ᠣᠶᠤᠨ ᠤ ᠭᠦᠷᠦᠰᠤᠨ ᠳᠤ ᠰᠤᠶᠤᠭᠠᠯᠠᠭᠰᠠᠨ ᠪᠢᠯᠢᠭ᠌ ᠤᠨ ᠬᠤᠷ᠎ᠠ
᠊᠊᠊᠊᠊᠊᠊᠊᠊᠊᠊᠊᠊᠊᠊ 《 ᠨᠠᠭᠢᠶ᠎ᠠ》 ᠰᠡᠳᠭᠦᠯ ᠤᠨ ᠭᠡᠪᠯᠡᠯ ᠡᠭᠢᠯᠡᠭ᠍ᠰᠡᠨ 40 ᠵᠢᠯ ᠤᠨ ᠣᠢ ᠳᠤ ᠵᠤᠷᠢᠭᠤᠯᠪᠠ

ᠠᠩᠬ᠎ᠠ 《ᠨᠠᠭᠢᠶ᠎ᠠ》 ᠰᠡᠳᠭᠦᠯ ᠲᠡᠶ ᠳᠠᠨᠢᠯᠴᠠᠭᠰᠠᠨ ᠮᠢᠨᠢ ᠪᠠᠭ᠎ᠠ ᠰᠤᠷᠭᠠᠭᠤᠯᠢ ᠶᠢᠨ ᠳᠠᠪᠣᠳᠤᠭᠠᠷ ᠣᠨ ᠪᠠᠢ᠌ᠭᠰᠠᠨ ᠠᠵᠠᠢ᠃ ᠳᠠᠷᠠ ᠦᠶᠡᠰ ᠮᠢᠨᠤ ᠰᠤᠷᠤᠯᠴᠠᠵᠤ ᠪᠠᠢ᠌ᠭᠰᠠᠨ ᠰᠤᠷᠭᠠᠭᠤᠯᠢ ᠳᠤ ᠣᠳᠤᠭᠢ ᠰᠢᠭ ᠡᠯᠳᠡᠪ ᠤᠨ ᠨᠤᠮ ᠪᠢᠴᠢᠭ᠌᠂ ᠰᠦᠨᠢᠨ ᠰᠡᠳᠭᠦᠯ ᠪᠠᠢ᠌ᠭ᠎ᠠ ᠦᠭᠡᠶ᠃ ᠪᠣᠳᠤᠪᠠᠯ ᠴᠤ ᠨᠥᠭᠦᠴᠡᠯ ᠠᠨᠢ ᠳᠤᠬᠠᠢ ᠶᠢᠨ ᠦᠶᠡᠰ ᠵᠠᠭᠤ ᠭᠠᠷᠣᠢ᠌ᠬᠠᠨ ᠡᠷᠦᠭᠡ ᠲᠡᠶ ᠮᠠᠯᠴᠢᠳ ᠤᠨ ᠵᠢᠵᠢᠭ᠌ ᠳᠤᠰᠬᠤᠨ ᠤ ᠪᠠᠭ᠎ᠠ ᠰᠤᠷᠭᠠᠭᠤᠯᠢ ᠳᠤ ᠶᠠᠮᠠᠷ ᠯᠠ ᠣᠯᠢᠭ ᠲᠡᠶ ᠪᠢᠴᠢᠭ᠌ ᠬᠠᠷ᠎ᠠ᠂ ᠰᠤᠨᠢᠨ ᠰᠡᠳᠭᠦᠯ ᠪᠠᠢ᠌ᠬᠤ ᠪᠢᠯᠠ᠃ ᠰᠤᠷᠬᠤ ᠪᠢᠴᠢᠭ᠌ ᠶᠢᠡᠨ ᠴᠠᠭ ᠲᠤ ᠪᠠᠨ ᠳᠤᠰᠤᠨ ᠣᠯᠵᠤ ᠪᠠᠢ᠌ᠭᠰᠠᠨ ᠨᠢ ᠬᠠᠷᠢᠨ ᠢᠳᠡᠭᠡᠮᠡᠷ ᠦᠭᠡᠶ ᠣᠴᠢᠷ ᠳ᠋ᠠ᠃

ᠮᠠᠨ ᠤ ᠨᠤᠳᠤᠭ ᠤᠨ ᠥᠭᠡᠨ ᠳᠤ 《ᠭᠦᠮᠤᠨ ᠦᠭᠡᠶ ᠪᠠᠷ ᠳᠤᠳᠠᠬᠤ ᠡᠴᠡ ᠪᠢᠰᠢ᠂ ᠮᠠᠭᠤ ᠪᠠᠷ ᠳᠤᠳᠠᠳᠠᠭ ᠥᠭᠡᠢ》 ᠭᠡᠰᠡᠨ ᠮᠡᠷᠭᠡᠨ ᠭᠡᠯᠡᠴᠡ ᠪᠠᠢ᠌ᠳᠠᠭ᠃ ᠠᠮᠢᠳᠤᠷᠠᠯ ᠥᠢᠯᠡᠳᠦᠯᠭᠡ ᠶᠢᠨ ᠳᠤᠮᠳᠠ ᠡᠴᠡ ᠰᠢᠷᠭᠠᠵᠤ ᠠᠪᠣᠭᠰᠠᠨ ᠭᠦᠨ ᠣᠬᠠᠭᠠᠨ ᠪᠠᠢ᠌ᠯᠭᠦᠢ ︕ ᠭᠦᠮᠤᠨ ᠶᠠᠷᠤᠨᠢ ᠪᠠᠢ᠌ᠬᠤ ᠦᠭᠡᠶ ᠶᠠᠭᠤᠮ᠎ᠠ ᠪᠠᠷ ᠯᠠ ᠳᠤᠳᠠᠬᠤ ᠡᠴᠡ ᠪᠢᠰᠢ᠂ ᠪᠠᠢ᠌ᠬᠤ ᠶᠠᠭᠤᠮ᠎ᠠ ᠪᠠᠷ ᠳᠤᠳᠠᠳᠠᠭ ᠦᠭᠡᠶ ᠨᠢ ᠦᠨᠡᠨ᠃ ᠡᠳᠦᠷᠵᠢᠨ ᠭᠠᠭᠴᠠᠬᠠᠨ ᠮᠠᠭᠤ ᠠᠷᠠᠰᠤᠨ ᠪᠦᠮᠪᠦᠭᠡ ᠲᠡᠶ ᠪᠠᠨ ᠨᠤᠴᠤᠯᠳᠤᠨ ᠰᠤᠯᠠ ᠴᠠᠭ ᠶᠢᠡᠨ ᠪᠠᠷᠠᠨ ᠶᠠᠳᠠᠳᠠᠭ ᠭᠡᠳᠤᠨ ᠰᠤᠷᠤᠭᠴᠢᠳ ᠤᠨ ᠶᠢᠡᠨ ᠣᠶᠤᠨ ᠤ ᠴᠠᠩᠭ᠋ᠠᠭ᠎ᠠ ᠶᠢ ᠳᠠᠢ᠌ᠯᠬᠤ ᠭᠡᠵᠤ ᠪᠠᠭᠰᠢ ᠨᠡᠷ ᠮᠢᠨᠢ ᠮᠦᠨ ᠵᠦᠳᠡᠷᠡᠭᠦ ᠶᠢᠨ ᠭᠢᠷᠢ ᠪᠠᠷ ᠵᠢᠳᠭᠦᠨ ᠴᠢᠷᠮᠠᠢ᠌ᠵᠤ ᠪᠠᠢ᠌ᠭᠰᠠᠨ ᠨᠢ ᠮᠢᠨᠤ ᠰᠠᠨᠠᠭᠠᠨ ᠳᠤ ᠳᠤᠳᠤᠬᠠᠨ᠃ ᠠᠷᠭ᠎ᠠ ᠶᠠᠳᠠᠬᠤ ᠳᠤ ᠪᠠᠨ ᠯᠠ ᠠᠪᠣᠭᠰᠠᠨ ᠠᠷᠭ᠎ᠠ ᠪᠠᠢ᠌ᠬᠤ ᠳ᠋ᠠ᠃ ᠪᠠᠭᠰᠢ ᠨᠡᠷ ᠮᠠᠨᠢ ᠦᠪᠡᠷ ᠲᠤ ᠨᠢ ᠪᠠᠢ᠌ᠭᠰᠠᠨ ᠪᠠᠭ᠎ᠠ ᠰᠠᠭ᠎ᠠ ᠨᠤᠮ ᠳᠠᠪᠳᠠᠷ᠂ ᠬᠤᠪᠢ ᠳᠤ ᠪᠠᠨ ᠵᠠᠭᠢᠶᠠᠯᠠᠭᠰᠠᠨ ᠰᠤᠨᠢᠨ ᠰᠡᠳᠭᠦᠯ ᠶᠢᠡᠨ ᠨᠡᠢ᠌ᠯᠡᠭᠦᠯᠦᠭᠡᠳ ᠰᠤᠷᠭᠠᠭᠤᠯᠢ ᠳᠤ ᠪᠠᠨ ᠵᠢᠵᠢᠭ᠍ᠭᠢᠨ 《  ᠣᠩᠰᠢᠯᠭ᠎ᠠ ᠶᠢᠨ ᠦᠷᠦᠭᠡ》 ᠭᠠᠷᠭᠠᠭᠰᠠᠨ ᠨᠢ ᠳᠠᠯ᠎ᠠ ᠶᠢᠨ ᠪᠠᠯᠴᠢᠭᠡᠷ ᠡᠴᠡ ᠪᠠᠨ ᠬᠤᠯᠠᠳᠠᠭ᠎ᠠ ᠦᠭᠡᠶ᠂ ᠲ᠋ᠠᠭᠢᠮ ᠤᠨ ᠊ᠭ᠍‍ᠬᠢᠷ ᠡᠴᠡ ᠪᠠᠨ ᠰᠠᠯᠤᠭ᠎ᠠ ᠦᠭᠡᠶ ᠪᠢᠳᠠᠨ ᠳᠤ ᠪᠠᠨ ᠴᠤᠬᠤᠮ ᠣᠯᠤᠰ ᠤᠨ ᠨᠤᠮ ᠤᠨ ᠰᠠᠩ ᠭᠡᠵᠤ ᠮᠠᠳᠠ᠃ ᠰᠠᠨᠠᠭ᠎ᠠ ᠣᠶᠠᠭᠳᠠᠭᠠᠤᠨ ᠰᠡᠳᠭᠢᠯ ᠳᠦᠭᠦᠷᠦᠭᠡᠳ ᠨᠢᠭᠡ ᠯᠠ ᠰᠠᠢ᠌ᠬᠠᠨ ᠪᠠᠢ᠌ᠭᠰᠠᠨ᠃ ᠮᠢᠨᠤ ᠰᠡᠳᠭᠢᠯ ᠤᠨ ᠭᠦᠨ ᠳᠤ ᠳᠠᠮᠠᠭᠠᠯᠠᠭᠳᠠᠨ ᠦᠯᠡᠳᠡᠭ᠍ᠰᠡᠨ ᠳᠠᠷᠠ ᠵᠢᠵᠢᠭ᠍ᠭᠢᠨ ᠣᠩᠰᠢᠯᠭ᠎ᠠ ᠶᠢᠨ ᠦᠷᠦᠭᠡᠨ ᠳᠤ ᠪᠢ ᠠᠩᠬ᠎ᠠ 《ᠨᠠᠭᠢᠶ᠎ᠠ》 ᠰᠡᠳᠭᠦᠯ ᠢ ᠣᠯᠵᠤ ᠣᠩᠰᠢᠭᠰᠠᠨ ᠶᠤᠮ᠃ ᠭᠠᠳᠠᠷ ᠨᠢᠭᠤᠷ ᠳᠠᠯ᠎ᠠ ᠨᠢ ᠪᠠᠬᠠᠨ ᠡᠯᠡᠭ᠍ᠳᠡᠨ ᠬᠠᠭᠤᠴᠢᠷᠠᠭᠰᠠᠨ ᠴᠤ ᠳᠤᠳᠤᠷᠠᠭᠢ ᠦᠰᠦᠭ᠌ ᠵᠢᠷᠤᠭ ᠨᠢ ᠪᠦᠷ ᠮᠢᠨᠤ ᠮᠠᠳᠠᠵᠤ ᠣᠢ᠌ᠯᠠᠭᠠᠳᠠᠭ᠂ ᠳᠤᠷᠠᠯᠠᠳᠠᠭ ᠳᠠᠭᠠᠰᠢᠶᠠᠳᠠᠭ ᠵᠣᠢ᠌ᠯ ᠤᠳ ᠪᠠᠢ᠌ᠭᠰᠠᠨ ᠨᠢ ᠨᠠᠳᠠ ᠪᠠᠨ ᠬᠠᠭ᠎ᠠ ᠪᠠᠶᠠᠷᠯᠠᠭᠤᠯᠵᠤ᠂ ᠣᠶᠤᠨ ᠤ ᠰᠠᠠᠰᠠᠷ ᠶᠢᠡᠷ ᠪᠢᠯᠢᠭ᠌ ᠤᠨ ᠵᠢᠭᠦᠷ ᠶᠢᠡᠨ ᠳᠡᠯᠭᠡᠨ ᠨᠢᠰᠭᠦ ᠳᠤ ᠨᠥᠭᠦᠴᠡᠯ ᠪᠦᠷᠢᠯᠳᠦᠭᠦᠯᠤᠨ ᠥᠭ᠍ᠴᠡᠢ᠃ ᠲ᠋ᠡᠷᠡ ᠴᠠᠭ ᠡᠴᠡ ᠡᠭᠢᠯᠡᠨ 《ᠨᠠᠭᠢᠶ᠎ᠠ》 ᠰᠡᠳᠭᠦᠯ ᠨᠠᠳᠠ ᠳᠤ ᠨᠤᠮ ᠲᠡᠶ ᠨᠥᠭᠦᠷᠯᠡᠭᠦ ᠶᠢᠨ ᠵᠢᠩᠭᠢᠨᠢ ᠠᠮᠳᠠ ᠶᠢ ᠳᠠᠨᠢᠭᠤᠯᠤᠭᠰᠠᠨ ᠨᠤᠮ ᠣᠩᠰᠢᠬᠤ ᠶᠢᠨ ᠭᠢᠵᠠᠭᠠᠷ ᠦᠭᠡᠶ ᠬᠠᠪᠣ ᠴᠡᠩᠭᠡᠯ ᠢ ᠣᠯᠭᠤᠭᠰᠠᠨ ᠪᠠᠭᠰᠢ ᠪᠣᠯᠤᠨ ᠭᠢᠴᠢᠶᠠᠯ ᠤᠨ ᠪᠢᠴᠢᠭ᠌ ᠡᠴᠡ ᠰᠤᠷᠴᠤ ᠴᠢᠳᠠᠳᠠᠭ ᠦᠭᠡᠶ ᠠᠷᠪᠢᠨ ᠵᠣᠢ᠌ᠯ ᠢ ᠨᠤᠮ ᠡᠴᠡ ᠦᠪᠡᠷ ᠶᠢᠡᠨ ᠰᠤᠷᠴᠤ ᠪᠣᠯᠳᠠᠭ ᠶᠤᠰᠤ ᠶᠢ ᠵᠢᠭᠠᠭᠰᠠᠨ᠃ ᠡᠢ᠌ᠮᠤ ᠡᠴᠡ 《ᠨᠠᠭᠢᠶ᠎ᠠ》 ᠰᠡᠳᠭᠦᠯ ᠪᠣᠯ ᠮᠢᠨᠤ ᠨᠢᠯᠬ᠎ᠠ ᠣᠶᠤᠨ ᠳᠤ ᠪᠠᠭᠤᠭᠰᠠᠨ ᠪᠢᠴᠢᠭ᠌ ᠤᠨ ᠬᠤᠷ᠎ᠠ᠂ ᠨᠢᠯᠬ᠎ᠠ ᠶᠢᠨ ᠣᠬᠠᠭᠠᠨ ᠳᠤ ᠬᠠᠷᠪᠣᠭᠰᠠᠨ ᠪᠢᠯᠢᠭ᠌ ᠤᠨ ᠣᠳᠤᠳ ᠪᠣᠯᠬᠤ ᠶᠤᠰᠤᠳᠠᠢ ︕

ᠬᠤᠵᠢᠮ ᠨᠢ ᠪᠢ ᠠᠩᠬ᠎ᠠ ᠳᠤᠮᠳᠠᠳᠤ᠂ ᠪᠠᠭᠰᠢ ᠶᠢᠨ ᠰᠤᠷᠭᠠᠭᠠᠤᠯᠢ ᠪᠠᠷ ᠪᠢᠴᠢᠭ᠌ ᠤᠨ ᠮᠦᠷ ᠭᠦᠭᠡᠭᠡᠵᠤ ᠶᠠᠪᠣᠬᠤ ᠳᠤ ᠪᠠᠨ ᠨᠤᠮ ᠡᠴᠡ ᠶᠠᠷᠤ ᠰᠠᠯᠤᠭ᠎ᠠ ᠦᠭᠡᠶ᠃ ᠮᠤᠩᠭ᠋ᠤᠯ ᠨᠤᠮ ᠪᠢᠴᠢᠭ᠌᠂ ᠰᠤᠨᠢᠨ ᠰᠡᠳᠭᠦᠯ ᠡᠳᠦᠷ ᠤᠨ ᠤᠳᠤ᠂ ᠡᠪᠦᠯ ᠤᠨ ᠴᠡᠴᠡᠭ᠌ ᠰᠢᠭ᠌ ᠬᠤᠪᠣᠷᠬᠠᠨ ᠪᠠᠢ᠌ᠭᠰᠠᠨ ᠦᠶᠡᠰ ᠬᠠᠶᠠ ᠨᠢᠭᠡ ᠣᠯᠳᠠᠪᠠᠯ ᠴᠤᠬᠤᠮ ᠴᠤ ᠬᠤᠭᠤᠯᠠ ᠶᠢᠨ ᠣᠷᠤᠨ ᠳᠤ ᠬᠤᠭᠤᠯᠠ᠂ ᠨᠣᠢ᠌ᠷ ᠤᠨ ᠣᠷᠤᠨ ᠳᠤ ᠨᠣᠢ᠌ᠷ ᠭᠢᠵᠤ ᠶᠠᠪᠣᠭᠰᠠᠨ᠃

ᠴᠠᠭ ᠨᠡᠢ᠌ᠭᠡᠮ ᠤᠨ ᠳᠦᠷᠭᠡᠨ ᠬᠤᠪᠢᠰᠤᠯ ᠳᠤ ᠣᠳᠤᠬᠠᠨ ᠤ ᠰᠤᠷᠤᠭᠴᠢᠳ ᠤᠨ ᠣᠶᠤᠨ ᠤ ᠠᠮᠢᠳᠤᠷᠠᠯ ᠶᠡᠭᠡᠪᠠᠷ ᠪᠠᠶᠠᠯᠢᠭᠵᠢᠪᠠ᠃ ᠣᠳᠤ ᠶᠢᠨ ᠬᠡᠦᠬᠡᠳ ᠶᠠᠭᠤ ᠣᠩᠰᠢᠶ᠎ᠠ᠂ ᠶᠠᠭᠤ ᠦᠵᠠᠶ᠎ᠠ ᠭᠡᠪᠠᠯ ᠪᠦᠷ ᠪᠠᠯᠠᠨ ᠪᠣᠯᠤᠭᠰᠠᠨ᠃ ᠭᠡᠳᠡᠯ᠎ᠡ ᠬᠠᠷᠠᠮᠰᠠᠯᠳᠠᠢ ᠨᠢ ᠣᠳᠤᠬᠠᠨ ᠤ ᠰᠤᠷᠤᠭᠴᠢᠳ ᠶᠠᠪᠣᠬᠤ ᠳᠤᠰᠤᠮ ᠵᠢᠠᠨ ᠨᠤᠮ ᠳᠠᠪᠳᠠᠷ ᠣᠩᠰᠢᠬᠤ ᠡᠴᠡ ᠬᠠᠯᠠᠰᠢᠷᠠᠬᠤ ᠪᠤᠯᠵᠠᠢ᠃ ᠬᠡᠦᠬᠡᠳ ᠢ ᠪᠢᠳᠡᠭᠡᠢ ᠭᠡᠯᠡ᠂ ᠪᠠᠭᠰᠢ ᠨᠡᠷ ᠡᠴᠡ ᠪᠠᠨ ᠡᠭᠢᠯᠡᠭᠡᠳ ᠠᠯᠪᠠᠨ ᠪᠠᠢ᠌ᠭᠤᠯᠤᠯᠭ᠎ᠠ ᠶᠢᠨ ᠠᠵᠢᠯᠳᠠᠤᠨ ᠲᠤ ᠭᠦᠷᠳᠡᠯ᠎ᠡ ᠬᠤᠪᠢ ᠶᠢᠨ ᠮᠦᠩᠭᠦ ᠪᠠᠷ ᠶᠢᠡᠨ ᠰᠤᠨᠢᠨ ᠰᠡᠳᠭᠦᠯ ᠵᠠᠭᠢᠶᠠᠯᠠᠨ ᠣᠩᠰᠢᠵᠤ ᠪᠣᠢ ᠭᠦᠮᠤᠨ ᠭᠡᠳᠤ ᠪᠠᠢ᠌ᠨ᠎ᠠ ︖ ᠵᠠᠭᠢᠶᠠᠯᠠᠨ ᠣᠩᠰᠢᠬᠤ ᠭᠡᠷᠡᠭ᠌ ᠦᠭᠡᠶ ᠡᠮᠦᠨ᠎ᠡ ᠨᠢ ᠠᠪᠠᠴᠢᠭᠠᠤᠨ ᠳᠠᠯᠪᠢᠬᠤ ᠳᠤ ᠴᠤ ᠦᠯᠤ ᠣᠢ᠌ᠰᠢᠶᠠᠬᠤ ᠣᠪᠣᠷ ᠠᠪᠬᠤ ᠭᠦᠮᠤᠨ ᠮᠠᠨᠠᠢ᠌ᠭᠢᠨ ᠤ ᠳᠤᠳᠤᠷ᠎ᠠ ᠪᠣᠢ᠃ ᠵᠢᠱᠢᠶ᠎ᠠ ᠡᠴᠡ ᠨᠢᠭᠡ ᠳᠠᠳᠠᠪᠠᠯ᠄ ᠨᠢᠭᠡᠨ ᠣᠳᠠᠭ᠎ᠠ ᠵᠠᠪᠰᠢᠶᠠᠨ ᠶᠢᠡᠷ ᠨᠠᠢ᠌ᠵᠠ ᠶᠢᠨ ᠶᠢᠡᠨ ᠨᠤᠮ ᠳᠠᠷᠬᠠᠭᠠᠬᠤ ᠶᠤᠰᠤᠯᠠᠯ ᠳᠤ ᠣᠷᠤᠯᠴᠠᠭᠰᠠᠨ ᠶᠤᠮ᠃ ᠰᠤᠶᠤᠯ ᠳᠤ ᠪᠠᠨ ᠬᠠᠢ᠌ᠷᠠᠳᠠᠢ᠂ ᠰᠤᠶᠤᠯ ᠶᠢᠡᠨ ᠭᠦᠡᠳᠦᠯᠡᠨ ᠳᠡᠭᠡᠵᠢᠯᠡᠳᠡᠭ᠌ ᠨᠠᠢ᠌ᠵᠠ ᠨᠥᠭᠦᠤᠨ ᠴᠤᠭᠯᠠᠷᠠᠭᠰᠠᠨ ᠰᠠᠢ᠌ᠬᠠᠨ ᠶᠤᠰᠤᠯᠠᠯ ᠪᠣᠯᠤᠭᠰᠠᠨ᠃ ᠬᠤᠪᠢ ᠶᠢᠨ ᠮᠦᠩᠭᠦ ᠪᠠᠷ ᠶᠢᠡᠨ ᠨᠤᠮ ᠭᠡᠪᠯᠡᠭᠦᠯᠦᠭ᠍ᠰᠡᠨ ᠮᠠᠨ ᠤ ᠨᠠᠢ᠌ᠵᠠ ᠴᠤ ᠭᠦᠯ ᠨᠢ ᠭᠠᠵᠠᠷ ᠭᠦᠷᠭᠦ ᠦᠭᠡᠶ ᠪᠠᠶᠠᠷᠯᠠᠵᠤ᠂ ᠶᠤᠰᠤᠯᠠᠯ ᠳᠤ ᠮᠤᠷᠢᠯᠠᠨ ᠢᠷᠡᠭ᠍ᠰᠡᠨ ᠭᠦᠮᠤᠨ ᠪᠦᠭᠦᠨ ᠳᠤ ᠨᠤᠮ ᠶᠢᠡᠨ ᠪᠠᠯᠡᠭᠯᠡᠨ ᠳᠤᠷᠠᠰᠬᠠᠯ᠎ᠠ᠃ ᠨᠤᠮ ᠤᠨ ᠪᠠᠯᠡᠭ᠌ ᠳᠤᠰᠤᠭᠰᠠᠨ ᠪᠦᠭᠦᠨ ᠪᠦᠭᠦᠳᠡᠭᠡᠷ ᠶᠢᠡᠨ ᠳᠤᠭᠳᠤᠯᠤᠨ ᠪᠠᠶᠠᠰᠴᠤ᠂ ᠬᠤᠪᠢ ᠪᠠᠷ ᠶᠢᠡᠨ ᠨᠤᠮ ᠭᠡᠪᠯᠡᠭᠦᠯᠦᠭ᠍ᠰᠡᠨ ᠮᠠᠨ ᠤ ᠨᠠᠢ᠌ᠵᠠ ᠳᠤ ᠪᠠᠶᠠᠷ ᠳᠠᠯᠠᠷᠬᠠᠯ ᠶᠢᠡᠨ ᠳᠡᠪᠰᠢᠭᠦᠯᠤᠨ ᠶᠤᠰᠤᠯᠠᠯ ᠳᠠᠷᠬᠠᠵᠤ ᠪᠢᠯᠠ᠃ ᠭᠡᠳᠡᠯ᠎ᠡ᠂ ᠰᠠᠨᠠᠭᠠᠨ ᠳᠤ ᠣᠷᠤᠮ᠎ᠠ ᠦᠭᠡᠶ ᠰᠤᠨᠢᠨ ᠣᠴᠢᠷ ᠭᠡᠪᠠᠯ᠂ ᠶ‍ᠦᠰᠦᠯᠡᠯ ᠳᠤ ᠣᠷᠤᠯᠴᠠᠭᠰᠠᠤᠨ (ᠲᠦᠪᠡᠳ ᠭᠢᠳᠠᠤᠨ ᠨᠥᠭᠦᠷ ᠴᠤ ᠭᠡᠳᠤ ᠪᠠᠢ᠌ᠭᠰᠠᠨ) ᠪᠦᠭᠦᠳᠡ ᠪᠠᠯᠡᠭᠯᠡᠭ᠍ᠰᠡᠨ ᠨᠤᠮ ᠢ ᠪᠣᠭᠴᠤᠨ ᠳᠤ ᠪᠠᠨ ᠳᠦᠷᠦᠭᠡᠳ ᠠᠪᠤᠨ ᠭᠠᠷᠴᠤ ᠪᠠᠢ᠌ᠬᠤ ᠳᠤ ᠨᠢᠭᠡ ᠨᠥᠭᠦᠷ (ᠮᠤᠩᠭ᠋ᠤᠯ) ᠮᠠᠨᠢ ᠬᠠᠷᠢᠨ ᠠᠵᠢᠭ ᠴᠤ ᠦᠭᠡᠶ ᠰᠢᠷᠡᠭᠡᠨ ᠳᠡᠭᠡᠷ᠎ᠡ ᠨᠢ ᠣᠷᠭᠢᠴᠢᠬᠠᠭᠠᠤᠨ ᠬᠠᠩᠬᠠᠯᠵᠠᠨ ᠶᠠᠪᠣᠵᠤ ᠤᠳᠪᠠ᠃ ᠡᠭᠦᠨ ᠢ ᠦᠵᠡᠭᠡᠳ ᠮᠢᠨᠤ ᠵᠢᠷᠦᠭᠡ ᠡᠪᠠᠳᠦᠯ᠎ᠡ᠃ ᠡᠨᠡ ᠨᠥᠭᠦᠷ ᠢ ᠪᠢ ᠳᠠᠨᠢᠨ᠎ᠠ᠂ ᠳᠠᠨᠢᠬᠤ ᠪᠠᠷ ᠪᠠᠷᠠᠬᠤ ᠦᠭᠡᠶ ᠣᠯᠠᠨ ᠣᠯᠠᠨ ᠰᠤᠶᠤᠯ ᠤᠨ ᠭᠦᠳᠡᠯᠭᠡᠭᠡᠨ ᠳᠤ ᠬᠠᠮᠳᠤ ᠣᠷᠤᠯᠴᠠᠭᠰᠠᠨ ᠣᠳᠠᠭ᠎ᠠ ᠴᠤ ᠪᠣᠢ᠃ ᠵᠥᠭᠡᠷ ᠯᠠ ᠰᠤᠶᠤᠯ ᠶᠢᠡᠨ ᠬᠠᠢ᠌ᠷᠠᠯᠠᠳᠠᠭ᠂ ᠰᠤᠶᠤᠯ ᠣᠷᠠᠯᠢᠭ ᠤᠨ ᠪᠠᠬᠠᠳᠠᠨ ᠭᠡᠳ ᠣᠩᠭᠢᠷᠳᠠᠭ ᠤᠨ ᠨᠢᠭᠡᠨ᠃ ᠭᠡᠶ᠎ᠡ᠂ ᠰᠤᠶᠤᠯ ᠤᠨ ᠭᠦᠮᠤᠨ ᠭᠡᠵᠤ ᠪᠠᠢ᠌ᠭᠠᠤᠨ ᠰᠤᠶᠤᠯ ᠶᠢᠡᠨ ᠭᠦᠡᠳᠦᠯᠡᠨ ᠳᠡᠭᠡᠳᠦᠯᠡᠭᠦ᠂ ᠬᠠᠮᠤᠭ ᠨᠠᠭᠠᠳᠤ ᠵᠠᠬ᠎ᠠ ᠨᠢ ᠬᠠᠳᠠᠭᠠᠯᠠᠨ ᠬᠤᠷᠢᠶᠠᠬᠤ ᠴᠤ ᠣᠬᠠᠮᠰᠠᠷ ᠦᠭᠡᠶ ᠡᠨᠡ ᠨᠥᠭᠦᠷ ᠭᠤᠸᠠᠢ ᠶᠢ ᠪᠢ ᠦᠨᠡᠨ ᠭᠠᠢ᠌ᠬᠠᠯ᠎ᠠ᠃ ᠰᠤᠶᠤᠯ ᠳᠤ ᠪᠠᠨ ᠦᠨᠡᠨ ᠬᠠᠢ᠌ᠷᠠᠳᠠᠢ ᠶᠤᠮ ᠪᠣᠯ ᠵᠥᠪᠭᠡᠨ ᠠᠮᠠᠨ ᠳᠡᠭᠡᠷ᠎ᠡ ᠪᠠᠨ ᠬᠠᠰᠭᠢᠷᠤᠭᠠᠤᠨ ᠪᠣᠯᠬᠤ ᠦᠭᠡᠶ᠂ ᠠᠶᠤᠤᠯᠢᠬᠠᠢ ᠳᠤ ᠪᠠᠨ ᠪᠣᠳᠤᠵᠤ ᠶᠠᠪᠣᠬᠤ ᠭᠡᠷᠡᠭ᠍ᠳᠡᠢ᠃ ᠪᠤᠳᠡᠳᠤ ᠠᠵᠢᠯᠯᠠᠭ᠎ᠠ ᠪᠠᠷ ᠶᠢᠡᠨ ᠦᠵᠡᠭᠦᠯᠦᠭᠡᠳ ᠦᠭ‍ᠭᠦ ᠭᠡᠷᠡᠭ᠍ᠳᠡᠢ᠃ ᠲ᠋ᠡᠢ᠌ᠮᠤ ᠪᠢᠰᠢ ᠪᠣᠯ ᠵᠥᠪᠭᠡᠨ ᠠᠰᠢᠭ ᠭᠤᠷᠢᠳᠠᠭᠠᠤᠨ᠂ ᠨᠠᠷ᠎ᠠ ᠭᠠᠷᠬᠤ ᠶᠢ ᠪᠣᠳᠤᠭᠠᠤᠨ ᠬᠤᠭᠤᠰᠤᠨ ᠣᠩᠭᠢᠷᠬᠤ ᠨᠢ ᠵᠤᠭᠢᠰ ᠦᠭᠡᠶ᠃ ᠭᠡᠯᠡ ᠰᠤᠶᠤᠯ ᠭᠡᠳᠡᠭ᠌ ᠴᠢᠨᠢ ᠳᠠᠨ ᠤ ᠣᠤᠭᠤᠬᠤ ᠶᠢ ᠭᠦᠯᠢᠶᠡᠭᠡ ᠰᠦ᠋ ᠲᠡᠶ ᠴᠠᠢ ᠪᠢᠰᠢ ︕ ᠭᠡᠯᠡ ᠰᠤᠶᠤᠯ ᠤᠨ ᠶᠢᠡᠨ ᠠᠴᠢ ᠪᠣᠶᠠᠨ ᠳᠤ ᠢᠪᠠᠭᠡᠭ᠍ᠳᠡᠵᠤ᠂ ᠡᠡᠵᠢᠯ ᠣᠢ᠌ᠯᠠᠰ ᠪᠦᠳᠦᠭᠡᠨ ᠨᠠᠷ᠎ᠠ ᠳᠦᠷᠤ ᠮᠠᠠᠳᠤᠨ ᠶᠠᠪᠣᠭ᠎ᠠ ᠪᠢᠳᠠ ᠡᠨᠡ ᠰᠤᠶᠤᠯ ᠶᠢᠡᠨ ᠶᠠᠭᠤ ᠡᠴᠡ ᠢᠯᠡᠭᠦᠤ ᠬᠠᠢ᠌ᠷᠠᠯᠠᠨ ᠳᠡᠭᠡᠳᠦᠯᠡᠭᠦ ᠶ‍ᠦᠰᠦᠳᠡᠢ᠃ ᠡᠵᠢ ᠰᠤᠶᠤᠯ ᠪᠠᠢ᠌ᠭ᠎ᠠ ᠦᠭᠡᠶ ᠪᠣᠯ ᠳᠠ ᠪᠢᠳᠠ ᠪᠠᠢ᠌ᠵᠤ ᠴᠢᠳᠠᠬᠤ ᠦᠭᠡᠶ ᠭᠡᠳᠡᠭ᠌ ᠢ ᠣᠢ᠌ᠯᠠᠭᠠᠬᠤ ᠭᠡᠷᠡᠭ᠍ᠳᠡᠢ ︕

ᠰᠤᠶᠤᠯ ᠤᠨ ᠳᠠᠶᠠᠭᠠᠷᠴᠢᠯᠠᠯ ᠳᠦᠷᠢᠯᠳᠠ ᠡᠴᠡ ᠪᠣᠯᠤᠭᠠᠤᠨ ᠮᠠᠨ ᠤ ᠭᠡᠯᠡ ᠰᠤᠶᠤᠯ ᠣᠷᠢᠳ ᠡᠮᠤᠨ᠎ᠡ ᠪᠠᠢ᠌ᠭ᠎ᠠ ᠦᠭᠡᠶ ᠶᠡᠭᠡ ᠦᠷᠢᠰᠦᠯᠳᠦᠭᠡᠨ ᠳᠤ ᠳᠤᠯᠭᠠᠷᠠᠭᠰᠠᠨ ᠨᠢ ᠦᠨᠡᠨ᠃ ᠨᠠᠩ ᠴᠤ ᠥᠭᠡ ᠭᠡᠯᠡ᠂ ᠦᠰᠦᠭ᠌ ᠪᠢᠴᠢᠭ᠌ ᠶᠢᠡᠨ ᠭᠡᠷᠡᠭᠯᠡᠵᠤ ᠪᠠᠢ᠌ᠭ᠎ᠠ ᠨᠢ ᠵᠥᠪᠭᠡᠨ ᠬᠤᠶᠠᠷ ᠲᠦᠮᠡ ᠭᠠᠷᠣᠢ᠌ᠬᠠᠨ ᠭᠦᠮᠤᠨ ᠪᠠᠢ᠌ᠭ᠎ᠠ ᠳᠡᠭᠡᠳᠤ ᠮᠤᠩᠭ᠋ᠤᠯᠴᠤᠳ (ᠬᠦᠬᠡ‍ᠨᠠᠭᠤᠷ᠂ ᠭᠠᠡᠰᠤ ᠳᠤ ᠪᠠᠢ᠌ᠭ᠎ᠠ ᠮᠤᠩᠭ᠋ᠤᠯᠴᠤᠳ ᠢ ᠵᠢᠭᠠᠵᠤ ᠪᠣᠢ) ᠲᠤ ᠠᠪᠴᠤ ᠭᠡᠯᠡᠭᠦ ᠳᠤ ᠰᠤᠶᠤᠯ ᠤᠨ ᠳᠦᠷᠢᠯᠳᠠ ᠶᠠᠪᠣᠬᠤ ᠳᠤᠳᠤᠮ ᠭᠡᠴᠡᠭᠦᠳᠡᠵᠤ ᠪᠣᠢ᠃ ᠥᠩᠭᠡᠷᠡᠭ᠍ᠰᠡᠨ ᠳᠤ ᠵᠥᠪᠭᠡᠨ ᠳᠡᠭᠡᠳᠤ ᠮᠤᠩᠭ᠋ᠤᠯᠴᠤᠳ ᠤᠨ ᠠᠵᠤ ᠠᠬᠤᠢ᠂ ᠰᠤᠶᠤᠯ ᠤᠨ ᠲᠥᠪ ᠪᠣᠯᠤᠭᠰᠠᠨ ᠬᠦᠬᠡ‍ᠨᠠᠭᠤᠷ ᠮᠤᠵᠢ ᠶᠢᠨ ᠬᠠᠢ᠌ᠰᠢ ᠶᠢᠨ ᠮᠤᠩᠭ᠋ᠤᠯ ᠲᠦᠪᠡᠳ ᠦᠨᠳᠦᠰᠦᠳᠠᠨ ᠤ ᠥᠪᠠᠷᠳᠡᠭᠡᠨ ᠵᠠᠰᠠᠬᠤ ᠵᠸᠤ ᠳᠤ ᠴᠤᠯᠤ ᠮᠤᠩᠭ᠋ᠤᠯ ᠶᠢᠡᠷ ᠭᠢᠴᠢᠶᠡᠯᠯᠡᠳᠡᠭ᠌ ᠪᠠᠭ᠎ᠠ ᠳᠤᠮᠳᠠᠳᠤ ᠰᠤᠷᠭᠠᠭᠤᠯᠢ ᠬᠤᠷᠢᠭᠠᠤᠨ ᠪᠠᠢ᠌ᠭᠰᠠᠨ ᠶᠢᠡᠨ ᠦᠨᠦᠳᠤᠷ ᠪᠣᠯᠬᠤ ᠳᠤ ᠬᠠᠰᠤᠭᠳᠠᠭᠠᠤᠨ ᠳᠦᠷᠪᠠᠭᠡᠨ ᠦᠯᠠᠳᠠᠯ᠎ᠠ᠃ ᠮᠤᠩᠭ᠋ᠤᠯ ᠶᠢᠡᠷ ᠰᠤᠷᠳᠠᠭ ᠰᠤᠷᠤᠭᠴᠢ ᠪᠠᠷᠤᠭ ᠭᠤᠷᠪᠠᠨ ᠮᠢᠩᠭ᠎ᠠ ᠳᠤ ᠤᠢ᠌ᠷᠠᠳᠤᠵᠤ ᠪᠠᠢ᠌ᠭᠰᠠᠨ ᠡᠴᠡ ᠦᠨᠦᠳᠤᠷ ᠴᠥᠭᠡᠷᠡᠭᠡᠳ ᠴᠤᠭᠢᠵᠤ ᠭᠦᠪᠳᠡᠨ ᠠᠷᠠᠢ ᠮᠢᠩᠭ᠎ᠠ ᠭᠦᠷᠭᠦ ᠲᠡᠶ ᠦᠭᠡᠶ ᠲᠡᠶ ᠪᠤᠯᠤᠭᠰᠠᠨ᠃ ᠲ᠋ᠡᠭᠡᠭᠡᠳ ᠣᠳᠤ ᠦᠯᠡᠳᠡᠭᠡ ᠳᠦᠷᠪᠠᠨ ᠮᠤᠩᠭ᠋ᠤᠯ ᠰᠤᠷᠭᠠᠭᠤᠯᠢ ᠶᠢᠨ ᠬᠤᠶᠠᠷ ᠨᠢ ᠲᠦᠪᠡᠳ ᠦᠨᠳᠦᠰᠦᠳᠠᠨ ᠲᠡᠶ ᠨᠡᠢ᠌ᠯᠡᠭ᠍ᠰᠡᠨ ᠬᠤᠯᠢᠮᠠᠭ ᠰᠤᠷᠭᠠᠭᠤᠯᠢ ᠪᠣᠯᠵᠠᠢ᠃ ᠡᠢ᠌ᠮᠦᠷᠭᠦ ᠵᠢᠷᠦᠭᠡ ᠰᠢᠮᠰᠢᠷᠠᠮᠠᠷ ᠪᠣᠳᠠᠳᠤ ᠪᠠᠢ᠌ᠳᠠᠯ ᠨᠢ ᠵᠥᠪᠭᠡᠨ ᠨᠡᠢ᠌ᠭᠡᠮ ᠪᠣᠯᠤᠨ ᠠᠵᠤ ᠠᠬᠤᠢ ᠶᠢᠨ ᠭᠦᠭ᠍ᠵᠢᠯᠳᠡ ᠵᠢᠴᠢ ᠴᠠᠭ ᠦᠶ᠎ᠡ ᠶᠢᠨ ᠬᠤᠪᠢᠰᠤᠯ᠂ ᠰᠤᠶᠤᠯ ᠤᠨ ᠳᠠᠶᠠᠭᠠᠷᠴᠢᠯᠠᠯ ᠳᠦᠷᠢᠯᠳᠠ ᠡᠴᠡ ᠪᠣᠯᠤᠯ᠎ᠠ ᠭᠡᠭᠦ ᠶᠢᠨ ᠠᠷᠭ᠎ᠠ ᠦᠭᠡᠶ᠃ ᠡᠭᠦᠨ ᠳᠤ ᠭᠦᠮᠤᠨ ᠠᠷᠠᠤᠨ ᠤᠨ ᠭᠡᠪ ᠪᠣᠯᠪᠠᠰᠤᠷᠠᠯ᠂ ᠰᠤᠶᠤᠯ ᠤᠨ ᠵᠤᠷᠢᠭ ᠰᠠᠨᠠᠭ᠎ᠠ᠂ ᠣᠬᠠᠮᠰᠠᠷ ᠦᠵᠠᠯᠳᠠ ᠳᠠᠨᠢᠯᠳᠠ ᠵᠡᠷᠭᠡ ᠪᠠᠶᠠᠴᠢ ᠳᠠᠯ᠎ᠠ ᠶᠢᠨ ᠰᠢᠯᠳᠠᠭᠠᠨ ᠵᠠᠩᠭᠢᠯᠠᠭ᠎ᠠ ᠪᠣᠯᠤᠨ᠎ᠠ᠃ ᠵᠢᠱᠢᠶᠠᠯᠠᠪᠠᠯ᠄ ᠳᠡᠭᠡᠷ᠎ᠡ ᠵᠠᠭᠤᠨ ᠤ ᠨᠠᠶᠠᠭᠠᠤᠨ ᠣᠨ ᠤ ᠳᠤᠮᠳᠠᠴᠢ ᠡᠴᠡ ᠶᠡᠷᠡᠭᠡᠳ ᠣᠨ ᠤ ᠡᠭᠢᠨ ᠶᠢᠡᠷ ᠮᠤᠩᠭ᠋ᠤᠯ ᠰᠤᠷᠭᠠᠭᠤᠯᠢ᠂ ᠮᠤᠩᠭ᠋ᠤᠯ ᠰᠤᠷᠤᠭᠴᠢ᠂ ᠣᠶᠤᠳᠠᠤᠨ ᠡᠴᠡ ᠡᠩ ᠤᠨ ᠮᠠᠯᠴᠢᠳ ᠲᠤ ᠭᠦᠷᠳᠡᠯ᠎ᠡ ᠮᠤᠩᠭ᠋ᠤᠯ ᠨᠤᠮ ᠳᠠᠪᠳᠠᠷ᠂ ᠰᠤᠨᠢᠨ ᠰᠡᠳᠭᠦᠯ ᠶᠢᠡᠨ ᠬᠤᠳᠠᠯᠳᠤᠨ ᠠᠪᠬᠤ ᠪᠣᠶᠤ ᠵᠠᠭᠢᠶᠠᠯᠠᠨ ᠦᠵᠡᠳᠡᠭ᠌ ᠨᠢ ᠠᠷᠪᠢᠨ ᠪᠠᠢ᠌ᠭᠰᠠᠨ᠃ ᠰᠤᠷᠤᠭᠴᠢ ᠶᠢᠨ ᠪᠠᠢ᠌ᠷᠢ᠂ ᠭᠢᠴᠢᠶᠠᠯ ᠤᠨ ᠭᠡᠷ᠂ ᠮᠠᠯᠴᠢᠳ ᠤᠨ ᠭᠡᠷ᠂ ᠡᠡᠯᠪᠠᠨ ᠰᠢᠷᠡᠭᠡᠨ ᠤ ᠬᠠᠮᠢᠭ᠎ᠠ ᠨᠢ ᠴᠤ ᠭᠡᠰᠡᠨ ᠮᠤᠩᠭ᠋ᠤᠯ ᠨᠤᠮ ᠪᠢᠴᠢᠭ᠌ ᠬᠨ ᠶᠠ ᠦᠭᠡᠶ ᠬᠠᠷᠠᠭᠳᠠᠳᠠᠭ ᠪᠠᠢ᠌ᠵᠤ ᠪᠢᠯᠡ᠃ ᠡᠭᠦᠨ ᠶᠢᠡᠷ ᠵᠤᠭᠰᠤᠬᠤ ᠦᠭᠡᠶ ᠬᠤᠷᠠᠯ ᠢᠯᠡᠳᠭᠡᠯ ᠭᠢᠭᠦ᠂ ᠪᠢᠴᠢᠭ᠌ ᠮᠠᠲ᠋ᠸᠷᠢᠶᠠᠯ ᠪᠠᠭᠤᠯᠭᠠᠬᠤ᠂ ᠨᠠᠢ᠌ᠷ ᠴᠤᠭᠯᠠᠭᠠᠨ ᠡᠷᠭᠢᠯᠡᠭᠦ ᠳᠤ ᠪᠦᠷ ᠴᠤᠯᠤ ᠮᠤᠩᠭ᠋ᠤᠯ ᠭᠡᠯᠡ ᠪᠢᠴᠢᠭ᠌ ᠶᠢᠡᠨ ᠭᠡᠷᠡᠭᠯᠡᠳᠡᠭ᠌ ᠪᠠᠢ᠌ᠭᠰᠠᠨ᠃ ᠢᠯᠠᠩᠭ᠋ᠤᠶ᠎ᠠ ᠣᠯᠠᠩᠭᠢ ᠮᠤᠩᠭ᠋ᠤᠯ ᠰᠤᠷᠭᠠᠭᠤᠯᠢ ᠦᠪᠡᠷ ᠵᠢᠡᠨ ᠡᠵᠡᠨ ᠮᠠᠳᠠᠨ 《ᠨᠠᠭᠢᠶ᠎ᠠ》᠂    《ᠴᠤᠮᠤᠷᠯᠢᠭ》᠂    《ᠲ᠋ᠤᠷᠭᠠᠨ ᠵᠢᠯᠤᠭᠤ》 ᠮᠠᠳᠤ ᠶᠢᠨ ᠬᠡᠦᠬᠡᠳ ᠤᠨ ᠨᠠᠰᠤᠨ ᠤ ᠣᠠᠴᠠᠯᠢᠭ᠂ ᠣᠢ᠌ᠯᠠᠭᠠᠬᠤ ᠴᠢᠳᠠᠪᠣᠷᠢ᠂ ᠳᠤᠷ᠎ᠠ ᠰᠤᠨᠢᠷᠬᠠᠯ ᠳ᠋ᠤ ᠲ᠋ᠠᠭᠠᠷᠠᠭᠰᠠᠨ ᠰᠡᠳᠭᠦᠯ ᠤᠳ ᠢ ᠵᠠᠭᠢᠶᠠᠯᠠᠨ ᠰᠤᠷᠤᠭᠴᠢᠳ ᠲᠠᠭᠠᠨ ᠣᠶᠤᠨ ᠤ ᠭᠦᠷᠳᠡᠭᠡᠯ ᠪᠣᠯᠭᠠᠵᠤ ᠪᠠᠢ᠌ᠭᠰᠠᠨ ᠪᠢᠯᠡ᠃ ᠭᠡᠳᠡᠯ᠎ᠡ ᠦᠨᠦᠳᠤᠷ ᠪᠣᠯᠬᠤ ᠳᠤ ᠮᠤᠩᠭ᠋ᠤᠯ ᠰᠤᠷᠭᠠᠭᠤᠯᠢ ᠮᠤᠩᠭ᠋ᠤᠯ ᠰᠤᠨᠢᠨ ᠰᠡᠳᠭᠦᠯ ᠶᠢᠡᠨ ᠵᠠᠭᠢᠶᠠᠯᠠᠬᠤ ᠨᠢ ᠢᠳᠡᠭ᠌ ᠢᠳᠡᠭ᠌ ᠶᠢᠡᠷ ᠴᠥᠭᠡᠷᠡᠵᠤ ᠡᠭᠢᠯᠡᠪᠡ᠃ ᠪᠠᠭᠰᠢ ᠠᠯᠪᠠᠳᠠᠨ ᠴᠢᠨᠠᠭᠰᠢᠯᠠᠪᠠᠯ ᠭᠦᠳᠡᠭᠡ ᠶᠢᠨ ᠮᠠᠯᠴᠢᠳ ᠲᠤ ᠭᠦᠷᠳᠡᠯ᠎ᠡ ᠬᠤᠯᠢᠮᠠᠭ ᠭᠡᠯᠡ ᠪᠠᠷ ᠶᠠᠷᠢᠬᠤ ᠨᠢ ᠨᠡᠮᠡᠭ᠍ᠳᠡᠵᠤ᠂ ᠬᠤᠷᠡᠯ ᠴᠤᠭᠯᠠᠭᠠᠨ ᠶᠢᠡᠨ ᠭᠢᠳᠠᠤᠨ ᠭᠡᠯᠡ ᠪᠠᠷ ᠯᠠ ᠶᠠᠪᠣᠭᠳᠠᠭᠤᠯᠳᠠᠭ ᠪᠣᠯᠪᠠ᠃ ᠡᠢ᠌ᠡᠭᠦ᠂ ᠮᠠᠨ ᠤ ᠭᠡᠯᠡ ᠶᠠᠷᠢᠶᠠᠨ ᠤ ᠣᠷᠴᠢᠨ ᠭᠡᠷᠡᠭᠯᠡᠭᠡ ᠶᠠᠪᠣᠬᠤ ᠳᠤᠰᠤᠮ ᠶᠢᠡᠨ ᠢᠪᠴᠤᠷᠠᠵᠤ ᠪᠣᠢ᠃

ᠨᠢᠭᠡ ᠦᠨᠳᠦᠰᠦᠳᠠᠨ ᠤ ᠭᠡᠯᠡ ᠰᠤᠶᠤᠯ ᠤᠨ ᠭᠦᠭ᠍ᠵᠢᠨ ᠴᠡᠴᠡᠭᠯᠡᠭᠦ ᠶᠢᠨ ᠦᠨᠳᠦᠰᠦ ᠪᠣᠯ ᠭᠡᠯᠡᠨ ᠤ ᠣᠷᠴᠢᠨ ᠭᠢᠭᠡᠳ ᠭᠡᠷᠡᠭᠯᠡᠭᠡ ᠪᠠᠢ᠌ᠬᠤ ᠶᠤᠰᠤᠳᠠᠢ᠃ ᠪᠢᠳᠠᠨ ᠤ ᠨᠢᠳᠤᠨ ᠡᠮᠤᠨ᠎ᠡ ᠳᠠᠯᠪᠢᠭᠳᠠᠵᠤ ᠪᠠᠢ᠌ᠭ᠎ᠠ ᠭᠤᠤᠯ ᠡᠭᠦᠷᠭᠡ ᠭᠡᠪᠠᠯ ᠭᠦᠮᠤᠨ ᠪᠦᠭᠦᠨ ᠰᠤᠶᠤᠯ ᠤᠨ ᠣᠬᠠᠮᠰᠠᠷ ᠶᠢᠡᠨ ᠳᠡᠭᠡᠭ᠍ᠰᠢᠯᠡᠭᠦᠯᠤᠨ ᠭᠡᠯᠡᠨ ᠤ ᠣᠷᠴᠢᠨ ᠶᠢᠡᠨ ᠬᠠᠮᠠᠭᠠᠯᠠᠵᠤ᠂ ᠳᠡᠭᠦᠨ ᠤ ᠪᠠᠨ ᠭᠡᠷᠡᠭᠯᠡᠭᠡ ᠶᠢ ᠦᠷᠭᠡᠳᠭᠡᠭᠦ ᠪᠠᠷ ᠴᠢᠷᠮᠠᠢ᠌ᠬᠤ ᠴᠢᠬᠤᠯᠠᠳᠠᠢ᠃ ᠵᠥᠪᠭᠡᠨ ᠬᠤᠪᠢ ᠶᠢᠨ ᠠᠰᠢᠭ ᠶᠢᠡᠨ ᠬᠠᠷᠠᠨ ᠬᠠᠷ᠎ᠠ ᠠᠮᠢ ᠪᠠᠨ ᠪᠣᠳᠤᠵᠤ ᠪᠣᠯᠬᠤ ᠦᠭᠡᠶ᠃ ᠬᠠᠷᠢᠨ ᠭᠦᠮᠤᠨ ᠪᠦᠭᠦᠨ ᠦᠨᠳᠦᠰᠦᠳᠠᠨ ᠳᠤ ᠪᠠᠨ ᠬᠠᠷᠢᠭᠤᠴᠠᠬᠤ᠂ ᠦᠷ᠎ᠡ ᠬᠣᠢ᠌ᠴᠢᠰ ᠲᠤ ᠪᠠᠨ ᠬᠠᠷᠢᠭᠤᠴᠠᠬᠤ ᠬᠠᠷᠢᠭᠤᠴᠠᠯᠭᠠᠳᠤ ᠰᠡᠳᠬᠢᠯᠭᠡ ᠶᠢ ᠡᠪᠦᠷᠯᠡᠨ ᠭᠡᠯᠡ ᠰᠤᠶᠤᠯ ᠶᠢᠡᠨ ᠠᠪᠣᠷᠠᠨ ᠭᠦᠭ᠍ᠵᠢᠭᠦᠯᠭᠦ ᠡᠨᠡᠭᠦ ᠠᠷᠢᠭᠤᠨ ᠣᠢ᠌ᠯᠠᠰ ᠶᠢᠡᠨ ᠨᠡᠢ᠌ᠭᠡᠮ ᠨᠠᠢ᠌ᠳᠠ ᠶᠢᠨ ᠣᠬᠠᠮᠰᠠᠷᠳᠤ ᠠᠵᠢᠯᠯᠠᠭ᠎ᠠ ᠪᠣᠯᠭᠠᠨ ᠬᠤᠪᠢᠷᠠᠭᠤᠯᠬᠤ ᠪᠠᠷ ᠴᠢᠷᠮᠠᠢ᠌ᠬᠤ ᠭᠡᠷᠡᠭ᠍ᠳᠡᠢ᠃     

ᠡᠨᠡ ᠵᠢᠯ 《ᠨᠠᠭᠢᠶ᠎ᠠ》 ᠰᠡᠳᠭᠦᠯ ᠤᠨ ᠭᠢᠨ ᠭᠡᠪᠯᠡᠯ ᠡᠭᠢᠯᠡᠭ᠍ᠰᠡᠨ 40 ᠵᠢᠯ ᠤᠨ ᠣᠢ ᠪᠠᠨ ᠳᠤᠷᠠᠰᠬᠠᠨ ᠳᠡᠮᠳᠡᠭᠯᠡᠭᠦ ᠪᠠᠯᠭᠡᠳᠤ ᠠᠵᠢᠯᠯᠠᠭ᠎ᠠ ᠰᠠᠳᠤᠨ ᠦᠷᠨᠢᠭᠦᠯᠵᠤ ᠪᠠᠢ᠌ᠨ᠎ᠡ᠃ ᠰᠡᠳᠭᠦᠯ ᠶᠢᠡᠨ ᠭᠠᠭᠴᠠ ᠦᠵᠦᠭᠦᠷᠳᠤ ᠰᠡᠳᠭᠢᠯ ᠶᠢᠡᠷ 40 ᠵᠢᠯ ᠡᠷᠭᠢᠯᠡᠨ᠎ᠡ ᠭᠡᠳᠡᠭ᠌ ᠥᠨᠡᠭᠡᠷ ᠠᠮᠠᠷ ᠦᠭᠡᠶ᠃ ᠴᠠᠭ ᠳᠡᠦᠭᠡ ᠶᠢᠨ ᠰᠠᠯᠭᠢ ᠰᠢᠭᠤᠷᠭᠠᠨ ᠢ ᠠᠵᠢᠭ ᠦᠭᠡᠶ ᠳᠠᠪᠠᠵᠤ ᠭᠠᠷᠤᠭᠰᠠᠨ 《ᠨᠠᠭᠢᠶ᠎ᠠ》 ᠰᠡᠳᠭᠦᠯᠴᠢᠳ ᠤᠨ ᠰᠤᠶᠤᠯ ᠤᠨ ᠵᠤᠷᠢᠭ ᠰᠠᠨᠠᠭ᠎ᠠ ᠦᠨᠡᠨ ᠪᠢᠰᠢᠷᠠᠯᠳᠠᠢ᠃ ᠦᠷ᠎ᠡ ᠬᠣᠢ᠌ᠴᠢᠰ ᠤᠨ ᠶᠢᠡᠨ ᠬᠤᠵᠢᠮ ᠮᠠᠷᠭᠠᠰᠢ ᠳᠤ ᠰᠠᠨᠠᠭ᠎ᠠ ᠳᠠᠯᠪᠢᠳᠠᠭ᠂ ᠭᠡᠯᠡ ᠰᠤᠶᠤᠯ ᠶᠢᠡᠨ ᠰᠢᠳᠤᠨ ᠳᠡᠭᠡᠳᠦᠯᠡᠳᠡᠭ᠌ ᠣᠯᠠᠨ ᠣᠯᠠᠨ ᠭᠦᠮᠦᠰ ᠤᠨ ᠠᠷᠢᠭᠤᠨ ᠭᠦᠯᠦᠰᠤ ᠪᠠᠷ 《ᠨᠠᠭᠢᠶ᠎ᠠ》 ᠰᠡᠳᠭᠦᠯ ᠮᠠᠨᠢ 40 ᠵᠢᠯ ᠴᠡᠴᠡᠭᠯᠡᠨ ᠳᠡᠯᠭᠡᠷᠡᠵᠤ᠂ ᠬᠡᠦᠬᠡᠳ ᠪᠠᠭᠠᠴᠤᠳ ᠤᠨ ᠣᠶᠤᠨ ᠤ ᠴᠠᠩᠭ᠋ᠠᠭ᠎ᠠ ᠶᠢ ᠳᠠᠢ᠌ᠯᠤᠭᠰᠠᠨ ᠢ ᠪᠣᠳᠤᠬᠤ ᠳᠤ ᠣᠮᠤᠭᠰᠢᠮᠠᠷ᠃ ᠨᠠᠩ ᠴᠤ ᠰᠤᠶᠤᠯ ᠤᠨ ᠨᠠᠷᠠ ᠶᠢ ᠡᠭᠦᠷᠴᠤ ᠶᠠᠪᠣᠭ᠎ᠠ ᠬᠡᠦᠬᠡᠳ ᠪᠠᠭᠠᠴᠤᠳ ᠮᠠᠨᠢ ᠡᠭᠡ ᠭᠡᠯᠡᠨ ᠤ ᠦᠪᠡᠷ ᠤᠨ ᠰᠡᠳᠭᠦᠯ ᠲᠡᠶ ᠪᠠᠢ᠌ᠬᠤ ᠭᠡᠳᠡᠭ᠌ ᠶᠤᠰᠤᠳᠠᠢ ᠰᠠᠢ᠌ᠬᠠᠨ ᠪᠣᠢ᠃ 《ᠨᠠᠭᠢᠶ᠎ᠠ》 ᠰᠡᠳᠭᠦᠯ ᠤᠨ ᠶᠡᠷᠦᠩᠭᠡᠢ ᠨᠠᠢ᠌ᠷᠠᠭᠤᠯᠤᠭᠴᠢ ᠢᠤᠢ ᠷᠦᠩ ᠠᠪᠠᠬᠠᠢ 3 ᠰᠠᠷ᠎ᠠ ᠶᠢᠨ 27 ᠊ᠤ ᠡᠳᠦᠷ ᠨᠠᠳᠠ ᠣᠳᠠᠰᠤ ᠢᠷᠡᠭᠦᠯᠵᠤ᠂ ᠰᠡᠳᠭᠦᠯ ᠤᠨ ᠭᠡᠪᠯᠡᠯ ᠡᠭᠢᠯᠡᠭ᠍ᠰᠡᠨ 40 ᠵᠢᠯ ᠤᠨ ᠣᠢ ᠳᠤ ᠵᠤᠷᠢᠭᠤᠯᠤᠨ ᠨᠢᠭᠡ ᠶᠠᠭᠤᠮ᠎ᠠ ᠪᠢᠴᠢᠭᠡᠳ ᠦᠭ‍ᠭᠦᠨ᠎ᠡ ᠦᠦ ᠭᠡᠭᠦᠯᠡᠷ ᠪᠢ ᠦᠭᠡᠶ ᠭᠡᠵᠤ ᠴᠢᠳᠠᠭ᠎ᠠ ᠦᠭᠡᠶ᠃ ᠦᠨᠡᠨ ᠢ ᠭᠡᠯᠡᠭᠦ ᠳᠤ ᠦᠭᠡᠶ ᠭᠡᠭᠦ ᠰᠢᠯᠳᠠᠭ ᠨᠠᠳᠠ ᠪᠠᠢ᠌ᠬᠤ ᠦᠭᠡᠶ᠃ ᠬᠡᠦᠬᠡᠳ ᠪᠠᠭᠠᠴᠤᠳ ᠤᠨ ᠣᠶᠤᠨ ᠤ ᠭᠦᠷᠦᠰᠤᠨ ᠳᠤ ᠰᠤᠶᠤᠭᠠᠯᠠᠭᠰᠠᠨ 《ᠨᠠᠭᠢᠶ᠎ᠠ》 ᠰᠡᠳᠭᠦᠯ ᠶᠢᠡᠨ ᠣᠬᠠᠭᠤᠯᠬᠤ ᠰᠤᠷᠳᠠᠯᠴᠢᠯᠠᠬᠤ ᠬᠠᠷᠢᠭᠤᠴᠠᠯᠭ᠎ᠠ ᠭᠦᠮᠤᠨ ᠪᠦᠭᠦᠨ ᠳᠤ ᠪᠠᠢ᠌ᠨ᠎ᠡ᠃ ᠡᠢ᠌ᠮᠤ ᠡᠴᠡ ᠢᠤᠢ ᠷᠦᠩ ᠠᠪᠠᠬᠠᠢ ᠶᠢᠨ ᠭᠦᠰᠡᠯ ᠢ ᠪᠢ ᠳᠤᠷᠠᠳᠠᠢ ᠭᠦᠯᠢᠶᠡᠨ ᠠᠪᠣᠭᠰᠠᠨ ᠶ‍ᠦᠮ᠃ ᠭᠠᠭᠴᠡᠭᠦ ᠮᠤᠩᠭ᠋ᠤᠯ ᠰᠤᠶᠤᠯ ᠤᠨ ᠣᠢ᠌ᠯᠠᠰ ᠲᠤ ᠠᠰᠢᠭᠳᠠᠢ ᠲᠡᠶ ᠶᠤᠮ ᠪᠣᠯ᠂   ᠦᠷ᠎ᠡ ᠬᠣᠢ᠌ᠴᠢᠰ ᠤᠨ ᠬᠤᠵᠢᠮ ᠢᠷᠡᠭᠡᠳᠦᠢ ᠳᠤ ᠭᠡᠷᠡᠭ᠌ ᠲᠡᠶ ᠶᠤᠮ ᠪᠣᠯ ᠪᠢ ᠪᠦᠷ ᠳᠤᠷᠠᠳᠠᠢ᠃

ᠬᠠᠮᠤᠭ ᠡᠴᠦᠰ ᠲᠤ᠂ ᠳᠦᠴᠢᠨ ᠨᠠᠰᠤᠨ ᠤ ᠳᠦᠷᠦᠭᠡᠨ ᠳᠡᠭᠡᠷ᠎ᠡ ᠭᠢᠰᠭᠡᠭᠡ 《ᠨᠠᠭᠢᠶ᠎ᠠ》 ᠰᠡᠳᠭᠦᠯ ᠮᠢᠨᠢ ᠣᠯᠠᠮ ᠴᠢᠨᠠᠷᠯᠢᠭ ᠪᠣᠯᠵᠤ᠂ ᠨᠠᠩ ᠴᠤ ᠦᠪᠡᠷ ᠤᠨ ᠭᠡᠰᠡᠨ ᠥᠩᠭᠡ ᠪᠣᠳᠤᠭ᠂ ᠣᠠᠴᠠᠯᠢᠭ ᠲᠡᠶ ᠪᠣᠯᠤᠨ ᠭᠦᠭ᠍ᠵᠢᠨ ᠴᠡᠴᠡᠭᠯᠡᠭᠦ ᠪᠠᠯᠭᠡᠳᠤ ᠭᠦᠰᠡᠯ ᠵᠥᠩᠨᠡᠯ ᠶᠢᠡᠨ ᠳᠡᠪᠰᠢᠭᠦᠯᠦᠶ᠎ᠡ᠃

          

ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 2751
ᠴᠠᠭ᠄ 2014 ᠤᠨ ᠤ 06 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁