ᠠᠷᠢᠭᠢ

ᠠᠪᠣ ᠮᠢᠨᠢ ᠣᠤᠭᠤᠭᠰᠠᠭᠠᠷ ᠯᠠ ᠪᠠᠢ᠌ᠵᠤ ᠪᠦᠷ ᠳᠠᠭᠤᠯᠠᠴᠢᠬᠠᠳᠠᠭ

ᠠᠮᠢᠳᠤᠷᠠᠯ ᠤᠨ ᠪᠣᠷᠤ ᠦᠨᠦᠷ

ᠠᠮᠳᠠᠳᠤ ᠰᠠᠷᠬᠤᠤᠨ

ᠭᠡᠯᠡᠭᠦ ᠳᠤ ᠭᠡᠨ ᠨᠢ ᠴᠤ ᠪᠦᠷ ᠮᠡᠳᠡᠳᠡᠭ᠌

ᠭᠡᠷᠡᠭᠯᠡᠭᠦ ᠳᠤ ᠭᠡᠨ ᠴᠤ ᠴᠦᠮ ᠰᠤᠭᠳᠤᠳᠠᠭ

ᠭᠢᠯᠢᠰᠳᠡᠭ᠍ᠰᠡᠨ ᠢᠳᠡᠭᠡᠨ

ᠠᠷᠢᠭᠢ

ᠶᠠᠭᠠᠭᠢᠵᠤ ᠪᠠᠢ᠌ᠨ᠎ᠠ︖ ᠭᠡᠭᠦ ᠳ᠋ᠤᠨᠢ

ᠶᠠᠭ ᠦᠭᠡᠶ ᠠᠪᠳᠠᠴᠢᠬᠠᠭᠰᠠᠨ︕ ᠭᠡᠭᠦ

ᠡᠨᠡ ᠳᠦᠷᠤᠯ ᠳᠡᠭᠡᠨ ᠳᠠᠭᠢᠵᠤ ᠣᠤᠭᠤᠬᠤ ᠦᠭᠡᠶ ᠭᠡᠳᠡᠭ᠌

ᠡᠨᠡ ᠶᠠᠭᠤᠮ᠎ᠠ ᠡᠴᠠ ᠵᠠᠢ᠌ᠳᠠᠪᠠᠯ ᠡᠷ᠎ᠡ ᠪᠢᠰᠢ ᠴᠤ ᠭᠡᠳᠡᠭ᠌

ᠥᠭᠦᠴᠢᠭᠡᠭ᠍ᠰᠡᠨ ᠴᠤ ᠶᠠᠭᠠᠭᠢᠮᠤᠢ ᠶᠠᠪᠣᠭᠤᠯᠴᠢᠬ᠎ᠠ︕ ᠭᠡᠨ᠎ᠡ

ᠦᠭᠡᠶ᠂ ᠳᠠ ᠭᠠᠵᠠᠷ ᠳᠡᠭᠡᠷ᠎ᠡ ᠭᠠᠭᠴᠠ ᠠᠬ᠎ᠠ ᠳᠡᠭᠦᠤ ᠰᠢᠤ ᠭᠡᠨ᠎ᠡ

ᠠᠯᠢ ᠨᠠᠳᠠ ᠳᠦᠭᠦᠷᠭᠡ ᠭᠡᠨ᠎ᠡ

ᠠᠢ︕ ᠳᠠᠭᠠᠷᠠᠵᠤ ᠪᠠᠢ᠌ᠨ᠎ᠠ᠂ ᠡᠷ᠎ᠡ ᠪᠠᠢ᠌ᠨ᠎ᠠ ︕ ᠭᠡᠳᠡᠭ᠌

ᠠᠢ᠂ ᠠᠷᠢᠭᠢ ᠮᠢᠨᠢ︕ ᠭᠦᠮᠤᠨ ᠮᠢᠨᠢ︕

ᠠᠳᠠᠯᠢᠬᠠᠨ ᠪᠢ ᠴᠤ ᠳᠠᠢ᠌ᠮᠤ

ᠰᠠᠨᠠᠭ᠎ᠠ ᠪᠠᠷ ᠣᠤᠭᠤᠳᠠᠭ ᠰᠠᠷᠬᠤᠤᠨ

ᠰᠡᠳᠭᠢᠯ ᠶᠢᠡᠷ ᠶᠢᠡᠨ ᠰᠤᠭᠳᠤᠳᠠᠭ ᠨᠡᠢ᠌ᠭᠡᠮ

ᠠᠯᠳᠠᠭ᠎ᠠ ᠡ᠊ᠨᠳᠡᠭᠦᠤ ᠠᠯᠳᠠᠷ ᠭᠤᠳᠤᠮᠰᠢᠭ ᠶᠢᠡᠨ ᠠᠷᠢᠭᠢᠨ ᠳᠤ ᠨᠠᠢ᠌ᠳᠠᠳᠠᠭ

ᠠᠷᠭ᠎ᠠ ᠶᠠᠳᠠᠭᠰᠠᠨ ᠨᠢ ᠠᠮᠢ ᠨᠠᠰᠤ ᠪᠠᠨ ᠴᠤ ᠨᠠᠢ᠌ᠳᠠᠳᠠᠭ

ᠠᠯᠢᠪᠠ ᠮᠠᠭᠤ ᠨᠠᠷ᠎ᠠ ᠶᠢ ᠠᠷᠢᠭᠢᠨ ᠳᠤ ᠵᠡᠭᠦᠯᠭᠡᠵᠤ

ᠠᠯᠢ ᠨᠢᠭᠡᠨ ᠳᠡᠨᠡᠭ᠌ ᠨᠢ ᠪᠠᠰᠠ ᠦᠨᠳᠦᠰᠦᠳᠠᠨ ᠶᠠᠰᠤᠳᠠᠨ ᠲᠡᠶ ᠬᠤᠯᠪᠣᠯᠳᠤᠭᠤᠯᠳᠠᠭ

ᠶᠠᠭᠤᠨ ᠳᠤ ᠠᠷᠢᠭᠢ ᠣᠤᠭᠤᠳᠠᠭ ᠶᠢᠡᠨ ᠶᠠᠷᠤ ᠮᠡᠳᠡᠭᠦ ᠦᠭᠡᠶ ᠪᠠᠢ᠌ᠪᠠᠯ

ᠶᠠᠭ ᠮᠦᠩᠭᠦ ᠦᠭᠡᠶ ᠠᠮᠢᠳᠤᠷᠠᠵᠤ ᠦᠵᠡ

ᠡᠪᠦᠭᠡ ᠶᠢᠨ ᠦᠶ᠎ᠡ ᠶᠢᠨ ᠥᠭᠡᠷ ᠤᠨ ᠨᠢᠳᠤᠨ ᠬᠤᠠᠳᠠᠭ᠎ᠠ

ᠡᠨᠡ ᠦᠶ᠎ᠡ ᠶᠢᠨ ᠶᠠᠷᠠᠨ ᠊ᠭ᠍ᠷᠡᠮ ᠤᠨ ᠴᠤᠮᠤ

ᠳᠡᠭᠡᠳᠤ ᠶᠢᠨ ᠦᠶ᠎ᠡ ᠶᠢᠨ ᠳᠠᠪᠠᠯ ᠣᠷᠠᠩᠬᠠᠢ ᠴᠠᠭ

ᠳᠡᠭᠡᠷ᠎ᠡ ᠵᠠᠭᠤᠨ ᠡᠴᠠ ᠡᠭᠢᠯᠡᠭ᠍ᠰᠡᠨ ᠥᠯᠦᠰᠭᠦ ᠶᠢ ᠮᠡᠳᠡᠭᠦ ᠦᠭᠡᠶ ᠨᠡᠢ᠌ᠭᠡᠮ

ᠠᠷᠢᠭᠢ ᠶᠢ ᠭᠡᠷᠡᠭᠯᠡᠴᠢᠭᠡᠭᠡᠳ ᠠᠷᠢᠭᠢᠨ ᠳᠤ ᠭᠡᠷᠡᠭᠯᠡᠭ᠍ᠳᠡᠭ᠍ᠰᠡᠨ ᠳᠤ ᠭᠡᠯᠡᠳᠡᠭ᠌

ᠠᠯᠢᠭ ᠪᠦᠳᠦᠭᠦᠯᠢᠭ᠌ ᠭᠦᠮᠦᠰ ᠮᠢᠨᠢ

ᠠᠷᠢᠭᠢᠨ ᠳᠤ ᠣᠨᠠᠭᠰᠠᠨ ᠡᠴᠠ ᠠᠮᠢᠳᠤᠷᠠᠯ ᠮᠠᠭᠤᠳᠠᠭᠰᠠᠨ ᠪᠢᠰᠢ

ᠠᠮᠢᠳᠤᠷᠠᠯ ᠤᠨ ᠡᠷᠴᠢᠮ ᠰᠤᠯᠠᠷᠠᠵᠤ ᠠᠷᠢᠭᠢᠨ ᠣᠷᠤᠭᠰᠠᠨ ᠴᠢᠨᠢ ᠦᠨᠡᠨ

             ᠊᠊᠊᠊᠊᠊᠊᠊᠊᠊᠊᠊᠊᠊᠊ 2010 ᠣᠨ ᠤ 1 ᠰᠠᠷ᠎ᠠ ᠳᠤ᠂ ᠬᠠᠢ᠌ᠯᠠᠷ ᠳᠤ


ᠵᠤᠬᠢᠶᠠᠭᠴᠢ ᠶᠢᠨ ᠬᠠ‍‌ᠶ‍ᠢᠭ ᠄ ᠭᠦᠯᠤᠨ ᠪᠣᠢ᠌ᠷ ᠳᠡᠭᠡᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ·ᠳᠤᠤᠯᠢ
ᠬᠠᠷᠢᠶ᠎ᠠ᠄ ᠰᠢᠯᠦᠭ
ᠳᠠᠷᠤᠮ᠄ 1854
ᠴᠠᠭ᠄ 2010 ᠤᠨ ᠤ 10 ᠰᠠᠷ᠎ᠠ ᠶᠢᠨ 06