ᠴᠡᠪᠡᠷ ᠰᠢᠷᠭᠠᠭᠠᠮᠠᠯ ᠬᠡᠯᠡ ᠬᠡᠯᠡᠯᠭᠡ᠂ ᠴᠡᠯᠮᠡᠭ ᠰᠠᠷᠠᠭᠤᠯ ᠤᠶᠤᠨᠴᠢ ᠪᠢᠰᠢᠯᠭᠠᠯ
᠊᠊᠊᠊᠊᠊᠊᠊᠊᠊᠊᠊᠊᠊᠊ ᠣᠶᠤᠨ ᠤ ᠪᠣᠭᠢᠷᠳᠤᠯ ᠢ ᠠᠷᠢᠭᠤᠤᠠᠬᠠᠬᠤ ᠠᠶᠤᠷᠵᠠᠨ᠎ᠠ ᠶᠢᠨ 《ᠠᠮᠢᠨ ᠣᠰᠤᠨ》

ᠠᠯᠠᠱᠠ ᠨᠤᠳᠤᠭ ᠲᠡᠶ ᠳᠤᠭᠤᠵᠢᠰ ᠤᠨ ᠵᠤᠬᠢᠶᠠᠯᠴᠢ ᠠᠶᠤᠷᠵᠠᠨ᠎ᠠ ᠭᠤᠸᠠᠢ ᠶᠢᠨ 《ᠦᠨᠢᠷ ᠴᠡᠴᠡᠭ᠌》 ᠰᠡᠳᠭᠦᠯ ᠤᠨ 2010 ᠣᠨ ᠤ 11 ᠊᠊᠊᠊᠊᠊᠊᠊᠊᠊᠊᠊᠊᠊᠊ 12 ᠳ᠋ᠤᠭᠠᠷ ᠬᠤᠭᠤᠴᠠᠭᠠᠨ ᠳᠡᠭᠡᠷ᠎ᠡ ᠨᠡᠢ᠌ᠳᠡᠯᠡᠭᠦᠯᠦᠭ᠍ᠰᠡᠨ 《ᠠᠮᠢᠨ ᠣᠰᠤᠨ》 ᠭᠡᠮᠡᠭᠦ ᠳᠤᠭᠤᠵᠢ ᠶᠢᠨ ᠳᠤᠬᠠᠢ ᠡᠳᠦᠢ ᠳᠠᠳᠤᠢ ᠰᠢᠭᠦᠮᠵᠢ ᠨᠡᠢ᠌ᠳᠡᠯᠡᠭ᠍ᠳᠡᠯ᠎ᠡ᠃ ᠡᠭᠦᠨ ᠡᠴᠡ ᠥᠵᠡᠭᠦ ᠳᠤ ᠳᠤᠰ ᠳᠤᠭᠤᠵᠢ ᠵᠥᠭᠡᠷ ᠠᠮᠵᠢᠯᠳᠠ ᠲᠡᠶ ᠪᠢᠴᠢᠭ᠍ᠳᠡᠵᠤ᠂ ᠣᠩᠰᠢᠭᠴᠢ ᠲᠦᠮᠡᠨ ᠤ ᠪᠠᠨ ᠰᠠᠤᠠᠭᠢᠯ ᠤᠨ ᠶᠤᠩᠬᠤᠷ ᠢ ᠨᠢᠭᠡ ᠭᠡᠮᠵᠢᠶ᠎ᠡ ᠪᠠᠷ ᠨᠢᠰᠠᠯᠵᠤ ᠴᠢᠳᠠᠯ᠎ᠠ ᠭᠡᠳᠡᠭ᠌ ᠢ ᠬᠠᠷᠠᠭᠤᠯᠵᠤ ᠪᠠᠢ᠌ᠨ᠎ᠠ᠃ ᠶᠠᠷᠤ ᠨᠢ ᠠᠶᠤᠷ ᠭᠤᠸᠠᠢ ᠶᠢᠨ ᠳᠤᠭᠤᠵᠢᠰ ᠤᠨ ᠵᠤᠬᠢᠶᠠᠯ ᠭᠦᠮᠤᠨ ᠪᠠᠢ᠌ᠭᠠᠯᠢ ᠶᠢᠨ ᠠᠮᠢᠨ ᠰᠢᠳᠦᠯᠴᠡᠭᠡ᠂ ᠬᠤᠳᠠ ᠭᠦᠳᠡᠭᠡ ᠶᠢᠨ ᠪᠣᠭᠢᠷᠳᠤᠯ᠂ ᠬᠤᠶᠠᠷ ᠰᠤᠶᠤᠯ ᠤᠨ ᠵᠦᠷᠢᠴᠠᠯ ᠢ ᠣᠯᠠᠨ ᠬᠠᠷᠠᠭᠠᠰᠤ ᠡᠴᠡ ᠳᠡᠯᠭᠡᠵᠤ᠂ ᠥᠵᠡᠭᠦᠯᠵᠤ᠂ ᠰᠡᠳᠭᠢᠭᠦᠯᠵᠤ ᠪᠠᠢ᠌ᠳᠠᠭ ᠶᠢᠡᠷ ᠶᠢᠡᠨ ᠣᠩᠰᠢᠪᠣᠷᠢᠳᠠᠢ ᠰᠠᠨᠠᠭᠳᠠᠳᠠᠭ᠃ ᠳᠤᠰ ᠳᠤᠭᠤᠵᠢ ᠶᠢ ᠰᠤᠨᠢᠷᠬᠠᠭᠰᠠᠨ ᠤ ᠳᠠᠷᠠᠭ᠎ᠠ ᠨᠢᠭᠡ ᠶᠠᠭᠤᠮ᠎ᠠ ᠪᠢᠴᠢᠭᠦ ᠰᠠᠨᠠᠭ᠎ᠠ ᠨᠠᠳᠠ ᠡᠷᠳᠡ ᠣᠷᠤᠭᠰᠠᠨ ᠪᠣᠯᠪᠠᠴᠤ ᠡᠨᠡ ᠳᠠᠷᠠ ᠰᠢᠯᠳᠠᠭᠠᠨ ᠡᠴᠡ ᠪᠣᠯᠤᠨ ᠬᠣᠢ᠌ᠰᠢᠯᠠᠭᠰᠠᠭᠠᠷ ᠦᠨᠦᠳᠤᠷ ᠲᠤ ᠳᠤᠯᠵᠠᠢ᠃ ᠪᠠᠭᠰᠢ ᠭᠦᠮᠤᠨ ᠳᠤ ᠬᠤᠪᠣᠷᠬᠠᠨ ᠲᠤᠬᠢᠶᠠᠳᠠᠭ ᠴᠢᠯᠦᠭᠡᠨ ᠤ ᠠᠯᠳᠠᠨ ᠴᠠᠭ ᠶᠢᠡᠨ ᠰᠢᠬᠠᠨ ᠪᠠᠢ᠌ᠵᠤ᠂ ᠡᠨᠡ ᠣᠬᠤᠷ ᠰᠢᠭᠦᠮᠵᠢ ᠶᠢ ᠪᠢᠴᠢᠭᠦᠯᠦᠯ᠎ᠡ᠃

ᠠᠶᠤᠷᠵᠠᠨ᠎ᠠ ᠭᠤᠸᠠᠢ ᠶᠢᠨ ᠠᠯᠢ ᠴᠤ ᠳᠤᠭᠤᠵᠢᠰ ᠤᠨ ᠵᠤᠬᠢᠶᠠᠯ ᠤᠨ ᠭᠡᠯᠡ ᠭᠡᠯᠡᠯᠭᠡ ᠨᠢ ᠪᠦᠭᠦᠢᠯᠡ ᠵᠤᠬᠢᠶᠠᠯ ᠤᠨ ᠠᠭᠠᠭ ᠠᠮᠳᠠ ᠢ ᠵᠤᠭᠢᠴᠠᠭᠤᠯᠵᠤ᠂ ᠣᠩᠰᠢᠭᠴᠢᠳ ᠶᠢᠡᠨ ᠨᠥᠯᠦᠭᠡᠯᠡᠳᠡᠭ᠌᠃ ᠳᠤᠰ ᠳᠤᠭᠤᠵᠢ ᠶᠢᠨ ᠭᠡᠯᠡ ᠭᠡᠯᠡᠯᠭᠡ ᠶᠢ ᠴᠠᠪᠠᠷ ᠰᠢᠷᠭᠠᠭᠠᠮᠠᠯ᠂ ᠪᠣᠷᠤᠭᠵᠢᠭᠤᠨ ᠳᠦᠷᠰᠦᠯᠢᠭ᠌᠂ ᠠᠮᠢᠳᠤᠯᠢᠭ ᠣᠢ᠌ᠯᠠᠭᠠᠮᠵᠢᠳᠠᠢ ᠭᠡᠮᠡᠨ ᠬᠤᠷᠢᠶᠠᠩᠭ᠋ᠣᠢ᠌ᠯᠠᠵᠤ ᠪᠣᠯᠤᠨ᠎ᠡ᠃ ᠠᠶᠤᠷ ᠭᠤᠸᠠᠢ ᠶᠢᠨ ᠵᠤᠬᠢᠶᠠᠯ ᠪᠦᠳᠦᠭᠡᠯ ᠢ ᠠᠮᠳᠠᠷᠬᠠᠵᠤ ᠰᠠᠭᠤᠬᠤ ᠳᠤ ᠠᠭᠠᠭ ᠲᠡᠶ ᠰᠢᠷᠠᠭᠠᠯ ᠴᠠᠢ ᠡᠴᠡ ᠪᠠᠨ ᠠᠮᠳᠠᠯᠠᠨ ᠠᠮᠳᠠᠯᠠᠨ ᠣᠭᠤᠴᠢᠬᠤ ᠰᠢᠭ ᠳᠠᠭᠠᠳᠠᠢ ᠰᠠᠨᠠᠭᠳᠠᠳᠠᠭ ᠨᠢ ᠣᠴᠢᠷᠳᠠᠢ᠃ ᠣᠤᠠᠬ᠎ᠠ ᠵᠤᠬᠢᠶᠠᠯ ᠭᠡᠮᠡᠭ᠍ᠴᠢ ᠭᠡᠯᠡᠨ ᠤ ᠣᠷᠠᠯᠢᠭ ᠪᠣᠯᠬᠤ ᠪᠠᠷ ᠶᠠᠭᠤᠨ ᠡᠮᠤᠨ᠎ᠡ ᠭᠡᠯᠡ ᠭᠡᠯᠡᠯᠭᠡ ᠶᠢ ᠠᠪᠤᠨ ᠭᠡᠯᠡᠯᠴᠡᠭᠦ ᠳᠡᠭᠡᠨ ᠳᠠᠭᠠᠷᠠᠨ᠎ᠠ᠃ ᠭᠡᠯᠡ ᠮᠠᠭᠤᠳᠠᠢ ᠵᠤᠬᠢᠶᠠᠯ ᠶᠠᠷᠤ ᠨᠢ ᠶᠠᠭᠠᠭᠢᠵᠤ ᠰᠠᠢ᠌ᠨ ᠪᠢᠴᠢᠭ᠍ᠳᠡᠯ᠎ᠡ ᠭᠡᠤᠨ ᠣᠩᠰᠢᠭᠴᠢᠳ ᠤᠨ ᠰᠠᠤᠠᠭᠢᠯ ᠳᠤ ᠭᠦᠷᠳᠡᠯ᠎ᠡ ᠬᠤᠯᠠ᠃ ᠭᠡᠯᠡ ᠰᠤᠶᠤᠯ ᠤᠨ ᠪᠣᠭᠢᠷᠳᠤᠯ᠂ ᠴᠠᠭ ᠦᠶ᠎ᠡ ᠶᠢᠨ ᠰᠢᠬᠠᠯᠳᠠ ᠡᠴᠡ ᠪᠣᠯᠤᠭᠠᠤᠨ ᠠᠮᠢᠳᠤ ᠰᠠᠢ᠌ᠬᠠᠨ ᠮᠤᠩᠭ᠋ᠤᠯ ᠶᠠᠷᠢᠶᠠᠨ ᠤ ᠭᠡᠯᠡ ᠭᠡᠯᠡᠯᠭᠡ ᠶᠠᠪᠣᠬᠤ ᠳᠤᠰᠤᠮ ᠶᠢᠡᠨ ᠭᠡᠭᠡᠭ᠍ᠳᠡᠨ ᠣᠰᠠᠤᠠᠴᠤ᠂ ᠨᠢᠭᠡ ᠠᠷᠪᠢᠨ ᠭᠦᠰᠢᠮᠡᠯ ᠮᠤᠳᠤᠨ ᠭᠡᠯᠡ᠂ ᠣᠷᠴᠢᠭᠤᠯᠭ᠎ᠠ ᠶᠢᠨ ᠭᠡᠯᠡ ᠣᠷᠤᠯᠳᠤᠨ ᠭᠠᠷᠴᠤ ᠢᠷᠡᠭᠡᠤᠨ ᠬᠠᠭᠤᠳᠠᠰᠤ ᠳᠦᠭᠦᠷᠭᠡᠵᠤ᠂ ᠣᠩᠰᠢᠭᠴᠢᠳ ᠶᠢᠡᠨ ᠭᠠᠰᠠᠯᠭᠠᠳᠠᠭ ᠪᠣᠯᠤᠭᠰᠠᠨ ᠢ ᠨᠢᠭᠤᠬᠤ ᠶᠠᠭᠤᠨ᠃ ᠮᠤᠩᠭ᠋ᠤᠯ ᠨᠤᠮ ᠰᠡᠳᠭᠦᠯ ᠡᠳᠦᠷ ᠢᠷᠡᠭᠦᠶ᠎ᠡ ᠣᠩᠰᠢᠭᠴᠢᠳ ᠶᠢᠡᠨ ᠠᠯᠳᠠᠨ ᠣᠩᠰᠢᠭᠴᠢᠳ ᠡᠴᠡ ᠪᠠᠨ ᠬᠤᠯᠠᠳᠠᠵᠤ ᠪᠠᠢ᠌ᠭ᠎ᠠ ᠨᠢ ᠵᠤᠬᠢᠶᠠᠯ ᠤᠨ ᠭᠡᠯᠡ ᠭᠡᠯᠡᠯᠭᠡ ᠡᠴᠡ ᠰᠢᠭᠤᠳ ᠰᠢᠯᠳᠠᠭᠠᠯᠠᠵᠤ ᠪᠣᠢ᠃ ᠡᠨᠡ ᠳᠠᠯ᠎ᠠ ᠪᠠᠷ ᠠᠶᠤᠷᠵᠠᠨ᠎ᠠ ᠭᠤᠸᠠᠢ ᠶᠢᠨ ᠵᠤᠬᠢᠶᠠᠯ ᠤᠳ ᠪᠢᠳᠠᠨ ᠳᠤ ᠰᠠᠢ᠌ᠬᠠᠨ ᠵᠢᠱᠢᠶ᠎ᠠ ᠪᠣᠯᠤᠨ᠎ᠡ᠃ ᠠᠮᠢᠳᠤᠷᠠᠯ ᠢ ᠬᠤᠯᠢᠯᠴᠠᠭ᠎ᠠ ᠦᠭᠡᠶ ᠴᠤᠯ ᠮᠤᠩᠭ᠋ᠤᠯ ᠰᠠᠤᠠᠭᠢᠴᠠ ᠪᠠᠷ ᠬᠠᠷᠠᠵᠤ ᠪᠢᠴᠢᠳᠡᠭ᠌ ᠶᠢᠡᠷ ᠳᠠᠨᠢᠯ ᠳᠤᠳᠤᠨᠤᠰᠠᠭ ᠰᠠᠨᠠᠭᠳᠠᠳᠠᠭ᠃ ᠳᠠᠷᠠ ᠭᠤᠸᠠᠢ ᠶᠢᠨ ᠵᠤᠬᠢᠶᠠᠯ ᠳᠤ ᠬᠤᠭᠤᠰᠤᠨ ᠰᠡᠴᠡᠷᠭᠡᠯ᠂ ᠭᠡᠢ᠌ᠷᠭᠡᠯ ᠳᠠᠪᠠᠭᠤᠯᠤᠯ ᠶᠡᠷᠦᠳᠡᠭᠡᠨ ᠪᠠᠢ᠌ᠬᠤ ᠦᠭᠡᠶ᠃ ᠡᠪ ᠡᠩ ᠤᠨ ᠮᠥᠷᠳᠡᠭᠡᠨ ᠡᠭᠡᠯ ᠪᠣᠷᠤᠭᠵᠢᠭᠤᠨ ᠭᠡᠯᠡ ᠭᠡᠯᠡᠯᠭᠡ ᠶᠢ ᠭᠠᠮᠳᠠᠢ ᠵᠠᠷᠤᠵᠤ᠂ ᠵᠤᠬᠢᠶᠠᠯ ᠤᠨ ᠪᠠᠭᠠᠳᠤᠷ ᠤᠳ ᠶᠢᠡᠨ ᠠᠮᠢᠯᠠᠭᠤᠯᠤᠨ ᠪᠣᠰᠬᠠᠳᠠᠭ ᠶᠢᠡᠷ ᠶᠢᠡᠨ ᠣᠠᠴᠠᠯᠢᠭᠳᠠᠨ᠎ᠠ᠃ ᠣᠳᠤᠬᠠᠨ ᠳᠤ ᠵᠥᠪᠭᠡᠨ ᠵᠠᠬ᠎ᠠ ᠭᠦᠳᠡᠭᠡ ᠨᠤᠳᠤᠭ ᠶᠢᠡᠷ ᠶᠠᠷᠢᠭᠳᠠᠵᠤ ᠪᠠᠢ᠌ᠬᠤ ᠠᠮᠢᠳᠤ ᠶᠠᠷᠢᠶᠠᠨ ᠤ ᠭᠡᠯᠡᠯᠭᠡ ᠠᠶᠤᠷ ᠭᠤᠸᠠᠢ ᠶᠢᠨ ᠵᠤᠬᠢᠶᠠᠯ ᠳᠤ ᠪᠠᠢ᠌ᠩᠭ᠋ᠤ ᠬᠠᠷᠠᠭᠳᠠᠳᠠᠭ ᠨᠢ ᠳᠡᠭᠦᠨ ᠤ ᠥᠭᠡ ᠭᠡᠯᠡᠨ ᠤ ᠪᠠᠯᠠᠨ ᠰᠠᠩ ᠢ ᠭᠠᠢ᠌ᠬᠠᠭᠤᠯᠵᠤ ᠪᠣᠢ᠃ ᠡᠢ᠌ᠮᠦᠷᠭᠦ ᠡᠭᠡ ᠭᠡᠯᠡᠨ ᠤ ᠪᠠᠨ ᠠᠷᠢᠭᠤᠨ ᠭᠦᠮᠦᠷᠭᠡ ᠶᠢ ᠨᠡᠭᠡᠭᠡᠵᠤ ᠠᠭᠤᠳᠠᠯᠵᠤ ᠴᠢᠳᠠᠳᠠᠭ ᠵᠤᠬᠢᠶᠠᠯᠴᠢ ᠭᠡᠵᠢᠶ᠎ᠡ ᠴᠤ ᠭᠡᠯᠡ ᠪᠠᠷ ᠶᠠᠳᠠᠭᠤᠷᠠᠬᠤ ᠦᠭᠡᠶ ᠮᠥᠷᠳᠡᠭᠡᠨ ᠠᠷᠠᠤᠨ ᠣᠯᠠᠨ ᠤ ᠪᠠᠨ ᠰᠠᠨᠠᠭᠠᠨ ᠳᠤ ᠶᠠᠪᠣᠭᠰᠠᠨ ᠰᠠᠢ᠌ᠬᠠᠨ ᠪᠦᠳᠦᠭᠡᠯ ᠢ ᠰᠠ‍‌ᠶᠢ ᠪᠦᠳᠦᠭᠡᠵᠤ ᠳᠠᠢ᠌ᠯᠤᠨ᠎ᠡ᠃ ᠰᠠᠢ᠌ᠨ ᠵᠤᠬᠢᠶᠠᠯᠴᠢ ᠪᠣᠯᠤᠶ᠎ᠠ ᠭᠡᠪᠠᠯ ᠡᠩ ᠳᠡᠷᠢᠭᠦᠨ ᠳᠤ ᠭᠡᠯᠡ ᠪᠠᠨ ᠠᠷᠢᠭᠤᠤᠠᠬᠠᠬᠤ ᠭᠡᠷᠡᠭ᠍ᠳᠡᠢ᠃ ᠭᠡᠯᠡ ᠪᠠᠨ ᠠᠷᠢᠭᠤᠤᠠᠬᠠᠶ᠎ᠠ ᠭᠡᠪᠠᠯ ᠠᠮᠢᠳᠤᠷᠠᠯ ᠳᠤ ᠭᠦᠡᠵᠡᠭᠡᠢ᠌ᠷᠡᠵᠤ᠂ ᠠᠷᠠᠤᠨ ᠤᠨ ᠭᠡᠯᠡ ᠡᠴᠡ ᠰᠢᠮ᠎ᠠ ᠳᠡᠵᠢᠭᠡᠯ ᠭᠦᠷᠳᠡᠭᠦ ᠭᠡᠷᠡᠭ᠍ᠳᠡᠢ᠃ ᠵᠥᠪᠭᠡᠨ ᠪᠢᠴᠢᠭ᠌ ᠤᠨ ᠭᠡᠯᠡᠨ ᠳᠤ ᠪᠠᠷᠢᠭᠳᠠᠭᠠᠤᠨ ᠶᠠᠷᠢᠶᠠᠨ ᠤ ᠭᠡᠯᠡ ᠶᠢ ᠭᠦᠩᠭᠡᠪᠴᠢᠯᠡᠭᠡᠤᠨ ᠪᠠᠢ᠌ᠪᠠᠯ ᠡᠷᠳᠡ ᠣᠷᠤᠢ ᠦᠭᠡᠶ ᠮᠤᠩᠭ᠋ᠤᠯ ᠣᠷᠠᠨ ᠵᠤᠬᠢᠶᠠᠯ ᠤᠨ ᠭᠦᠭ᠍ᠵᠢᠯᠳᠡ ᠶᠢ ᠬᠠᠷᠰᠢᠯᠠᠨ᠎ᠠ᠃ ᠵᠤᠬᠢᠶᠠᠯ ᠪᠦᠳᠦᠭᠡᠯ ᠳᠡᠭᠡᠨ ᠨᠢᠭᠡ ᠠᠷᠪᠢᠨ ᠬᠠᠷᠢ ᠭᠠᠷᠤᠯᠳᠠᠢ ᠥᠭᠡ᠂ ᠵᠢᠭᠡᠯᠡᠮᠡᠯ ᠥᠭᠡ᠂ ᠣᠷᠴᠢᠭᠤᠯᠭ᠎ᠠ ᠶᠢᠨ ᠭᠡᠯᠡ ᠶᠢ ᠭᠡᠷᠡᠭᠯᠡᠭᠦ ᠭᠡᠵᠤ ᠪᠠᠶ᠎ᠠ ᠪᠠᠨ ᠵᠤᠪᠠᠭᠠᠨ ᠪᠣᠰᠤᠳ ᠶᠢᠡᠨ ᠭᠠᠰᠠᠯᠭᠠᠵᠤ ᠰᠠᠭᠤᠬᠤ ᠪᠠᠷ ᠬᠠᠷᠢᠨ ᠡᠭᠡ ᠭᠡᠯᠡᠨ ᠤ ᠪᠠᠨ ᠴᠠᠪᠠᠷ ᠭᠦᠮᠦᠷᠭᠡ ᠳᠤᠳᠤᠷ᠎ᠠ ᠡᠴᠡ ᠳᠤᠷ᠎ᠠ ᠪᠠᠷ ᠶᠢᠡᠨ ᠰᠢᠯᠢᠵᠤ᠂ ᠠᠪᠴᠤ᠂ ᠭᠡᠷᠡᠭᠯᠡᠵᠤ ᠰᠠᠭᠤᠪᠠᠯ ᠭᠡᠨ ᠪᠣᠷᠤᠭᠤᠤᠠᠬᠠᠬᠤ ᠪᠣᠢ ⁈ ᠭᠡᠯᠡ ᠶᠢ ᠶᠠᠷᠤ ᠨᠢ ᠠᠷᠠᠤᠨ ᠲᠦᠮᠡᠨ ᠦᠪᠡᠷ ᠶᠢᠡᠨ ᠪᠦᠳᠦᠭᠡᠳᠡᠭ᠌᠃ ᠳᠡᠯᠡᠭᠡᠢ ᠳᠡᠭᠡᠷ᠎ᠡ ᠠᠯᠢ ᠴᠤ ᠦᠨᠳᠦᠰᠦᠳᠠᠨ ᠭᠡᠤᠨ ᠭᠦᠮᠤᠨ ᠤ ᠭᠡᠯᠡ ᠶᠢ ᠵᠢᠭᠡᠯᠡᠵᠤ᠂ ᠣᠷᠴᠢᠭᠤᠯᠵᠤ ᠣᠷᠪᠠᠭᠤᠯᠵᠤ ᠪᠠᠢ᠌ᠭᠠᠤᠨ ᠦᠪᠡᠷ ᠤᠨ ᠰᠤᠶᠤᠯ ᠶᠢᠡᠨ ᠪᠠᠶᠠᠯᠢᠭᠵᠢᠭᠤᠯᠤᠭᠰᠠᠨ ᠳᠡᠦᠭᠡ ᠪᠠᠢ᠌ᠬᠤ ᠦᠭᠡᠶ᠃ ᠦᠨᠦᠳᠤᠷ ᠴᠤ ᠮᠦᠨ ᠠᠳᠠᠯᠢᠬᠠᠨ᠃ ᠰᠢᠨ᠎ᠡ ᠪᠠᠷ ᠭᠠᠷᠴᠤ ᠪᠠᠢ᠌ᠭ᠎ᠠ ᠨᠠᠷ᠎ᠠ ᠳᠤᠮᠢᠶᠠᠰ ᠢ ᠵᠠᠪᠠᠯ ᠮᠢᠬᠠᠴᠢᠯᠠᠨ ᠣᠷᠴᠢᠭᠤᠯᠵᠤ᠂ ᠣᠢ᠌ᠯᠠ ᠪᠠᠨ ᠪᠠᠷᠠᠭᠰᠠᠨ ᠤ ᠴᠢᠬᠤᠯᠠ ᠦᠭᠡᠶ᠃ ᠪᠢᠳᠠ ᠦᠪᠡᠷ ᠤᠨ ᠶᠢᠡᠨ ᠰᠤᠶᠤᠯ ᠰᠠᠤᠠᠭᠢᠴᠠ᠂ ᠵᠠᠩ ᠣᠢ᠌ᠯᠠᠨ ᠳᠤ ᠳᠤᠭᠢᠷᠠᠭᠰᠠᠨ ᠴᠠᠪᠠᠷ ᠮᠤᠩᠭ᠋ᠤᠯ ᠨᠠᠷ᠎ᠠ ᠳᠤᠮᠢᠶ᠎ᠠ ᠵᠤᠬᠢᠶᠠᠵᠤ᠂ ᠦᠪᠡᠷ ᠤᠨ ᠭᠡᠯᠡᠨ ᠤ ᠰᠠᠩ ᠶᠢᠡᠨ ᠪᠠᠶᠠᠯᠢᠭᠵᠢᠭᠤᠯᠵᠤ ᠶᠠᠭᠠᠭᠢᠭᠠᠤᠨ ᠪᠣᠯᠬᠤ ᠦᠭᠡᠶ ᠪᠣᠢ ⁈ ᠵᠠᠪᠠᠯ ᠭᠦᠮᠤᠨ ᠢ ᠪᠣᠷᠪᠢᠳᠠᠭᠠᠤᠨ ᠪᠠᠢ᠌ᠬᠤ ᠠᠯᠪᠠ ᠲᠡᠶ ᠴᠤ ᠪᠢᠰᠢ ︕ ᠠᠶᠤᠷᠵᠠᠨ᠎ᠠ ᠭᠤᠸᠠᠢ ᠶᠢᠨ ᠵᠤᠬᠢᠶᠠᠯ ᠳᠤ ᠣᠳᠤ ᠪᠠᠷᠤᠭᠳᠠᠢ ᠳᠤ ᠶᠠᠷᠢᠭᠳᠠᠬᠤ ᠪᠠᠨ ᠪᠣᠯᠢᠭᠰᠠᠨ ᠨᠤᠳᠤᠭ ᠤᠨ ᠭᠡᠯᠡᠯᠭᠡᠰ ᠭᠠᠷᠴᠤ ᠪᠠᠢ᠌ᠭ᠎ᠠ ᠨᠢ ᠶᠠᠭᠤ ᠶᠢ ᠬᠠᠷᠢᠭᠤᠯᠵᠤ ᠪᠠᠢ᠌ᠬᠤ ᠪᠣᠢ ︖ ᠵᠤᠬᠢᠶᠠᠯᠴᠢ ᠡᠴᠡ ᠭᠡᠭᠡᠭ᠍ᠳᠡᠮᠡᠷ ᠪᠣᠯᠵᠤ ᠪᠠᠢ᠌ᠭ᠎ᠠ ᠥᠭᠡ ᠭᠡᠯᠡ ᠪᠠᠨ ᠠᠪᠣᠷᠠᠬᠤ ᠡᠭᠦᠳᠡᠨ ᠡᠴᠡ ᠭᠢᠭ᠍ᠰᠡᠨ ᠰᠠᠨᠠᠭᠠᠴᠢᠯᠭ᠎ᠠ ᠲᠡᠶ ᠣᠷᠤᠯᠳᠤᠯᠭ᠎ᠠ ᠪᠠᠢ᠌ᠬᠤ ᠪᠠᠷ ᠪᠠᠷᠠᠬᠤ ᠦᠭᠡᠶ ᠳᠡᠭᠡᠳᠦᠰ ᠡᠴᠡ ᠥᠯᠡᠳᠡᠭᠡᠭ᠍ᠰᠡᠨ ᠦᠪ ᠰᠤᠶᠤᠯ ᠵᠢᠠᠨ ᠨᠡᠭᠡᠭᠡᠵᠤ᠂ ᠠᠭᠤᠳᠠᠯᠵᠤ᠂ ᠠᠰᠢᠭᠯᠠᠵᠤ᠂ ᠣᠯᠠᠮᠵᠢᠯᠠᠬᠤ ᠶᠢ ᠰᠡᠳᠦᠭ᠍ᠰᠡᠨ ᠣᠬᠠᠮᠰᠠᠷᠳᠤ ᠣᠷᠢᠶᠠᠯᠭ᠎ᠠ ᠴᠤ ᠨᠢᠭᠤᠭᠳᠠᠵᠤ ᠪᠠᠢ᠌ᠬᠤ ᠶᠤᠮ᠃ ᠣᠳᠤ ᠶᠢᠨ ᠵᠠᠯᠠᠭᠤᠴᠤᠳ ᠤᠨ ᠶᠠᠷᠢᠵᠤ ᠪᠠᠢ᠌ᠭ᠎ᠠ ᠨᠢ ᠴᠤᠯ ᠬᠤᠯᠢᠮᠠᠭ ᠭᠡᠯᠡ᠃ ᠮᠤᠩᠭ᠋ᠤᠯ ᠢᠵᠠᠭᠤᠷ ᠭᠡᠯᠡᠨ ᠤ ᠦᠨᠦᠷ ᠠᠮᠳᠠ ᠵᠢᠭᠠᠬᠠᠨ ᠴᠤ ᠪᠠᠢ᠌ᠬᠤ ᠦᠭᠡᠶ᠃ ᠡᠭᠦᠨ ᠶᠢᠡᠷ ᠵᠤᠭᠰᠤᠬᠤ ᠦᠭᠡᠶ ᠣᠯᠤᠰ ᠤᠨ ᠠᠯᠪᠠᠳᠠᠨ ᠪᠣᠯᠤᠭᠰᠠᠨ ᠣᠯᠠᠩᠭᠢ ᠮᠤᠩᠭ᠋ᠤᠯᠴᠤᠳ ᠨᠢᠭᠡᠨᠲᠡ ᠭᠡᠯᠡ ᠪᠠᠨ ᠮᠠᠷᠳᠠᠴᠢᠬᠠᠭᠠᠳ ᠤᠷᠢᠳ ᠡᠮᠤᠨ᠎ᠡ ᠪᠠᠢ᠌ᠭ᠎ᠠ ᠦᠭᠡᠶ ᠭᠡᠯᠡᠨ ᠤ ᠶᠡᠭᠡ ᠬᠠᠮᠠᠭᠤᠷᠠᠯ ᠢ ᠠᠪᠴᠢᠷᠠᠭᠠᠤᠨ ᠪᠠᠢ᠌ᠨ᠎ᠠ᠃ ᠡᠢ᠌ᠮᠦᠷᠭᠦ ᠪᠠᠢ᠌ᠳᠠᠯ ᠳᠤ ᠴᠢᠭᠯᠡᠭᠦᠯᠤᠨ ᠠᠶᠤᠷ ᠭᠤᠸᠠᠢ ᠮᠠᠨᠢ ᠪᠢᠷ ᠶᠢᠡᠷ ᠬᠤᠷᠴᠠᠯᠠᠵᠤ᠂ ᠪᠢᠯᠢᠭ᠌ ᠶᠢᠡᠨ ᠰᠣᠢ᠌ᠭᠰᠠᠨ ᠪᠢᠯᠠ ᠦᠦ ᠭᠡᠮᠡᠨ ᠪᠣᠳᠤᠭᠳᠠᠭᠤᠯᠤᠮᠠᠷ᠃ ᠳᠡᠭᠦᠨ ᠤ ᠳᠤᠰ ᠳᠤᠭᠤᠵᠢ ᠳᠤ 《ᠬᠠᠮᠪᠠᠭᠠᠯᠠᠵᠤ᠂ ᠳᠤᠪᠬᠤᠷᠬᠤ᠂ ᠬᠠᠯᠢᠪ᠂ ᠵᠤᠯᠠᠵᠤ᠂ ᠳᠤᠰᠭᠢᠷᠬᠤ᠂ ᠵᠡᠡᠵᠡᠭᠡᠯᠡᠵᠤ᠂ ᠦᠳᠡᠰᠢ ᠶᠢᠨ ᠭᠢᠯᠠᠭᠠᠷ᠂ ᠠᠭᠤᠯᠠᠰ ᠨᠠᠭᠠᠳᠤᠨ᠂ ᠮᠠᠢ ᠳᠠᠯᠪᠢᠬᠤ》 ᠭᠡᠭᠦ ᠮᠠᠳᠤ ᠶᠢᠨ ᠨᠤᠳᠤᠭ ᠤᠨ ᠶᠠᠷᠢᠶᠠᠨ ᠤ ᠭᠡᠯᠡᠯᠭᠡᠰ ᠭᠠᠷᠴᠤ ᠪᠣᠢ᠃ ᠣᠩᠰᠢᠭᠴᠢᠳ ᠤᠨ ᠣᠢ᠌ᠯᠠᠭᠠᠬᠤ ᠦᠭᠡᠶ ᠡᠴᠡ ᠪᠣᠯᠭᠤᠮᠵᠢᠯᠠᠵᠤ᠂ ᠪᠦᠭᠦᠳᠡ ᠳᠤ ᠳᠠᠢ᠌ᠯᠪᠣᠷᠢ ᠬᠠᠳᠠᠵᠠᠢ᠃ ᠶᠤᠰᠤᠨ ᠳᠠᠭᠠᠨ ᠪᠣᠯᠪᠠᠯ ᠳᠠᠢ᠌ᠯᠪᠣᠷᠢ ᠬᠠᠳᠠᠬᠤ ᠴᠢᠬᠤᠯᠠ ᠦᠭᠡᠶ ᠶᠤᠮ᠃ ᠡᠳᠡᠭᠡᠷ ᠥᠭᠡᠰ ᠪᠦᠷ ᠨᠠᠢ᠌ᠳᠠ ᠮᠤᠩᠭ᠋ᠤᠯᠴᠤᠳ ᠤᠨ ᠣᠷᠳᠤ ᠣᠳᠠᠭᠠᠨ ᠨᠡᠭᠦᠳᠡᠯ ᠠᠮᠢᠳᠤᠷᠠᠯ ᠤᠨ ᠶᠠᠪᠣᠴᠠ ᠳᠠᠭᠠᠨ ᠡᠭᠦᠳᠤᠨ ᠪᠦᠳᠦᠭᠡᠭ᠍ᠰᠡᠨ ᠰᠤᠶᠤᠯ ᠤᠨ ᠳᠠᠯᠠᠰᠳᠤ ᠪᠣᠯᠤᠨ᠎ᠡ᠃ ᠣᠷᠤᠨ ᠨᠤᠳᠤᠭ ᠤᠨ ᠬᠤᠪᠢᠶᠠᠷᠢᠯᠠᠯ᠂ ᠣᠭᠰᠠᠭ᠎ᠠ ᠶᠠᠰᠤᠳᠠᠨ ᠤ ᠨᠢᠭᠡᠳᠦᠯ ᠪᠣᠳᠠᠷᠠᠯ᠂ ᠭᠠᠵᠠᠷ ᠵᠦᠢ᠌ ᠶᠢᠨ ᠪᠠᠢ᠌ᠷᠢᠰᠢᠯ ᠡᠴᠡ ᠪᠣᠯᠵᠤ ᠠᠭᠠᠵᠢᠮ ᠳᠠᠭᠠᠨ ᠮᠠᠷᠳᠠᠭᠳᠠᠨ ᠭᠡᠭᠡᠭ᠍ᠳᠡᠵᠤ᠂ ᠣᠠᠳᠤᠤᠰᠢᠨ ᠥᠭᠡᠷᠡᠴᠢᠯᠡᠭ᠍ᠳᠡᠭ᠍ᠰᠡᠨ ᠭᠡᠭᠦ ᠡᠴᠡ ᠪᠢᠰᠢ ᠣᠤᠯ ᠨᠢ 《ᠮᠤᠩᠭ᠋ᠤᠯ ᠤᠨ ᠨᠢᠭᠤᠴᠠ ᠳᠤᠪᠴᠢᠶᠠᠨ》 ᠳᠤ ᠬᠠᠶᠠ ᠭᠠᠷᠳᠠᠭ ᠠᠮᠢᠳᠤ ᠶᠠᠷᠢᠶᠠᠨ ᠤ ᠭᠡᠯᠡᠯᠭᠡ ᠲᠡᠶ ᠠᠳᠠᠯᠢ ᠨᠠᠢ᠌ᠳᠠ ᠶᠢᠨ ᠭᠡᠯᠡ ᠪᠠᠢ᠌ᠭᠰᠠᠨ ᠨᠢ ᠭᠠᠷᠴᠠᠭ᠎ᠠ ᠦᠭᠡᠶ᠃ ᠪᠢᠳᠠ ᠰᠤᠶᠤᠯ ᠶᠢᠡᠨ ᠠᠪᠣᠷᠠᠬᠤ ᠳᠠᠭᠠᠨ ᠣᠷᠤᠨ ᠨᠤᠳᠤᠭ ᠤᠨ ᠶᠠᠷᠢᠶᠠᠨ ᠤ ᠭᠡᠯᠡᠨ ᠤ ᠴᠠᠪᠠᠷ ᠭᠦᠷᠦᠰᠤ ᠶᠢ ᠣᠮᠳᠤᠭᠠᠢ᠌ᠯᠠᠵᠤ ᠪᠣᠯᠬᠤ ᠦᠭᠡᠶ᠃ ᠭᠡᠯᠡ ᠰᠤᠶᠤᠯ ᠤᠨ ᠵᠢᠩᠭᠢᠨᠢ ᠦᠨ᠎ᠡ ᠴᠠᠨ᠎ᠠ ᠶᠢ ᠳᠠᠨᠢᠨ ᠣᠬᠠᠭᠠᠷᠠᠵᠤ᠂ ᠳᠡᠭᠦᠨ ᠤ ᠨᠢᠭᠤᠭᠳᠠᠮᠠᠯ ᠶᠡᠭᠡ ᠪᠣᠯᠠᠭᠳᠠᠴᠠ ᠶᠢ ᠬᠠᠢ᠌ᠨ ᠠᠭᠤᠳᠠᠯᠬᠤ ᠪᠠᠷ ᠣᠢ᠌ᠯᠠᠰ ᠤᠨ ᠭᠠᠯ ᠶᠢᠡᠨ ᠮᠠᠨᠠᠭ᠎ᠠ ᠠᠶᠤᠷ ᠭᠤᠸᠠᠢ ᠶᠢᠨ ᠣᠷᠤᠯᠳᠤᠯᠭ᠎ᠠ ᠥᠨᠡᠯᠡᠭᠦᠰᠢᠳᠡᠢ ︕

ᠵᠤᠬᠢᠶᠠᠯ ᠪᠦᠳᠦᠭᠡᠯ ᠣᠷᠤᠯᠳᠤᠬᠤ ᠳᠠᠭᠠᠨ ᠵᠥᠪᠭᠡᠨ ᠨᠠᠷ᠎ᠠ ᠳᠤ ᠭᠠᠷᠬᠤ᠂ ᠠᠰᠢᠭ ᠣᠯᠬᠤ ᠶᠢ ᠪᠣᠳᠤᠭᠠᠤᠨ ᠪᠠᠢ᠌ᠵᠤ ᠪᠣᠯᠬᠤ ᠦᠭᠡᠶ᠃ ᠬᠠᠷᠢᠨ ᠶᠠᠭᠠᠭᠢᠵᠤ ᠣᠩᠰᠢᠭᠴᠢᠳ ᠤᠨ ᠣᠶᠤᠨ ᠤ ᠴᠠᠩᠭ᠋ᠠᠭ᠎ᠠ ᠶᠢ ᠳᠠᠢ᠌ᠯᠵᠤ᠂ ᠰᠡᠭᠡᠭᠡᠷᠡᠯ ᠵᠥᠭ᠌ ᠭᠦᠳᠦᠯᠭᠦ ᠪᠣᠢ ᠭᠡᠳᠡᠭ᠌ ᠲᠤ ᠵᠤᠬᠢᠶᠠᠯᠴᠢᠳ ᠤᠨ ᠣᠤᠷ ᠴᠢᠨᠠᠷ᠂ ᠭᠡᠪ ᠪᠣᠯᠪᠠᠰᠤᠷᠠᠯ ᠱᠠᠭᠠᠷᠳᠠᠭᠳᠠᠨ᠎ᠠ᠃ ᠠᠶᠤᠷ ᠭᠤᠸᠠᠢ ᠶᠢᠨ 《ᠠᠮᠢᠨ ᠣᠰᠤᠨ》 ᠳ᠋ᠤ ᠬᠤᠳᠠ ᠭᠦᠳᠡᠭᠡ ᠶᠢᠨ ᠠᠷᠠᠤᠨ ᠢᠷᠭᠡᠤᠨ ᠤᠨ ᠣᠶᠤᠨ ᠰᠠᠨᠠᠭᠠᠨ ᠤ ᠪᠣᠭᠢᠷᠳᠤᠯ ᠤᠨ ᠬᠠᠷᠢᠴᠠᠭᠤᠯᠤᠯ ᠵᠤᠭᠢᠬᠤ ᠭᠡᠮᠵᠢᠶ᠎ᠡ ᠪᠠᠷ ᠳᠤᠰᠬᠠᠭᠳᠠᠵᠤ᠂ ᠭᠦᠮᠤᠨ ᠪᠠᠢ᠌ᠭᠠᠯᠢ ᠶᠢᠨ ᠠᠮᠢᠨ ᠰᠢᠳᠦᠯᠴᠡᠭᠡ ᠭᠢᠭᠡᠤᠨ ᠡᠶ᠎ᠡ ᠵᠤᠭᠢᠴᠠᠯ ᠢ ᠪᠢᠯᠢᠭ᠌ ᠤᠨ ᠬᠠᠭᠤᠳᠠᠰᠤᠨ ᠳᠡᠭᠡᠷ᠎ᠡ ᠳᠡᠯᠭᠡᠨ ᠵᠢᠷᠤᠵᠠᠢ᠃ ᠳᠤᠳᠤ ᠰᠤᠨᠤᠰᠳᠠᠬᠤ ᠦᠭᠡᠶ ᠴᠤ ᠰᠤᠶᠤᠯ ᠤᠨ ᠵᠦᠷᠢᠴᠠᠯ᠂ ᠭᠦᠮᠤᠨ ᠪᠠᠢ᠌ᠭᠠᠯᠢ ᠶᠢᠨ ᠡᠰᠡᠷᠭᠦᠴᠡᠯᠳᠦᠯ ᠳᠤ ᠴᠢᠭᠯᠡᠭᠦᠯᠦᠭ᠍ᠰᠡᠨ ᠣᠶᠤᠠᠯᠢᠭ ᠴᠤᠤᠷᠢᠶ᠎ᠠ ᠳᠤᠰ ᠳᠤᠭᠤᠵᠢ ᠶᠢᠨ ᠶᠠᠰᠤ ᠴᠢᠮᠦᠭᠡᠨ ᠳᠤ ᠣᠷᠤᠳᠠᠯ᠎ᠠ ᠠᠭᠤᠰᠤᠨ ᠨᠠᠪᠴᠢᠵᠤ᠂ ᠰᠤᠨᠢᠷᠬᠠᠨ ᠡᠭᠢᠯᠡᠭ᠍ᠰᠡᠨ ᠴᠠᠭ ᠡᠴᠡ ᠪᠠᠷᠠᠨ ᠪᠠᠷᠠᠳᠠᠯ᠎ᠠ ᠣᠩᠰᠢᠭᠴᠢᠳ ᠶᠢᠡᠨ ᠪᠣᠳᠤᠯᠭᠠᠰᠢᠷᠠᠯ ᠰᠠᠨᠠᠭᠠᠰᠢᠷᠠᠯ ᠤᠨ ᠵᠥᠭᠡᠯᠡᠨ ᠳᠠᠮᠤᠨ ᠳᠤ ᠣᠨᠠᠭᠠᠳᠠᠭ ᠪᠠᠢ᠌ᠨ᠎ᠠ᠃ ᠠᠶᠤᠷ ᠭᠤᠸᠠᠢ ᠶᠢᠨ ᠳᠤᠭᠤᠵᠢᠰ ᠲᠤ ᠭᠠᠷᠴᠤ ᠪᠠᠢ᠌ᠭ᠎ᠠ ᠳᠠᠷᠠ ᠰᠠᠢ᠌ᠬᠠᠨ ᠣᠩᠭ᠋ᠤᠨ ᠳᠠᠷᠬᠠᠨ ᠨᠤᠳᠤᠭ ᠣᠰᠤ ᠦᠨᠦᠳᠤᠷ ᠮᠤᠩᠭ᠋ᠤᠯ ᠨᠤᠳᠤᠭ ᠲᠤ ᠭᠡᠳᠦᠢ ᠪᠠᠢ᠌ᠨ᠎ᠠ ︖ ᠪᠠᠢ᠌ᠬᠤ ᠪᠠᠷ ᠪᠣᠳᠤᠬᠤ ᠳᠤ ᠣᠤᠯ ᠤᠨ ᠠᠷᠢᠭᠤᠨ ᠣᠩᠭ᠋ᠤᠨ ᠪᠠᠢ᠌ᠭᠠᠯᠢᠯᠢᠭ ᠰᠢᠠᠵᠢ ᠪᠠᠨ ᠬᠠᠳᠠᠭᠠᠯᠠᠵᠤ ᠪᠠᠢ᠌ᠨ᠎ᠠ ᠦᠦ ᠦᠭᠡᠶ ᠦᠦ ᠭᠡᠳᠡᠭ᠌ ᠲᠤ ᠰᠡᠵᠢᠭ᠌ ᠲᠦᠷᠦᠮᠠᠷ᠃ 《ᠠᠮᠢᠨ ᠣᠰᠤᠨ》 ᠳ᠋ᠤ ᠪᠢᠴᠢᠭ᠍ᠳᠡᠭ᠍ᠰᠡᠨ ᠶᠡᠭᠡ ᠭᠤᠪᠢ ᠶᠢᠨ ᠠᠭᠤᠳᠠᠮ ᠬᠤᠷᠮᠤᠢ ᠳᠤ ᠱᠠᠭᠠᠵᠢᠩ ᠤᠨ ᠬᠠᠭᠠᠷᠬᠠᠢ ᠰᠢᠭ ᠭᠢᠯᠳᠦᠭᠡᠨᠡᠭᠡ ᠪᠣᠳᠤᠭᠤᠨ ᠤ ᠨᠢᠳᠤ ᠰᠢᠭ᠌ ᠳᠤᠨᠤᠯᠵᠠᠭᠰᠠᠨ ᠳᠤᠩᠭ᠋ᠠᠯᠠᠭ ᠬᠠᠷ᠎ᠠ ᠣᠰᠤ ᠲᠡᠶ ᠠᠶᠠᠭᠠᠨ ᠴᠢᠨᠡᠭᠡᠨ ᠵᠢᠭᠠᠬᠠᠨ ᠱᠠᠩᠳᠠ ᠊᠊᠊᠊᠊᠊᠊᠊᠊᠊᠊᠊᠊᠊᠊ ᠠᠮᠢᠨ ᠣᠰᠤᠨ᠂ ᠬᠠᠮᠢᠭ᠎ᠠ ᠡᠴᠡ ᠡᠭᠢ ᠠᠪᠴᠤ ᠬᠠᠮᠢᠭ᠎ᠠ ᠭᠦᠷᠴᠤ ᠰᠡᠭᠦᠯ ᠬᠤᠷᠢᠶᠠᠳᠠᠭ ᠨᠢ ᠮᠡᠳᠡᠭ᠍ᠳᠡᠳᠡᠭ᠌ ᠦᠭᠡᠶ ᠰᠤᠨᠤᠨ ᠥᠷᠭᠦᠯᠵᠢᠯᠡᠭ᠍ᠰᠡᠨ ᠭᠦᠷᠡᠩ ᠳᠤᠯᠤᠭᠠᠢ ᠶᠢᠨ ᠠᠭᠤᠯᠠ ᠨᠢᠷᠤᠭᠤᠳ᠂ ᠴᠠᠭᠢᠭᠤᠷᠳᠤ ᠶᠢᠨ ᠭᠤᠪᠢ ᠳᠤ ᠨᠤᠳᠤᠭᠯᠠᠭ᠎ᠠ ᠡᠮᠴᠢ ᠠᠪᠣ ᠶᠢᠨ ᠶᠢᠡᠨ ᠦᠪ ᠣᠢ᠌ᠯᠠᠰ ᠢ ᠵᠠᠯᠭᠠᠮᠵᠢᠯᠠᠭᠰᠠᠨ ᠳᠠᠧᠨ ᠡᠪᠦᠭᠡᠨ᠂ ᠪᠣᠷᠬᠠᠨ ᠰᠠᠤᠠᠭᠢᠯ ᠲᠡᠶ ᡀᠠᠮᠤ ᠡᠵᠢ᠂ ᠰᠢᠯᠤᠭᠤᠨ ᠴᠠᠢ᠌ᠯᠭᠠᠨ ᠭᠠᠩᠭ᠎ᠠ ᠪᠠᠢ᠌ᠭᠰᠠᠨ ᠡᠴᠡ ᠬᠤᠳᠠ ᠶᠢᠨ ᠵᠠᠳᠠᠭᠠᠢ ᠪᠣᠯᠭᠢ ᠠᠮᠢᠳᠤᠷᠠᠯ ᠳᠤ ᠭᠦᠯ ᠠᠯᠳᠠᠨ ᠵᠠᠮ ᠮᠤᠬᠤᠷᠳᠠᠵᠤ᠂ ᠠᠮᠢ ᠨᠠᠰᠤ ᠪᠠᠨ ᠥᠷᠡᠭᠡᠭᠦ ᠰᠢᠬᠠᠭ᠎ᠠ ᠳᠤᠩᠭ᠎ᠠ ᠰᠠ‍‌ᠶᠢ ᠠᠮᠢᠳᠤᠷᠠᠯ ᠤᠨ ᠪᠦᠯᠢᠶᠡᠨ ᠡᠪᠦᠷ ᠲᠤ ᠪᠣᠴᠠᠨ ᠢᠷᠠᠵᠤ ᠪᠠᠢ᠌ᠨ᠎ᠠ᠃ ᠭᠡᠨ ᠴᠤ ᠣᠢ᠌ᠷᠠᠳᠤᠬᠤ ᠡᠴᠡ ᠪᠠᠨ ᠵᠢᠷᠦᠭᠡᠰᠢᠶᠡᠭᠡ ᠬᠤᠳᠠ ᠶᠢᠨ ᠭᠦᠮᠦᠰ ᠡᠴᠡ ᠣᠯᠤᠭᠰᠠᠨ ᠦᠩᠭᠡᠨ ᠤ ᠮᠠᠭᠤ ᠡᠪᠠᠦᠡᠴᠢᠨ ᠨᠢ ᠭᠦᠳᠡᠭᠡ ᠶᠢᠨ ᠴᠠᠪᠠᠷ ᠠᠭᠠᠷ ᠲᠤ ᠭᠠᠷᠴᠤ᠂ ᠭᠦᠮᠤᠨ ᠤ ᠠᠰᠠᠷᠠᠮᠵᠢ ᠪᠣᠯᠤᠨ ᠮᠤᠩᠭ᠋ᠤᠯ ᠡᠮ ᠤᠨ ᠰᠠᠢ᠌ᠨ ᠶᠢᠡᠷ ᠢᠯᠠᠷᠢᠰᠢᠨ ᠡᠷᠡᠭᠦᠯᠵᠢᠭᠡᠤᠨ ᠢᠷᠠᠵᠤ ᠪᠠᠢ᠌ᠨ᠎ᠠ᠃ ᠡ᠊ᠨᠳᠡ ᠵᠤᠬᠢᠶᠠᠯᠴᠢ ᠭᠤᠸᠠᠢ ᠵᠢᠷᠭᠠᠯᠠᠩ ᠤᠨ ᠳᠡᠭᠡᠳᠤ᠂ ᠭᠦᠰᠡᠯᠡᠩ ᠤᠨ ᠣᠷᠤᠨ ᠣᠳᠤᠭ᠎ᠠ ᠳᠤᠭᠤᠰᠤᠨ ᠳᠤ ᠳᠠᠷᠤᠭᠳᠠᠵᠤ᠂ ᠭᠦᠮᠤᠨ ᠬᠠᠷ᠎ᠠ ᠭᠦᠯ ᠳᠠᠯᠪᠢᠬᠤ ᠵᠠᠢ ᠦᠭᠡᠶ ᠪᠣᠳᠤᠯᠢᠭᠰᠠᠨ ᠬᠤᠳᠠ ᠭᠠᠵᠠᠷ ᠪᠢᠰᠢ᠂ ᠬᠠᠷᠢᠨ ᠴᠡᠯᠮᠡᠭ᠌ ᠠᠭᠠᠷ ᠴᠠᠪᠠᠷ ᠰᠠᠯᠭᠢ ᠲᠡᠶ ᠭᠤᠪᠢ ᠭᠦᠳᠡᠭᠡ ᠨᠤᠳᠤᠭ ᠭᠡᠳᠡᠭ᠌ ᠰᠠᠨᠠᠭ᠎ᠠ ᠪᠠᠨ ᠡᠪᠳᠡᠢ᠌ᠭᠡᠨ ᠨᠢᠭᠤᠵᠤ ᠴᠢᠳᠠᠭᠰᠠᠨ ᠪᠦᠭᠡᠤᠨ ᠪᠠᠢ᠌ᠭᠠᠯᠢ ᠣᠷᠴᠢᠨ᠂ ᠠᠮᠢ ᠠᠬᠤᠢ ᠪᠠᠨ ᠬᠠᠢ᠌ᠷᠠᠯᠠᠵᠤ ᠬᠠᠮᠠᠭᠠᠯᠠᠬᠤ ᠳᠡᠦᠭᠡᠨ ᠡᠭᠦᠷᠭᠡ ᠶᠢ ᠭᠦᠮᠦᠰ ᠤᠨ ᠴᠢᠭᠢᠨ ᠳᠤ ᠰᠠᠮ ᠰᠢᠪᠠᠨᠠᠵᠠᠢ᠃ ᠶᠠᠭᠠᠭᠢᠬᠤ ᠳᠠᠭᠠᠨ ᠡᠪᠠᠦᠡᠴᠢᠨ ᠤ ᠮᠠᠭᠤ᠂ ᠰᠠᠨᠠᠭᠠᠨ ᠤ ᠪᠣᠭᠢᠷᠳᠤᠯ ᠬᠤᠳᠠ ᠪᠠᠯᠭᠠᠰᠤᠨ ᠡᠴᠡ ᠬᠠᠯᠳᠠᠪᠣᠷᠢᠯᠠᠨ ᠳᠠᠷᠬᠠᠳᠠᠭ ᠪᠠᠢ᠌ᠨ᠎ᠠ ︖ ᠡᠳᠡᠭᠡᠷ ᠭᠦᠮᠦᠰ ᠤᠨ ᠳᠤᠯᠤᠭᠠᠢ ᠶᠢ ᠡᠪᠠᠦᠡᠭᠡᠨ ᠳᠠᠷᠢᠭᠢ ᠶᠢ ᠰᠢᠨᠠᠯᠭᠠᠨ ᠪᠠᠢ᠌ᠭ᠎ᠠ ᠡᠪᠠᠦᠡᠴᠢᠨ ᠤ ᠦᠨᠳᠦᠰᠦ ᠶᠢ ᠠᠷᠢᠯᠭᠠᠬᠤ ᠠᠯᠳᠠᠨ ᠵᠤᠷ ᠬᠠᠮᠢᠭ᠎ᠠ ᠪᠠᠢ᠌ᠨ᠎ᠠ ᠭᠡᠳᠡᠭ᠌ ᠲᠤ ᠯᠠ ᠳᠤᠰ ᠳᠤᠭᠤᠵᠢ ᠰᠠᠢ᠌ᠬᠠᠨ ᠬᠠᠷᠢᠭᠤᠯᠳᠠ ᠥᠭ᠍ᠴᠤ ᠪᠠᠢ᠌ᠨ᠎ᠠ᠃ ᠶᠠᠷᠤᠨᠢ ᠳᠤᠰ ᠳᠤᠭᠤᠵᠢ ᠳᠤ ᠶᠠᠭᠤ ᠪᠦᠭᠦᠨ ᠶᠢᠡᠨ ᠬᠠᠷᠠᠮ ᠦᠭᠡᠶ ᠥᠭ᠍ᠳᠡᠭ᠌ ᠡᠭᠡ ᠪᠠᠢ᠌ᠭᠠᠯᠢ ᠪᠠᠨ ᠡᠪᠳᠡᠯᠡᠨ ᠰᠥᠢᠦᠡᠭᠡᠴᠢᠭᠡᠤᠨ ᠭᠦᠮᠤᠨ ᠳᠦᠷᠦᠯᠭᠡᠳᠡᠨ ᠤ ᠭᠠᠷᠬᠤ ᠵᠠᠮ ᠬᠠᠮᠢᠭ᠎ᠠ ᠪᠠᠢ᠌ᠨ᠎ᠠ ᠭᠡᠳᠡᠭ᠌ ᠭᠦᠡᠳᠤ ᠠᠰᠠᠭᠤᠳᠠᠯ ᠭᠦᠮᠦᠰ ᠤᠨ ᠡᠮᠤᠨ᠎ᠡ ᠳᠠᠯᠪᠢᠭᠳᠠᠭᠰᠠᠨ ᠳᠤ ᠣᠮᠤᠭᠰᠢᠮᠠᠷ ︕

ᠭᠦᠮᠦᠰ ᠤᠨ ᠭᠠᠷ ᠲᠤ ᠬᠠᠷᠠᠬᠠᠨ ᠪᠣᠭᠢᠷᠳᠤᠭ᠎ᠠ ᠦᠭᠡᠶ ᠪᠠᠢ᠌ᠭ᠎ᠠ ᠡᠵᠡᠭᠦᠢ ᠭᠤᠪᠢ᠂ ᠪᠠᠯᠠᠷ ᠳᠠᠢ᠌ᠭ᠎ᠠ ᠪᠠᠷ ᠥᠯᠢᠭᠡᠷ ᠣᠢ᠌ᠯᠠ ᠶᠠᠪᠣᠳᠠᠯ ᠤᠨ ᠠᠷᠤ ᠭᠦᠰᠢᠭᠡ ᠪᠠᠨ ᠪᠣᠯᠭᠠᠵᠤ᠂ ᠣᠤᠭᠠᠯ ᠨᠤᠳᠤᠭ ᠤᠨ ᠶᠢᠡᠨ ᠡᠪᠠᠰᠤ ᠣᠷᠭᠤᠮᠠᠯ᠂ ᠪᠣᠯᠠᠭ ᠣᠰᠤᠨ ᠳᠤ ᠰᠢᠳᠤᠨ ᠠᠮᠢᠳᠤᠷᠠᠭ᠎ᠠ ᠨᠢᠮᠠᠳᠠᠷᠢ ᠡᠵᠢ (ᠭᠠᠯᠪᠠ ᠶᠢᠨ ᠭᠤᠪᠢ)᠂ ᠳᠠᠧᠨ ᠡᠪᠦᠭᠡᠨ᠂ ᡀᠠᠮᠤ ᠡᠵᠢ᠂ ᠭᠠᠩᠭ᠎ᠠ (ᠠᠮᠢᠨ ᠣᠰᠤᠨ) ᠨᠡᠷ ᠤᠨ ᠦᠷᠦᠰᠢᠶᠠᠯ ᠡᠨᠡᠷᠢᠯ ᠲᠡᠶ᠂ ᠪᠣᠷᠬᠠᠠᠰᠠᠭ ᠰᠠᠤᠠᠭᠢᠯ ᠲᠡᠶ᠂ ᠰᠢᠯᠤᠭᠤᠨ ᠴᠠᠢ᠌ᠯᠭᠠᠨ ᠳᠦᠷᠢᠰ ᠢ ᠱᠤᠭᠤᠨ ᠪᠣᠰᠬᠠᠭᠠᠤᠨ ᠭᠠᠨ᠎ᠠ (ᠭᠠᠯᠪᠠ ᠶᠢᠨ ᠭᠤᠪᠢ)᠂ ᠳᠤᠩᠭ᠎ᠠ (ᠠᠮᠢᠨ ᠣᠰᠤᠨ) ᠮᠠᠳᠤ ᠪᠠᠶ᠎ᠠ ᠮᠠᠬᠠᠪᠣᠤᠨ᠂ ᠣᠶᠤᠨ ᠰᠠᠨᠠᠭ᠎ᠠ ᠪᠠᠨ ᠬᠤᠳᠠ ᠶᠢᠨ ᠪᠣᠭᠢᠷᠳᠤᠯ ᠳᠤ ᠵᠡᠮᠳᠡᠭᠯᠡᠭ᠍ᠰᠡᠨ ᠵᠠᠯᠠᠭᠤᠰ ᠤᠨ ᠳᠦᠷᠢ ᠲᠡᠶ ᠬᠠᠷᠢᠴᠠᠭᠤᠯᠵᠤ ᠥᠵᠡᠭᠦᠯᠳᠡᠭ᠌ ᠨᠢ ᠠᠶᠤᠷ ᠭᠤᠸᠠᠢ ᠶᠢᠨ ᠪᠢᠷ ᠤᠨ ᠡᠷᠳᠡᠮ ᠭᠡᠯᠳᠡᠢ᠃ ᠭᠡᠭᠦ ᠳᠡᠭᠡᠨ ᠬᠤᠳᠠ ᠭᠦᠳᠡᠭᠡ ᠶᠢᠨ ᠠᠮᠢᠳᠤᠷᠠᠯ ᠤᠨ ᠵᠦᠷᠢᠶ᠎ᠠ ᠨᠢ ᠬᠤᠶᠠᠷ ᠰᠤᠶᠤᠯ ᠤᠨ ᠵᠦᠷᠢᠴᠠᠯ ᠪᠣᠯᠤᠨ ᠣᠢ᠌ᠯᠠ ᠶᠠᠪᠣᠳᠠᠯ ᠶᠢᠡᠨ ᠭᠡᠯᠭᠢᠨ ᠳᠠᠮᠤᠵᠤ᠂ ᠣᠩᠰᠢᠭᠴᠢᠳ ᠤᠨ ᠰᠤᠨᠢᠷᠬᠠᠯ ᠢ ᠭᠦᠡᠳᠡᠨ ᠴᠢᠨᠠᠭᠰᠢ ᠣᠯᠠᠨ ᠣᠯᠠᠨ ᠶᠠᠭᠤᠮᠠᠨ ᠤ ᠳᠦᠯᠦᠭᠡ ᠪᠣᠳᠤᠯᠭᠠᠰᠢᠷᠠᠨ ᠰᠠᠨᠠᠭᠠᠰᠢᠷᠠᠬᠤ ᠣᠷᠤᠨ ᠵᠠᠢ ᠣᠯᠭᠤᠳᠠᠭ ᠪᠠᠢ᠌ᠨ᠎ᠠ᠃ ᠠᠶᠤᠷ ᠭᠤᠸᠠᠢ ᠶᠢᠨ ᠳᠤᠭᠤᠵᠢᠰ ᠡᠴᠡ ᠪᠢᠳᠠ ᠡᠭᠡ ᠪᠠᠢ᠌ᠭᠠᠯᠢ ᠳᠠᠭᠠᠨ ᠰᠢᠳᠤᠨ ᠠᠮᠢᠳᠤᠷᠠᠳᠠᠭ ᠡᠭᠡᠯ ᠪᠣᠷᠤᠭᠵᠢᠭᠤᠨ᠂ ᠰᠢᠯᠤᠭᠤᠨ ᠰᠢᠳᠤᠷᠭᠤ ᠨᠡᠭᠦᠳᠡᠯᠴᠢᠳ ᠤᠨ ᠣᠤᠭᠠᠯ ᠳᠦᠷᠭᠦ ᠶᠢ ᠣᠯᠵᠤ ᠬᠠᠷᠠᠵᠤ ᠪᠣᠯᠤᠨ᠎ᠡ᠂ ᠪᠠᠰᠠ ᠳᠡᠭᠡᠭᠡᠤᠨ ᠪᠠᠢ᠌ᠭᠠᠯᠢ ᠳᠡᠯᠡᠭᠡᠢ ᠪᠠᠨ ᠡᠪᠳᠡᠨ ᠨᠢᠴᠦᠭᠦᠯᠡᠭᠦ ᠪᠠᠷ ᠵᠤᠭᠰᠤᠬᠤ ᠦᠭᠡᠶ ᠶᠠᠪᠤᠨ ᠶᠠᠪᠣᠳᠠᠯ᠎ᠠ ᠪᠠᠨ ᠭᠦᠮᠤᠨ ᠨᠢ ᠭᠦᠮᠤᠨ ᠶᠢᠡᠨ ᠪᠠᠷᠢᠭᠠᠤᠨ ᠢᠳᠠᠮᠠᠷ ᠪᠣᠯᠵᠤ ᠪᠠᠢ᠌ᠭ᠎ᠠ ᠬᠤᠳᠠ ᠶᠢᠨ ᠢᠷᠭᠡᠤᠨ ᠤᠨ ᠦᠨᠡᠨ ᠳᠦᠷᠢ ᠶᠢ ᠴᠤ ᠣᠯᠵᠤ ᠬᠠᠷᠠᠵᠤ ᠪᠣᠯᠤᠨ᠎ᠡ᠃ ᠥᠯᠢᠭᠡᠷ ᠶᠢᠡᠷ ᠪᠣᠳᠠᠳᠤ ᠠᠮᠢᠳᠤᠷᠠᠯ ᠤᠨ ᠪᠣᠷᠤ ᠵᠢᠷᠤᠭ ᠢ ᠳᠡᠯᠭᠡᠨ ᠥᠵᠡᠭᠦᠯᠵᠤ᠂ ᠭᠦᠮᠤᠨ ᠨᠡᠢ᠌ᠭᠡᠮ ᠤᠨ ᠶᠠᠷ᠎ᠠ ᠰᠢᠷᠬ᠎ᠠ ᠶᠢ ᠮᠠᠯᠳᠠᠨ ᠣᠶᠤᠨ ᠰᠠᠨᠠᠭᠠᠨ ᠤ ᠪᠣᠭᠢᠷᠳᠤᠯ ᠢ ᠠᠷᠢᠭᠤᠤᠠᠬᠠᠬᠤ ᠭᠡᠰᠡᠨ ᠶᠢᠡᠷ ᠶᠢᠡᠨ ᠠᠶᠤᠷ ᠭᠤᠸᠠᠢ ᠶᠢᠨ ᠳᠤᠭᠤᠵᠢᠰ ᠥᠩᠭᠡ ᠢᠯᠭᠠᠷᠠᠵᠤ ᠢᠷᠠᠨ᠎ᠡ᠃ ᠵᠠᠪᠰᠢᠶᠠᠨ ᠲᠤᠬᠢᠶᠠᠯ ᠢ ᠠᠯᠳᠠᠯ ᠦᠭᠡᠶ ᠠᠮᠢᠳᠤᠷᠠᠯ ᠢ ᠰᠤᠨᠢᠭᠤᠴᠢ ᠬᠠᠷᠠᠴᠠ ᠪᠠᠷ ᠨᠠᠷᠢᠪᠴᠢᠯᠠᠨ ᠰᠢᠠᠵᠢᠵᠤ᠂ ᠣᠢ᠌ᠯᠠ ᠶᠠᠪᠣᠳᠠᠯ ᠢ ᠣᠷᠭᠤᠭᠤᠯᠤᠨ ᠪᠣᠳᠤᠵᠤ᠂ ᠠᠮᠢᠳᠤᠷᠠᠯ ᠤᠨ ᠦᠨᠡᠨ ᠢ ᠣᠷᠠᠯᠢᠭ ᠤᠨ ᠦᠨᠡᠨ ᠪᠣᠯᠭᠠᠨ ᠰᠢᠷᠭᠠᠭᠠᠨ ᠪᠣᠯᠪᠠᠰᠤᠷᠠᠭᠤᠯᠵᠤ ᠴᠢᠳᠠᠳᠠᠭ ᠠᠪᠢᠶᠠᠰᠯᠢᠭ ᠵᠤᠬᠢᠶᠠᠯᠴᠢ ᠶᠢᠨ ᠭᠠᠷ ᠡᠴᠡ ᠰᠠ‍‌ᠶᠢ ᠰᠠᠢ᠌ᠨ ᠵᠤᠬᠢᠶᠠᠯ ᠭᠠᠷᠳᠠᠭ ᠨᠢ ᠦᠨᠡᠨ᠃ ᠠᠶᠤᠷ ᠭᠤᠸᠠᠢ ᠶᠢᠨ 《ᠠᠮᠢᠨ ᠣᠰᠤᠨ》 ᠳᠤᠭᠤᠵᠢ ᠠᠮᠵᠢᠯᠳᠠ ᠲᠡᠶ ᠪᠢᠴᠢᠭ᠍ᠳᠡᠯ᠎ᠡ᠃ ᠠᠮᠵᠢᠯᠳᠠ ᠲᠡᠶ ᠪᠢᠴᠢᠭ᠍ᠳᠡᠭ᠍ᠰᠡᠨ ᠤ ᠠᠨᠢᠰᠤ ᠨᠢ ᠠᠮᠢᠳᠤ ᠶᠠᠷᠢᠶᠠᠨ ᠤ ᠭᠡᠯᠡᠯᠭᠡ ᠶᠢ ᠣᠬᠠᠮᠰᠠᠷᠳᠠᠢ ᠵᠠᠷᠤᠵᠤ᠂ ᠭᠠᠯ ᠣᠰᠤ ᠰᠢᠭ ᠬᠠᠷᠰᠢᠭ᠎ᠠ ᠬᠤᠳᠠ ᠭᠦᠳᠡᠭᠡ ᠶᠢᠨ ᠠᠮᠢᠳᠤᠷᠠᠯ ᠢ ᠬᠠᠷᠢᠴᠠᠭᠤᠯᠤᠨ ᠥᠵᠡᠭᠦᠯᠦᠭᠡᠤᠨ ᠪᠦᠭᠦᠢᠯᠡ ᠭᠦᠮᠤᠨ ᠳᠦᠷᠦᠯᠭᠡᠳᠡᠨ ᠤ ᠡᠮᠤᠨ᠎ᠡ ᠳᠤᠯᠭᠠᠷᠠᠭ᠎ᠠ ᠰᠤᠶᠤᠯ ᠤᠨ ᠵᠦᠷᠢᠴᠠᠯ ᠭᠢᠭᠡᠤᠨ ᠭᠦᠮᠤᠨ ᠪᠠᠢ᠌ᠭᠠᠯᠢ ᠶᠢᠨ ᠠᠮᠢᠨ ᠰᠢᠳᠦᠯᠴᠡᠭᠡ ᠶᠢ ᠪᠢᠯᠢᠭ᠌ ᠤᠨ ᠨᠢᠳᠤ ᠪᠠᠷ ᠬᠠᠷᠠᠨ ᠣᠷᠠᠨ ᠵᠤᠬᠢᠶᠠᠯ ᠤᠨ ᠳᠤᠯᠢᠨ ᠳᠤ ᠳᠤᠰᠬᠠᠵᠤ ᠳᠠᠯᠪᠢᠭᠰᠠᠨ ᠳᠤ ᠪᠠᠢ᠌ᠨ᠎ᠠ᠃ ᠮᠦᠨᠴᠤ ᠪᠠᠢ᠌ᠭᠠᠯᠢ ᠶᠢ ᠰᠢᠳᠤᠨ ᠠᠮᠢ ᠶᠢ ᠳᠡᠭᠡᠳᠦᠯᠡᠭ᠍ᠰᠡᠨ ᠭᠦᠮᠦᠡᠯᠢᠭ᠌ ᠣᠬᠠᠮᠰᠠᠷ ᠲᠤ ᠪᠠᠢ᠌ᠨ᠎ᠠ᠃

ᠦᠪᠡᠷ ᠤᠨ ᠪᠠᠶ᠎ᠠ ᠮᠢᠨᠢ ᠡᠳᠦᠢ ᠳᠠᠳᠤᠢ ᠰᠢᠯᠦᠭ᠌ ᠤᠨ ᠰᠢᠭᠦᠮᠵᠢ ᠣᠷᠤᠯᠳᠤᠳᠠᠭ ᠴᠤ ᠳᠤᠭᠤᠵᠢᠰ ᠤᠨ ᠵᠤᠬᠢᠶᠠᠯ ᠳᠤ ᠠᠩᠬ᠎ᠠ ᠣᠳᠠᠭ᠎ᠠ ᠶᠠᠭᠤᠮ᠎ᠠ ᠪᠢᠴᠢᠵᠤ ᠪᠠᠢ᠌ᠬᠤ ᠨᠢ ᠡᠨᠡ᠃ ᠶᠠᠮᠠᠷ ᠬᠤᠭᠤᠰᠤᠨ ᠪᠢᠯᠠᠭᠤᠷᠳᠠᠨ ᠮᠠᠭᠳᠠᠬᠤ ᠭᠡᠰᠡᠨ ᠳᠡᠭᠡᠨ ᠪᠢᠰᠢ᠂ 《ᠠᠮᠢᠨ ᠣᠰᠤᠨ》 ᠭᠡᠮᠡᠭᠦ ᠳᠤᠰ ᠳᠤᠭᠤᠵᠢ ᠶᠢ ᠠᠪᠤᠨ ᠣᠩᠰᠢᠭᠰᠠᠨ ᠳᠠᠷᠠ ᠴᠠᠭ ᠡᠴᠡ ᠨᠢᠭᠡ ᠶᠠᠭᠤᠮ᠎ᠠ ᠭᠡᠯᠡᠭᠦ ᠦᠭᠡᠶ ᠥᠩᠭᠡᠷᠡᠪᠠᠯ ᠬᠣᠢ᠌ᠨ᠎ᠠ ᠨᠢ ᠬᠠᠷᠠᠮᠰᠠᠬᠤ ᠰᠢᠭ ᠰᠠᠨᠠᠭᠳᠠᠭᠠᠤᠨ ᠪᠠᠢ᠌ᠬᠤᠯᠠᠷ ᠶᠠᠭᠤ ᠪᠣᠯᠤᠭᠰᠠᠨ ᠴᠤ ᠰᠠᠨᠠᠭᠠᠨ ᠳᠠᠭᠠᠨ ᠭᠦᠷᠦᠭᠡᠤᠨ ᠠᠮᠤᠷᠠᠶ᠎ᠠ ᠭᠡᠵᠤ ᠪᠣᠳᠤᠭᠰᠠᠨ ᠨᠢ ᠦᠨᠡᠨ᠃ ᠡ᠊ᠨᠳᠡ ᠪᠢᠴᠢᠭ᠍ᠳᠡᠭ᠍ᠰᠡᠨ ᠵᠣᠢ᠌ᠯ ᠤᠳ ᠪᠣᠯ ᠵᠥᠪᠭᠡᠨ ᠮᠢᠨᠤ ᠬᠤᠪᠢ ᠶᠢᠨ ᠪᠣᠳᠤᠯ ᠦᠵᠡᠯᠳᠠ ᠳᠠᠳᠤᠢ᠂ ᠡᠷᠭᠢᠮ ᠮᠡᠷᠭᠡᠤᠨ ᠪᠣᠯᠭᠤᠭᠠᠨ ᠰᠢᠭᠦᠮᠵᠢᠯᠡᠭ᠍ᠳᠡᠭᠦᠨ ︕ ᠳᠠᠯᠢᠮ ᠳᠤ ᠨᠢ ᠠᠶᠤᠷᠵᠠᠨ᠎ᠠ ᠭᠤᠸᠠᠢ ᠶᠢᠨ ᠣᠢ᠌ᠯᠠᠰ ᠤᠨ ᠳᠦᠷᠦᠭᠡᠨ ᠳᠤ ᠰᠥ᠋ ᠳᠤᠰᠤᠭᠠᠶ᠎ᠠ ︕


ᠠᠰᠢᠭᠯᠠᠭᠰᠠᠨ ᠨᠤᠮ᠄

① 《ᠦᠨᠢᠷ ᠴᠡᠴᠡᠭ᠌》 ᠤᠨ 2008 ᠣᠨ ᠤ 10 ᠊᠊᠊᠊᠊᠊᠊᠊᠊᠊᠊᠊᠊᠊᠊ 11 ᠳ᠋ᠤᠭᠠᠷ ᠬᠤᠭᠤᠴᠠᠭ᠎ᠠ ᠪᠠ 2010 ᠣᠨ ᠤ 11 ᠊᠊᠊᠊᠊᠊᠊᠊᠊᠊᠊᠊᠊᠊᠊ 12 ᠳ᠋ᠤᠭᠠᠷ ᠬᠤᠭᠤᠴᠠᠭ᠎ᠠ

② 《ᠵᠤᠬᠢᠶᠠᠨ ᠪᠢᠴᠢᠭᠦ ᠵᠦᠢ》 (ᠯᠢᠶᠤᠤᠨᠢᠩ ᠤᠨ ᠦᠨᠳᠦᠰᠦᠳᠠᠨ ᠤ ᠭᠡᠪᠯᠡᠯ ᠤᠨ ᠬᠤᠷᠢᠶ᠎ᠠ 1993 ᠣᠨ)

③ 《ᠮᠤᠩᠭ᠋ᠤᠯ ᠵᠤᠬᠢᠶᠠᠯ ᠤᠨ ᠣᠨᠤᠯ ᠥᠭᠦᠯᠡᠭᠡ ᠶᠢᠨ ᠳᠡᠦᠭᠡᠨ ᠰᠢᠡᠵᠢᠯᠡᠭᠡ》 (ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠭᠡᠪᠯᠡᠯ ᠤᠨ ᠬᠤᠷᠢᠶ᠎ᠠ 1998 ᠣᠨ)


ᠵᠤᠬᠢᠶᠠᠭᠴᠢ ᠶᠢᠨ ᠬᠠᠶ‍ᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠯ·ᠤᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1907
ᠴᠠᠭ᠄ 2012 ᠤᠨ ᠤ 01 ᠰᠠᠷ᠎ᠠ ᠶᠢᠨ 03
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠥᠭᠥᠯᠡᠯ ᠰᠢᠭᠦᠮᠵᠢ - ᠴᠡᠪᠡᠷ ᠰᠢᠷᠭᠠᠭᠠᠮᠠᠯ ᠬᠡᠯᠡ ᠬᠡᠯᠡᠯᠭᠡ᠂ ᠴᠡᠯᠮᠡᠭ ᠰᠠᠷᠠᠭᠤᠯ ᠤᠶᠤᠨᠴᠢ ᠪᠢᠰᠢᠯᠭᠠᠯ