠡᠴᠤ ᠵᠢᠨ ᠡᠵᠡᠨ ᠴᠢᠩᠭᠢᠰ ᠬᠠᠭᠠᠨ ᠮᠢᠨᠤ ︕
ᠥᠭᠡᠯᠤᠨ ᠬᠠᠳᠤᠨ ᠡᠭᠡ ᠳᠡᠢ
ᠥᠷᠯᠦᠭ᠌ ᠶ‍ᠢᠰᠤᠨ ᠲᠦᠰᠢᠮᠠᠯ ᠳᠡᠢ
ᠥᠭᠡᠳᠡᠢ ᠂ ᠳᠤᠯᠤᠢ ᠭᠦᠪᠠᠭᠦᠨ ᠳᠡᠢ
ᠥᠷᠦᠰᠢᠶᠡᠯ ᠬᠠᠢ᠌ᠷ᠎ᠠ ᠶᠡᠭᠡ ᠳᠡᠢ
ᠥᠩᠭᠡ ᠪᠦᠷᠢ ᠵᠢᠨ ᠤᠯᠦᠰ ᠢ᠋
ᠡᠮᠦᠨ᠎ᠡ ᠪᠠᠨ ᠰᠥᠭᠦᠳᠦᠭᠦᠯᠦᠭ᠍ᠰᠡᠨ
ᠥᠰᠢᠶᠡᠳᠡᠨ ᠳᠠᠢ᠌ᠰᠤᠨ ᠪᠦᠭᠦᠳᠡ ᠵᠢ
ᠥᠯᠮᠡᠢ ᠳᠤᠤᠷ᠎ᠠ ᠪᠠᠨ ᠭᠢᠰᠭᠢᠭ᠍ᠰᠡᠨ
ᠥᠡᠳᠦᠷ ᠳᠡᠭᠡᠳᠤ ᠡᠵᠡᠨ ᠬᠠᠭᠠᠨ ᠮᠢᠨᠤ ︕
ᠬᠠᠭᠠᠨ ᠡᠵᠡᠨ ᠴᠢᠮᠢ᠋ᠢ᠌ ᠪᠠᠢ᠌ᠠᠠᠤ ᠳ᠋ᠤ
ᠬᠠᠷᠢ ᠵᠢᠨ ᠳᠠᠢ᠌ᠰᠤᠨ ᠡᠴᠠ
ᠬᠠᠯᠠᠰᠢᠷᠠᠠᠠᠤ ᠶᠠᠪᠣᠳᠠᠯ ᠥᠭᠡᠢ ᠃
ᠡᠵᠡᠨ ᠪᠠᠭᠠᠳᠤᠷ ᠴᠢᠮᠢ᠋ᠢ᠌ ᠪᠠᠢ᠌ᠠᠠᠤ ᠳ᠋ᠤ
ᠡᠵᠡᠷᠭᠡᠭ᠌ ᠳᠠᠢ᠌ᠰᠤᠨ ᠡᠴᠡ
ᠡᠮᠢᠶᠡᠭᠦ ᠶᠠᠪᠣᠳᠠᠯ ᠥᠭᠡᠢ ᠃
ᠬᠠᠮᠤᠭ ᠪᠦᠭᠦᠳᠡ ᠬᠠᠮᠳᠤᠷᠠᠵᠤ
ᠬᠠᠮᠢᠶᠠᠳᠤᠨ ᠰᠠᠳᠤᠨ ᠮᠠᠳᠤ ᠡᠪᠯᠡᠯᠳᠦᠵᠤ
ᠬᠠᠷᠢ ᠵᠢᠨ ᠳᠠᠢ᠌ᠰᠤᠨ  ᠢ ᠬᠠᠮᠬ᠎ᠠ ᠴᠤᠭᠢᠶ᠎ᠠ ᠃
ᠬᠠᠯᠠᠭᠤᠨ ᠵᠠᠭᠤᠷ᠎ᠠ ᠪᠠᠨ ᠴᠡᠩᠭᠡᠯᠳᠤᠨ ᠰᠠᠭᠤᠶ᠎ᠠ ᠃
ᠬᠤᠨ ᠭᠠᠯᠠᠭᠤ ᠮᠠᠳᠤ
ᠬᠤᠷᠠᠯᠳᠤᠨ ᠴᠡᠩᠭᠡᠶ᠎ᠡ ᠃
ᠬᠤᠳᠠᠯᠴᠢ ᠭᠦᠮᠤᠨ ᠤ ᠥᠭᠡᠨ ᠳ᠋ᠤ
ᠪᠣᠤ ᠤᠷᠦᠶ᠎ᠡ ᠃
ᠬᠠᠷᠴᠠᠭᠠᠢ ᠱᠤᠩᠠᠠᠤᠷ ᠮᠠᠳᠤ
ᠬᠠᠷᠠᠢ᠌ᠯᠠᠨ ᠳᠡᠭᠦᠯᠢᠨ ᠶᠠᠪᠣᠶ᠎ᠠ ᠃
ᠬᠠᠤᠠᠠᠠᠤᠯᠳᠤᠠᠠᠤ ᠳᠠᠢ᠌ᠨ ᠳ᠋ᠤ
ᠬᠠᠯᠠᠭᠤᠨ ᠡᠡᠮᠢ ᠪᠠᠨ
ᠪᠣᠤ ᠬᠠᠢ᠌ᠷᠠᠯᠠᠶ᠎ᠠ ᠃
ᠡᠡᠩᠭᠢᠷ ᠰᠢᠪᠠᠭᠤ ᠮᠡᠳᠤ
ᠡᠡᠮᠡᠷᠠᠭ ᠥᠷ᠎ᠡ ᠪᠠᠨ ᠪᠣᠤ ᠭᠦᠨᠦᠭᠡᠶ᠎ᠡ ᠃
ᠡᠡᠯᠡᠯᠴᠡᠡᠡᠤ ᠳᠠᠢ᠌ᠰᠤᠨ ᠳ᠋ᠤ
ᠡᠡᠮᠢ ᠪᠠᠨ ᠪᠣᠤ ᠬᠠᠢ᠌ᠷᠠᠯᠠᠶ᠎ᠠ ᠃
ᠡᠯᠢᠭᠡᠨ ᠰᠠᠳᠤᠨ ᠳᠤᠳᠤᠷ᠎ᠠ ᠪᠠᠨ
ᠡᠪ ᠨᠠᠢ᠌ᠷᠠᠮᠳᠠᠯ  ᠢ ᠪᠣᠤ ᠡᠡᠯᠳᠡᠶ᠎ᠡ ᠃
ᠡᠵᠡᠷᠭᠡᠭᠦ ᠳᠠᠢ᠌ᠰᠤᠨ ᠲᠡᠶ ᠳᠤᠯᠠᠠᠤ ᠳ᠋ᠤ
ᠡᠨᠠ ᠪᠠᠶ᠎ᠠ ᠪᠠᠨ ᠪᠣᠤ ᠬᠠᠢ᠌ᠷᠠᠯᠠᠶ᠎ᠠ ᠃

ᠵᠤᠬᠢᠶᠠᠭᠴᠢ᠄ ᠳᠤᠮᠤᠭ ᠡᠴᠡ ᠰᠤᠩᠭ᠋ᠤᠪᠠ
ᠬᠠᠷᠢᠶ᠎ᠠ᠄ ᠰᠢᠯᠦᠭ
ᠳᠠᠷᠤᠮ᠄ 4924
ᠴᠠᠭ᠄ 2004 ᠤᠨ ᠤ 10 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁