ᠴᠢᠮᠡᠭᠡ ᠦᠭᠡᠶ ᠬᠠᠭᠠᠭᠳᠠᠬᠤ ᠣᠳᠠᠰᠤᠨ ᠤ ᠴᠠᠭᠠᠨ᠎ᠠ ᠁

ᠣᠮᠤᠭᠯᠠᠩ ᠨᠠᠰᠤᠨ ᠤ ᠬᠠᠢ᠌ᠷ᠎ᠠ ᠶᠢᠨ ᠳᠠᠭᠤᠤ ᠶᠢ

ᠬᠠᠷᠠᠴᠠᠨ ᠡᠴᠠ ᠴᠢᠨᠢ ᠡᠷᠢᠵᠤ  

ᠣᠨ ᠵᠢᠯ ᠤᠨ ᠪᠠᠶᠠᠷ ᠭᠤᠨᠢᠭ ᠢ  

ᠰᠤᠷᠮᠤᠤᠰᠤ ᠪᠠᠷ ᠴᠢᠨᠢ ᠳᠤᠭᠠᠯᠠᠨ  

    

ᠣᠶᠠᠷᠠᠭᠤᠨ ᠳᠠᠩᠰᠤᠭ ᠰᠢᠯᠦᠭ᠌ ᠤᠨ ᠴᠢᠨᠢ ᠠᠮᠢᠰᠬᠤᠭ᠎ᠠ ᠵᠢ  

ᠮᠥᠩᠭᠡ ᠶᠢᠨ ᠣᠰᠤᠨ ᠰᠢᠭ ᠠᠮᠳᠠᠯᠠᠵᠤ  

ᠡᠷᠭᠢᠵᠤ ᠣᠯᠠᠳᠠᠮ᠎ᠠ ᠦᠭᠡᠶ ᠡᠷᠭᠡ ᠨᠠᠰᠤ ᠶᠢ ᠴᠢᠨᠢ  

ᠣᠷᠴᠢᠯᠠᠩ ᠡᠴᠠ ᠪᠣᠴᠠᠭᠠᠵᠤ ᠨᠡᠭᠡᠮᠡᠷ    

    

ᠶᠠᠪᠣᠭᠠᠤᠨ ᠢᠷᠠᠨ᠎ᠡ ᠭᠡᠰᠡᠨ ᠬᠤᠶᠠᠷᠬᠠᠨ ᠥᠭᠡᠨ ᠳ᠋ᠤ  

ᠬᠠᠢ᠌ᠷ᠎ᠠ ᠶᠢᠨ ᠬᠠᠰᠢᠯᠭ᠎ᠠ ᠢᠪᠠᠷᠠᠵᠤ  

ᠶᠡᠯᠢᠭᠦᠢ ᠵᠠᠢ᠌ᠷᠳᠤᠭᠰᠠᠨ ᠬᠦᠩᠭᠡᠨ ᠰᠡᠭᠦᠷᠡᠰᠦᠯᠡᠯ ᠳ᠋ᠤ  

ᠰᠡᠳᠭᠢᠯ ᠤᠨ ᠳᠡᠩᠭᠡᠭᠡ ᠠᠯᠳᠠᠭᠤᠷᠠᠵᠤ  

    

ᠴᠢᠮᠡᠭᠡ ᠦᠭᠡᠶ ᠬᠠᠭᠠᠭᠳᠠᠬᠤ ᠣᠳᠠᠰᠤᠨ ᠤ ᠴᠠᠭᠠᠨ᠎ᠠ  

ᠳᠤᠯᠭᠢᠶᠠᠨ ᠶᠠᠭᠤ ᠨᠢᠭᠡ ᠳᠤᠳᠠᠭᠠᠤᠨ  

ᠴᠢᠮ᠎ᠠ ᠶᠢ ᠥᠭᠡᠢ᠌ᠯᠡᠵᠤ ᠡᠳᠦᠷ ᠬᠤᠨᠤᠭ  

ᠬᠤᠯᠠ ᠶᠢᠨ ᠨᠤᠳᠤᠭ ᠲᠤ ᠡᠢ᠌ᠯᠰᠢᠪᠡ ᠁


               2011.7.13.16᠄ 00


ᠵᠤᠬᠢᠶᠠᠭᠴᠢ ᠶᠢᠨ ᠬᠠ‍‌ᠶᠢᠭ ᠄ ᠣᠯᠭᠠᠠᠬᠠᠳᠠ ᠬᠤᠳᠠ

ᠵᠤᠬᠢᠶᠠᠭᠴᠢ᠄ ᠰᠠᠷᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1451
ᠴᠠᠭ᠄ 2011 ᠤᠨ ᠤ 10 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁