ᠴᠠᠢ ᠶᠢᠨ ᠴᠤᠮᠤᠨ ᠳ᠋ᠠᠭᠢ ᠦᠳᠭᠡᠨ ᠪᠦᠷᠦᠢ (ᠬᠤᠶᠠᠷ)

              1

ᠪᠢ ᠦᠵᠡᠯ ᠰᠠᠨᠠᠭᠠᠨ ᠤ ᠭᠢ ᠪᠠᠨ ᠭᠦᠨ ᠭᠦᠪ ᠡᠴᠡ ᠡᠯᠳᠡᠪ ᠵᠣᠢ᠌ᠯ ᠤᠨ ᠶᠠᠭᠤᠮᠠᠰ ᠱᠥᠭᠦᠵᠤ ᠭᠠᠷᠭᠠᠭᠠᠤᠨ ᠳᠡᠯᠭᠡᠵᠤ ᠳᠠᠯᠪᠢᠯ᠎ᠠ᠃

ᠵᠠᠷᠢᠮ ᠨᠢ ᠨᠠᠷᠠᠨ ᠳᠤ ᠢᠨᠢᠶᠠᠨ ᠳᠡᠯᠭᠡᠷᠡᠵᠤ ᠪᠠᠢ᠌ᠪᠠ᠂ ᠵᠠᠷᠢᠮ ᠨᠢ ᠭᠡᠷᠡᠯ ᠡᠴᠡ ᠳᠠᠯᠳᠠᠴᠢᠨ ᠢᠴᠢᠵᠤ ᠪᠠᠢ᠌ᠪᠠ᠂ ᠵᠠᠷᠢᠮ ᠨᠢ ᠰᠡᠭᠦᠳᠡᠷ ᠵᠥᠭ᠌ ᠠᠮᠢ ᠳᠠᠮᠠᠴᠠᠨ ᠳᠤᠳᠠᠭᠠᠵᠤ ᠪᠠᠢ᠌ᠪᠠ᠃

              2

ᠪᠢ ᠪᠣᠯ ᠨᠢᠭᠡ ᠮᠤᠳᠤ ᠶᠤᠮ ᠡ ︕ ᠭᠡᠭᠦ ᠳᠤ ᠪᠠᠨ ᠴᠢᠨᠤ ᠯᠠ ᠲᠦᠯᠦᠭᠡ ᠳᠡᠯᠭᠡᠷᠡᠳᠡᠭ᠌ ᠣᠶᠠᠩᠭ᠋ᠠᠳᠤ ᠮᠤᠳᠤ ᠶᠤᠮ ᠰᠢᠤ᠃

ᠴᠢ ᠮᠢᠨᠢ ᠨᠠᠳᠠ ᠳᠡᠭᠡᠷ᠎ᠡ ᠪᠠᠨ ᠢᠷᠠᠵᠤ ᠰᠠᠯᠭᠢ ᠰᠢᠭ ᠰᠢᠪᠠᠨᠠᠨᠠᠮ ᠪᠣᠯᠪᠠ ᠦᠦ ︖ ᠰᠢᠪᠠᠭᠤ ᠰᠢᠭ᠌ ᠳᠠᠭᠤᠯᠠᠨᠠᠮ ᠪᠣᠯᠪᠠ ᠦᠦ ︖

               3

ᠰᠢᠷᠤᠢ ᠪᠠ ᠰᠠᠯᠭᠢ ᠬᠤᠭᠤᠷᠤᠠᠳᠤ ᠪᠠᠨ 《ᠪᠦᠷ ᠴᠢᠨᠤ ᠣᠷᠰᠢᠭ ᠶᠢᠡᠷ ᠣᠯᠤᠰ ᠨᠠᠮ᠎ᠠ ᠶᠢ 〈ᠡᠯᠡᠰᠤᠨ ᠰᠢᠭᠤᠷᠭ᠎ᠠ〉 ᠭᠡᠵᠤ ᠨᠠᠷᠠᠯᠠᠨ ᠵᠥᠭᠡᠵᠤ ᠪᠠᠢ᠌ᠨ᠎ᠠ》 ᠭᠡᠵᠤ ᠭᠡᠷᠡᠭᠦᠯ ᠭᠢᠵᠤ ᠪᠠᠢ᠌ᠯ᠎ᠠ᠃

ᠭᠦᠮᠤᠨ ᠬᠠᠵᠠᠭᠤ ᠳᠤ ᠨᠢ ᠳᠤᠪ ᠳᠤᠭᠤᠢ᠃

              4

ᠵᠠᠮ ᠤᠨ ᠬᠠᠵᠠᠭᠤ ᠳ᠋ᠠᠭᠢ ᠡᠩᠭᠦᠷᠡᠢ ᠴᠡᠴᠡᠭ᠍ᠡᠰ ᠰᠠᠯᠭᠢᠨ ᠳᠤ ᠳᠤᠭᠢᠯᠵᠠᠬᠤ ᠨᠢ ᠨᠠᠮ᠎ᠠ ᠶᠢ ᠣᠭᠳᠤᠨ ᠶᠤᠰᠤᠯᠠᠬᠤ ᠰᠢᠭ᠂ ᠨᠠᠳᠠ ᠲᠡᠶ ᠭᠠᠷ ᠳᠠᠯᠠᠯᠤᠨ ᠰᠠᠯᠤᠯᠴᠠᠬᠤ ᠴᠤ ᠰᠢᠭ ᠦᠨᠡᠠᠴᠢ ᠭᠦᠭᠡᠷᠦᠭᠦᠨ᠃

ᠦᠨᠡᠨ ᠳᠤ ᠪᠠᠨ ᠪᠢ ᠪᠣᠯ ᠴᠢᠮ᠎ᠠ ᠶᠢ ᠮᠤᠷᠢᠨ ᠳᠠᠪᠭᠢᠭ᠎ᠠ ᠪᠠᠷ ᠰᠤᠨᠢᠷᠬᠠᠭᠠᠤᠨ ᠯᠠ ᠥᠩᠭᠡᠷᠡᠭᠦ ᠠᠶᠠᠨ ᠤ ᠭᠦᠮᠤᠨ ᠶᠤᠮ ᠰᠢᠤ᠃

              5

ᠳᠤᠷᠠᠳᠬᠠᠯ ᠤᠨ ᠨᠤᠭᠤᠭᠠᠨ ᠵᠡᠭᠦᠳᠤᠨ ᠤ ᠮᠢᠨᠢ ᠭᠡᠯᠳᠡᠰ ᠳᠡᠭᠡᠷ᠎ᠡ ᠨᠢᠭᠡᠨ ᠡᠷᠪᠠᠭᠡᠢ ᠰᠠᠭᠤᠴᠢᠬᠠᠭᠠᠤᠨ ᠢᠨᠠᠭ ᠤᠨ ᠳᠠᠭᠤᠤ ᠳᠠᠭᠤᠯᠠᠨ᠎ᠠ᠃

ᠳᠠᠷᠠ ᠳᠠᠭᠤᠤ ᠵᠡᠭᠦᠳᠤᠨ ᠤ ᠬᠤᠷᠸ᠎ᠠ ᠶᠢ ᠭᠡᠷᠡᠯ ᠶᠢᠡᠷ ᠶᠢᠡᠨ ᠰᠥᠯᠡᠭᠦ ᠳᠤ ᠪᠢ ᠴᠤ ᠦᠪᠡᠷ ᠶᠢᠡᠨ ᠡᠷᠪᠠᠭᠡᠢ ᠬᠤᠪᠢᠯᠵᠤ ᠬᠤᠤᠰ ᠵᠢᠭᠦᠷ ᠶᠢᠡᠷ ᠶᠢᠡᠨ ᠣᠯᠠᠨ ᠵᠢᠯ ᠤᠨ ᠡᠮᠦᠨᠡᠭᠢ ᠬᠠᠢ᠌ᠷ᠎ᠠ ᠶᠢᠨ ᠥᠭᠡ ᠪᠢᠯᠬᠠᠭᠰᠠᠨ ᠰᠡᠳᠭᠢᠯ ᠤᠨ ᠴᠡᠩᠭᠡᠷ ᠠᠭᠠᠷ ᠢ ᠰᠡᠯᠢᠭ᠍ᠰᠡᠭᠡᠷ ᠳᠡᠭᠦᠨ ᠵᠥᠭ᠌ ᠵᠢᠳᠭᠦᠨ ᠳᠠᠮᠠᠤᠯᠠᠨ᠎ᠡ᠃

              6

ᠨᠠᠢ᠌ᠵᠢ ᠮᠢᠨᠢ ᠡ᠂ ᠪᠢ ᠴᠢᠮ᠎ᠠ ᠳᠤ ᠨᠢᠭᠡ ᠪᠣᠭᠴᠤ ᠳᠤᠰᠤ ᠭᠤᠭᠤᠵᠢᠭᠰᠠᠨ ᠨᠠᠮᠤᠷ ᠤᠨ ᠰᠢᠷᠭᠠᠯ ᠥᠭᠡ ᠪᠠᠯᠡᠭᠯᠡᠶ᠎ᠡ ︕ ᠰᠡᠳᠭᠢᠯ ᠰᠠᠨᠠᠭ᠎ᠠ ᠴᠢᠨᠢ ᠬᠠᠪᠣᠷᠰᠢᠨ ᠳᠠᠷᠴᠢᠭᠳᠠᠬᠤ ᠦᠶ᠎ᠡ ᠪᠠᠷ ᠠᠪᠴᠤ ᠭᠠᠷᠭᠠᠭᠠᠤᠨ ᠭᠡᠷᠡᠭᠯᠡᠭᠡᠷᠡᠢ ︕

              7

ᠥᠭᠡ ᠭᠡᠯᠡ ᠪᠣᠯ ᠵᠣᠢ᠌ᠯ ᠤᠨ ᠥᠩᠭᠡ ᠪᠠᠷ ᠳᠤᠩᠭ᠋ᠤᠳᠴᠤ ᠪᠠᠢ᠌ᠭ᠎ᠠ ᠣᠯᠠᠨ ᠶᠠᠩᠵᠤ ᠶᠢᠨ ᠰᠢᠪᠠᠭᠤᠳ ᠶᠤᠮ᠃

ᠭᠠᠭᠴᠠ ᠭᠦ ᠳᠠᠳᠠᠨ ᠲᠡᠶ ᠭᠡ ᠦᠭᠡᠶ ᠣᠢ᠌ᠯᠠᠭᠠᠯᠴᠠᠨ ᠳᠠᠰᠤᠯᠴᠠᠪᠠᠯ ᠰᠠ‍‌ᠶᠢ ᠴᠢᠮ᠎ᠠ ᠳᠤ ᠭᠤᠸ᠎ᠠ ᠰᠠᠢ᠌ᠬᠠᠨ ᠳᠠᠭᠤᠤ ᠪᠠᠨ ᠳᠠᠭᠤᠯᠠᠵᠤ ᠦᠭ‍ᠭᠦ ᠪᠣᠯᠤᠨ᠎ᠠ᠃


ᠵᠤᠬᠢᠶᠠᠭᠴᠢ ᠶᠢᠨ ᠬᠠ‍‌ᠶᠢᠭ ᠄ ᠠᠷᠤ ᠬᠤᠷᠴᠢᠨ ᠬᠤᠰᠢᠭᠤᠨ ᠤ ᠴᠢᠪᠠᠭ᠎ᠠ ᠶᠢᠨ ᠬᠤᠶᠠᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠭᠠ᠊·ᠪᠦᠳᠦᠭᠡᠭ᠍ᠴᠢ
ᠬᠠᠷᠢᠶ᠎ᠠ᠄ ᠰᠢᠯᠦᠭ
ᠳᠠᠷᠤᠮ᠄ 1864
ᠴᠠᠭ᠄ 2011 ᠤᠨ ᠤ 07 ᠰᠠᠷ᠎ᠠ ᠶᠢᠨ 29