ᠠᠷᠪᠢᠯᠠᠨ ᠭᠠᠮᠨᠠᠬᠤ ᠰᠤᠷᠳᠠᠯ ᠢ ᠴᠡᠴᠡᠷᠯᠢᠭ᠌ ᠤᠨ ᠭᠦᠮᠦᠵᠢᠯ ᠤᠨ ᠴᠢᠬᠤᠯᠠ ᠠᠭᠤᠯᠭ᠎ᠠ ᠪᠣᠯᠭᠠᠪᠠᠯ ᠵᠤᠭᠢᠨ᠎ᠠ

ᠨᠡᠢ᠌ᠭᠡᠮ ᠤᠨ ᠣᠢ᠌ᠯᠠᠳᠪᠣᠷᠢᠯᠠᠯ ᠤᠨ ᠭᠦᠴᠤᠨ ᠤ ᠳᠠᠰᠤᠷᠠᠯᠳᠠ ᠦᠭᠡᠶ ᠭᠦᠭ᠍ᠵᠢᠭᠦ ᠶᠢ ᠳᠠᠭᠠᠯᠳᠤᠨ ᠭᠦᠮᠦᠰ ᠤᠨ ᠪᠣᠳᠠᠰ ᠤᠨ ᠠᠮᠢᠳᠤᠷᠠᠯ ᠤᠨ ᠭᠢᠷᠢ ᠲᠦᠪᠰᠢᠨ ᠡᠳᠦᠷ ᠢᠷᠡᠭᠦᠶ᠎ᠡ ᠳᠡᠭᠡᠭ᠍ᠰᠢᠯᠡᠵᠤ᠂ ᠢᠳᠠᠵᠤ ᠡᠮᠦᠰᠭᠦ ᠳᠤ ᠪᠠᠨ ᠵᠥᠪᠯᠡᠭᠦ ᠦᠭᠡᠶ ᠠᠢ᠌ᠯ ᠡᠷᠦᠭᠡ ᠦᠨᠳᠦᠰᠦᠨ ᠳᠤ ᠪᠠᠨ ᠬᠠᠷᠠᠭᠳᠠᠬᠤ ᠦᠭᠡᠶ ᠪᠣᠯᠵᠠᠢ᠃ ᠡᠨᠡ ᠨᠢ ᠠᠷᠪᠠᠨ ᠭᠤᠷᠪᠠᠨ ᠳ᠋ᠦ᠋ᠩᠰᠢᠭᠤᠷ ᠭᠦᠮᠤᠨ ᠠᠮᠠ ᠲᠡᠶ ᠮᠠᠨ ᠤ ᠣᠯᠤᠰ ᠲᠤ ᠠᠪᠴᠤ ᠭᠡᠯᠡᠪᠠᠯ ᠣᠯᠤᠰ ᠭᠦᠷᠤᠨ ᠭᠦᠴᠦᠷᠭᠡᠭ᠍ᠵᠢᠵᠤ᠂ ᠠᠷᠠᠤᠨ ᠢᠷᠭᠡᠳ ᠴᠢᠨᠡᠭᠡᠯᠢᠭ᠍ᠵᠢᠵᠤ ᠪᠠᠢ᠌ᠭ᠎ᠠ ᠪᠠᠶᠠᠷᠯᠠᠭᠤᠰᠢᠳᠠᠢ ᠰᠠᠢ᠌ᠨ ᠶᠠᠪᠣᠳᠠᠯ ᠪᠣᠯᠬᠤ ᠶᠤᠮ᠃ ᠭᠡᠳᠡᠯ᠎ᠡ ᠡᠨᠡᠭᠦ ᠭᠦᠭ᠍ᠵᠢᠨ ᠳᠠᠪᠰᠢᠵᠤ᠂ ᠪᠠᠶᠠᠵᠢᠨ ᠴᠢᠨᠡᠭᠡᠯᠢᠭ᠍ᠵᠢᠭ᠍ᠰᠡᠨ ᠰᠠᠢ᠌ᠨ ᠰᠠᠢ᠌ᠬᠠᠨ ᠠᠮᠢᠳᠤᠷᠠᠯ ᠤᠨ ᠭᠦᠷᠴᠤ ᠢᠷᠡᠭᠦ ᠶᠢ ᠳᠠᠭᠠᠯᠳᠤᠨ ᠱᠠᠯᠢᠨ ᠪᠦᠷᠢᠯᠭᠡᠭᠦ ᠰᠤᠷᠳᠠᠯ ᠡᠳᠦᠷ ᠡᠴᠠ ᠡᠳᠦᠷ ᠣᠯᠠᠰᠢᠷᠠᠵᠤ᠂ ᠠᠷᠪᠢᠯᠠᠨ ᠭᠠᠮᠨᠠᠬᠤ ᠰᠤᠷᠳᠠᠯ ᠡᠳᠦᠷ ᠢᠷᠡᠭᠦᠶ᠎ᠡ ᠬᠠᠷᠠᠭᠳᠠᠬᠤ ᠦᠭᠡᠶ ᠪᠣᠯᠵᠤ ᠪᠠᠢ᠌ᠭ᠎ᠠ ᠨᠢ ᠳᠠᠩᠴᠢ ᠬᠠᠷᠠᠮᠰᠠᠯᠳᠠᠢ᠃ ᠡᠨᠡᠭᠦ ᠥᠵᠡᠭ᠍ᠳᠡᠯ ᠨᠢ ᠢᠯᠠᠩᠭ᠋ᠤᠶ᠎ᠠ ᠵᠠᠯᠠᠭᠤ ᠪᠠᠭᠠᠴᠤᠳ᠂ ᠬᠡᠦᠬᠡᠳ ᠤᠨ ᠳᠤᠮᠳᠠ ᠭᠦᠡᠳᠤ ᠨᠤᠴᠢᠳᠠᠢ ᠣᠷᠤᠰᠢᠵᠤ ᠪᠣᠢ᠃ ᠳᠦᠷᠦᠭᠦᠭᠡᠨ ᠱᠠᠩᠬᠠᠢ ᠳᠤ ᠶᠠᠪᠣᠭᠳᠠᠭᠰᠠᠨ ᠨᠢᠭᠡ ᠣᠳᠠᠭᠠᠨ ᠤ ᠳᠤᠰᠬᠠᠢ ᠪᠠᠢ᠌ᠴᠠᠭᠠᠯᠳᠠ ᠨᠢ ᠣᠯᠠᠩᠭᠢ ᠬᠡᠦᠬᠡᠳ ᠪᠦᠷ ᠰᠤᠯᠠ ᠵᠠᠷᠤᠳᠠᠯ ᠤᠨ ᠮᠦᠩᠭᠦ ᠪᠠᠢ᠌ᠬᠤ ᠪᠠᠷ ᠪᠠᠷᠠᠬᠤ ᠦᠭᠡᠶ ᠡᠭᠦᠨ ᠤ ᠳᠤᠳᠤᠷ᠎ᠠ ᠠᠷᠪᠠᠨ ᠤ ᠶ‍ᠢᠰᠤ ᠨᠢ ᠵᠤᠭᠤᠰ ᠮᠦᠩᠭᠦ ᠪᠠᠨ ᠳᠤᠷ᠎ᠠ ᠪᠠᠷ ᠵᠠᠷᠤᠬᠤ᠂ ᠶᠡᠭᠡ ᠪᠠᠷ ᠵᠠᠷᠤᠬᠤ ᠥᠵᠡᠭ᠍ᠳᠡᠯ ᠲᠡᠶ ᠪᠠᠢ᠌ᠵᠤ᠂ ᠡᠳ᠋ ᠮᠦᠩᠭᠦ ᠪᠠᠨ ᠭᠢᠮᠠᠭᠠᠳᠠᠬᠤ ᠴᠢᠳᠠᠪᠣᠷᠢ ᠪᠠᠷ ᠳᠤᠳᠠᠮᠠᠭ ᠪᠠᠢ᠌ᠬᠤ ᠠᠰᠠᠭᠤᠳᠠᠯ ᠢ ᠢᠯᠡᠷᠡᠭᠦᠯᠵᠡᠢ᠃ ᠭᠠᠭᠴᠠ ᠬᠡᠦᠬᠡᠳ ᠲᠡᠶ ᠭᠡᠷ ᠪᠦᠯᠢ ᠶᠢᠨ ᠣᠯᠠᠰᠢᠷᠠᠬᠤ ᠶᠢ ᠳᠠᠭᠠᠯᠳᠤᠨ ᠣᠯᠠᠩᠭᠢ ᠡᠴᠢᠭᠡ ᠡᠭᠡᠴᠦᠦᠯ ᠬᠡᠦᠬᠡᠳ ᠶᠢᠡᠨ ᠭᠡᠳᠦᠷᠭᠡᠢ ᠡᠩᠭᠦᠷᠡᠢ᠌ᠯᠡᠨ ᠬᠠᠢ᠌ᠷᠠᠯᠠᠵᠤ ᠶᠠᠭᠤ ᠠᠪᠣᠶ᠎ᠠ ᠭᠡᠪᠠᠯ ᠶᠠᠭᠤ ᠶᠢ ᠨᠢ ᠰᠠᠨᠠᠭᠠᠨ ᠳᠠᠪᠠ ᠪᠠᠷ ᠨᠢ ᠠᠪᠴᠤ ᠦᠭ‍ᠭᠦᠨ᠎ᠡ᠂ ᠢᠳᠡᠭᠦ ᠶᠢᠨ ᠰᠠᠢ᠌ᠨ ᠢ ᠨᠢ ᠢᠳᠡᠭᠦᠯᠵᠤ᠂ ᠡᠮᠦᠰᠭᠦ ᠶᠢᠨ ᠰᠠᠢ᠌ᠨ ᠢ ᠨᠢ ᠡᠮᠦᠰᠭᠡᠨ᠎ᠡ᠃ ᠡᠴᠢᠭᠡ ᠡᠭᠡ ᠪᠣᠯᠤᠭᠰᠠᠤᠨ ᠤᠨ 《ᠦᠪᠡᠷ ᠶᠢᠡᠨ ᠡᠳ᠋ᠯᠡᠭᠦ ᠪᠠᠨ ᠪᠠᠢ᠌ᠭᠰᠠᠨ ᠴᠤ ᠦᠷ᠎ᠡ ᠪᠠᠨ ᠯᠠ ᠪᠢᠳᠡᠭᠡᠢ ᠭᠦᠮᠤᠨ ᠡᠴᠠ ᠳᠤᠤᠷ᠎ᠠ ᠶᠠᠪᠣᠭᠤᠯᠤᠶ᠎ᠠ》 ᠭᠡᠭᠦ ᠦᠨᠡᠨ ᠴᠠᠭᠠᠨ ᠬᠠᠢ᠌ᠷ᠎ᠠ ᠭᠡᠭ᠍ᠴᠢ ᠨᠢ ᠡᠨᠡ ᠯᠠ ᠪᠠᠢ᠌ᠵᠤ ᠳ᠋ᠠ᠃ ᠬᠠᠷᠠᠮᠰᠠᠯᠳᠠᠢ ᠨᠢ ᠬᠠᠷᠠᠬᠠᠨ ᠪᠠᠭ᠎ᠠ ᠡᠴᠠ ᠪᠠᠨ ᠢᠩᠭᠢᠵᠤ ᠰᠠᠨᠠᠭᠠᠨ ᠳᠠᠪᠠ ᠪᠠᠷ ᠶᠢᠡᠨ ᠠᠯᠢ ᠳᠤᠷᠠᠯᠠᠭᠰᠠᠨ ᠪᠦᠭᠦᠨ ᠶᠢᠡᠨ ᠳᠤᠳᠠᠯ ᠦᠭᠡᠶ ᠠᠪᠴᠤ ᠰᠤᠷᠤᠭᠰᠠᠨ ᠬᠡᠦᠬᠡᠳ ᠡᠴᠢᠭᠡ ᠡᠭᠡ ᠶᠢᠨ ᠶᠢᠡᠨ ᠳᠠᠷᠠ ᠰᠠᠢ᠌ᠬᠠᠨ ᠰᠡᠳᠭᠢᠯ ᠢ ᠭᠡᠷᠭᠢᠨ ᠣᠢ᠌ᠯᠠᠭᠠᠬᠤ ᠠᠵᠠᠢ᠃ ᠦᠰᠭᠦ ᠳᠤᠳᠤᠮ ᠶᠢᠡᠨ ᠦᠨᠳᠦᠷ ᠦᠷᠳᠡᠭ᠍ᠳᠤ ᠨᠠᠷᠠᠳᠤ ᠳᠡᠮᠳᠡᠭ᠍ᠳᠤ ᠶᠢ ᠭᠦᠭᠡᠭᠡᠴᠡᠯᠳᠦᠭᠦ ᠭᠦᠰᠡᠯ ᠨᠢ ᠨᠡᠮᠡᠭ᠍ᠳᠡᠵᠤ᠂ ᠠᠪᠣ ᠡᠵᠢ ᠶᠢᠨ ᠶᠢᠡᠨ ᠠᠵᠤ ᠠᠬᠤᠢ ᠶᠢᠨ ᠳᠠᠷᠤᠭᠠᠰᠤ ᠶᠢ ᠭᠦᠡᠳᠦᠷᠦᠭᠦᠯᠭᠦ ᠪᠠᠷ ᠦᠯᠦ ᠪᠠᠷᠠᠨ ᠦᠪᠡᠷ ᠶᠢᠡᠨ ᠴᠤ ᠡᠳ᠋ ᠮᠦᠩᠭᠦ ᠪᠠᠷ ᠣᠶᠤᠨ ᠰᠠᠨᠠᠭ᠎ᠠ ᠪᠠᠨ ᠨᠤᠶᠠᠷᠬᠠᠭᠤᠯᠳᠠᠭ᠃ ᠡᠢ᠌ᠮᠦᠷᠭᠦ ᠵᠤᠭᠤᠰ ᠵᠠᠷᠤᠬᠤ ᠳᠤ ᠭᠠᠷ ᠶᠡᠭᠡ᠂ ᠰᠤᠬᠤᠷ ᠪᠠᠯᠠᠢ ᠪᠠᠷ ᠨᠠᠷᠠᠳᠤ ᠦᠢᠯᠡᠳᠬᠦᠨ ᠢ ᠭᠦᠭᠡᠭᠡᠴᠡᠯᠳᠦᠭᠦ ᠶᠢ ᠮᠡᠳᠡᠭᠡᠳ ᠵᠤᠭᠤᠰ ᠮᠦᠩᠭᠦ ᠭᠢᠯᠪᠠᠷᠬᠠᠨ ᠢᠷᠡᠭ᠍ᠰᠡᠨ ᠪᠢᠰᠢ ᠭᠡᠳᠡᠭ᠌ ᠢ ᠣᠢ᠌ᠯᠠᠭᠠᠵᠤ ᠮᠡᠳᠡᠭᠦ ᠦᠭᠡᠶ ᠵᠡᠷᠭᠡ ᠣᠯᠠᠨ ᠠᠰᠠᠭᠤᠳᠠᠯ ᠨᠢ ᠬᠡᠦᠬᠡᠳ ᠤᠨ ᠡᠷᠡᠭᠦᠯ ᠶᠢᠡᠷ ᠦᠰᠤᠨ ᠪᠣᠢ᠌ᠵᠢᠬᠤ ᠶᠢ ᠶᠡᠭᠡ ᠪᠠᠷ ᠨᠥᠯᠦᠭᠡᠯᠡᠵᠤ ᠪᠣᠢ᠃ ᠳᠠᠷᠤᠢ᠂ ᠢᠩᠭᠢᠵᠤ ᠰᠤᠷᠤᠭᠰᠠᠨ ᠬᠡᠦᠬᠡᠳ ᠵᠥᠪᠭᠡᠨ ᠵᠤᠭᠤᠰ ᠮᠦᠩᠭᠦ ᠭᠢᠯᠪᠠᠷᠬᠠᠨ ᠢᠷᠡᠭ᠍ᠰᠡᠨ ᠪᠢᠰᠢ ᠭᠡᠳᠡᠭ᠌ ᠢ ᠣᠢ᠌ᠯᠠᠭᠠᠵᠤ ᠮᠡᠳᠡᠭᠦ ᠦᠭᠡᠶ ᠳᠠᠳᠤᠢ ᠯᠠ ᠪᠢᠰᠢ᠂ ᠳᠠᠳᠠ ᠴᠢᠨᠠᠭᠰᠢᠯᠠᠭᠠᠤᠨ ᠠᠪᠣ ᠡᠵᠢ ᠶᠢᠨ ᠶᠢᠡᠨ ᠵᠤᠪᠠᠭᠤᠷᠢ ᠵᠦᠳᠡᠭᠦᠷᠢ ᠶᠢ ᠴᠤ ᠣᠢ᠌ᠯᠠᠭᠠᠬᠤ ᠪᠠᠨ ᠪᠣᠯᠢᠵᠤ᠂ ᠠᠴᠢ ᠡᠨᠡᠷᠢᠯ ᠤᠨ ᠰᠡᠳᠭᠢᠯ ᠦᠭᠡᠶ ᠭᠦᠮᠤᠨ ᠪᠣᠯᠬᠤ ᠨᠢ ᠭᠠᠷᠴᠠᠭ᠎ᠠ ᠦᠭᠡᠶ᠃

ᠣᠳᠤᠬᠠᠨ ᠳᠤ ᠪᠠᠭ᠎ᠠ ᠰᠤᠷᠭᠠᠭᠤᠯᠢ ᠶᠢᠨ ᠳᠤᠤᠷ᠎ᠠ ᠣᠨ ᠤ ᠬᠡᠦᠬᠡᠳ ᠨᠢ 《ᠬᠠᠯᠠᠭᠤᠨ ᠨᠠᠷᠠᠨ ᠳᠤ ᠳᠠᠷᠢᠶ᠎ᠠ ᠠᠷᠴᠢᠬᠤᠶ᠎ᠠ ᠬᠠᠷ᠎ᠠ ᠭᠦᠯᠦᠰᠤ ᠴᠢᠪ ᠴᠢᠪ ᠳᠤᠰᠤᠯᠠᠮᠤᠢ ᠬᠠᠯᠪᠠᠭ᠎ᠠ ᠳᠤᠳᠤᠷᠠᠭᠢ ᠨᠢᠭᠡᠨ ᠮᠥᠭᠦᠯᠢᠭ᠌ ᠠᠮᠤ ᠶᠢᠨ ᠬᠠᠯᠠᠰᠢᠷᠠᠯ ᠵᠤᠪᠠᠯᠠᠩ ᠢ ᠭᠡᠨ ᠭᠦᠮᠤᠨ ᠮᠠᠳᠠᠮᠤᠢ》 ᠭᠡᠭᠦ ᠰᠢᠯᠦᠭ᠌ ᠤᠨ ᠤᠳᠬ᠎ᠠ ᠶᠢ ᠣᠯᠠᠩᠭᠢ ᠨᠢ ᠮᠡᠳᠡᠭᠦ ᠦᠭᠡᠶ ᠶᠠᠪᠣᠭ᠎ᠠ ᠪᠦᠭᠡᠳ ᠳᠡᠭᠡᠷ᠎ᠡ ᠣᠨ ᠤ ᠬᠡᠦᠬᠡᠳ ᠨᠢ ᠰᠢᠯᠦᠭ᠌ ᠤᠨ ᠤᠳᠬ᠎ᠠ ᠶᠢ ᠮᠡᠳᠡᠭ᠍ᠰᠡᠨ ᠴᠤ ᠰᠠᠨᠠᠭᠠᠨ ᠳᠤ ᠪᠠᠨ ᠠᠪᠬᠤ ᠦᠭᠡᠶ ᠨᠢ ᠣᠯᠠᠨ ᠪᠣᠢ᠃ ᠪᠠᠭ᠎ᠠ ᠰᠤᠷᠭᠠᠭᠤᠯᠢ ᠶᠢᠨ ᠨᠠᠰᠤᠨ ᠤ ᠬᠡᠦᠬᠡᠳ 《ᠠᠷᠪᠢᠯᠠᠨ ᠭᠠᠮᠨᠠᠬᠤ》 ᠭᠡᠳᠡᠭ᠌ ᠥᠭᠡ ᠶᠢ ᠦᠨᠳᠦᠰᠦᠨ ᠳᠤ ᠪᠠᠨ ᠣᠢ᠌ᠯᠠᠭᠠᠵᠤ ᠮᠡᠳᠡᠭᠦ ᠭᠡᠮᠵᠢᠶᠡᠨ ᠳᠤ ᠭᠦᠷᠦᠭ᠍ᠰᠡᠨ ᠪᠠᠢ᠌ᠬᠤ ᠯᠠ ᠣᠴᠢᠷᠳᠠᠢ᠃ ᠭᠡᠪᠠᠴᠤ ᠳᠠᠳᠠ ᠢᠳᠠᠵᠤ ᠣᠤᠭᠤᠬᠤ ᠡᠴᠠ ᠡᠭᠢᠯᠡᠨ ᠡᠳ᠋ᠯᠡᠵᠤ ᠭᠡᠷᠡᠭᠯᠡᠭᠦ ᠳᠤ ᠪᠠᠨ ᠴᠤ ᠭᠦᠷᠳᠡᠯ᠎ᠡ ᠠᠷᠪᠢᠯᠠᠨ ᠭᠠᠮᠨᠠᠬᠤ ᠪᠠᠨ ᠮᠡᠳᠡᠭᠦ ᠦᠭᠡᠶ ᠶᠠᠪᠣᠭ᠎ᠠ ᠨᠢ ᠮᠠᠨ ᠤ ᠭᠡᠷ ᠪᠦᠯᠢ ᠶᠢᠨ ᠭᠦᠮᠦᠵᠢᠯ ᠭᠢᠭᠡᠳ ᠴᠡᠴᠡᠷᠯᠢᠭ᠌ ᠤᠨ ᠭᠦᠮᠦᠵᠢᠯ ᠳᠤᠮᠳᠠ ᠠᠷᠪᠢᠯᠠᠨ ᠭᠠᠮᠨᠠᠬᠤ ᠰᠤᠷᠳᠠᠯ ᠢ ᠣᠮᠳᠤᠭᠠᠢ᠌ᠯᠠᠭᠰᠠᠨ ᠲᠡᠶ ᠰᠠᠯᠤᠰᠢ ᠦᠭᠡᠶ ᠬᠤᠯᠪᠣᠭ᠎ᠠ ᠲᠡᠶ᠃ ᠬᠡᠦᠬᠡᠳ ᠢ ᠭᠡᠯᠡᠭᠦ ᠪᠠᠨ ᠪᠠᠢ᠌ᠵᠤ᠂ ᠮᠠᠨ ᠤ ᠴᠡᠴᠡᠷᠯᠢᠭ᠌ ᠲᠤ ᠳᠠᠳᠤᠯᠭ᠎ᠠ ᠭᠢᠵᠤ ᠪᠠᠢ᠌ᠭ᠎ᠠ ᠵᠠᠯᠠᠭᠤ ᠪᠠᠭᠰᠢ ᠪᠣᠶᠤ ᠵᠠᠷᠢᠮ ᠠᠵᠢᠯ ᠳᠤ ᠪᠠᠨ ᠠᠯᠠᠩ ᠰᠠᠯᠠᠩ ᠰᠤᠯᠠ ᠵᠠᠳᠠᠭᠠᠢ ᠬᠠᠠᠳᠤᠳᠠᠭ ᠪᠠᠭᠰᠢ ᠨᠡᠷ ᠶᠢᠡᠷ ᠠᠪᠣᠭᠠᠤᠨ ᠭᠡᠯᠡᠭ᠍ᠰᠡᠨ ᠴᠤ ᠣᠰᠤ ᠴᠠᠭᠢᠯᠭᠠᠨ ᠢ ᠶᠡᠭᠡ ᠪᠠᠷ ᠪᠦᠷᠢᠯᠭᠡᠵᠤ ᠠᠷᠪᠢᠯᠠᠨ ᠭᠠᠮᠨᠠᠬᠤ ᠰᠤᠷᠳᠠᠯ ᠳᠤᠳᠠᠮᠠᠭ ᠪᠠᠢ᠌ᠳᠠᠭ᠃ ᠬᠡᠦᠬᠡᠳ ᠤᠨ ᠣᠤᠭᠤᠳᠠᠭ ᠬᠠᠯᠠᠭᠤᠨ ᠣᠰᠤᠨ ᠰᠠᠪᠠᠨ ᠳ᠋ᠠᠭᠢ ᠥᠯᠡᠳᠡᠭ᠍ᠳᠡᠮᠡᠯ ᠣᠰᠤ ᠪᠠᠷ ᠪᠢᠳᠠ ᠭᠠᠵᠠᠷ ᠶᠢᠡᠨ ᠵᠥᠯᠭᠦᠭᠦ ᠳᠤ ᠢᠯᠡᠭᠦᠳᠡᠭᠦ ᠵᠣᠢ᠌ᠯ ᠦᠭᠡᠶ᠃ ᠭᠡᠳᠡᠯ᠎ᠡ ᠮᠠᠨ ᠤ ᠵᠠᠯᠠᠭᠤ ᠪᠠᠭᠰᠢ ᠨᠡᠷ ᠳᠡᠭᠦᠨ ᠢ ᠶᠠᠭᠤ ᠬᠠᠢ ᠦᠭᠡᠶ ᠠᠰᠬᠠᠵᠤ ᠣᠷᠭᠢᠴᠢᠬᠠᠭᠠᠤᠨ ᠳᠠᠭᠢᠭᠠᠤᠨ ᠳᠦᠭᠡᠭᠡᠯ ᠣᠰᠤᠨ ᠴᠤᠷᠭᠤ ᠡᠴᠠ ᠣᠰᠤ ᠭᠤᠭᠤᠵᠢᠭᠤᠯᠤᠨ ᠠᠪᠴᠤ ᠭᠠᠵᠠᠷ ᠶᠢᠡᠨ ᠵᠥᠯᠭᠦᠳᠡᠭ᠌ ᠥᠵᠡᠭ᠍ᠳᠡᠯ ᠵᠥᠩᠳᠡᠭᠡᠨ᠃ ᠢᠩᠭᠢᠭ᠍ᠰᠡᠨ ᠬᠣᠢ᠌ᠨ᠎ᠡ ᠪᠠᠨ ᠳᠠᠳᠠ ᠬᠡᠦᠬᠡᠳ ᠲᠤ ᠣᠰᠤ ᠶᠢ ᠠᠷᠪᠢᠯᠠᠨ ᠭᠠᠮᠨᠠᠬᠤ ᠭᠦᠮᠦᠵᠢᠯ ᠭᠢᠭᠡᠳ ᠶᠠᠮᠠᠷ ᠣᠢ᠌ᠯᠠᠳᠤᠯ ᠭᠠᠷᠬᠤ ᠪᠣᠢ ︖ ᠬᠤᠭᠤᠯᠠᠨ ᠤ ᠴᠠᠭ ᠲᠤ ᠣᠯᠠᠩᠭᠢ ᠪᠠᠭᠰᠢ ᠨᠡᠷ ᠠᠷᠢᠭᠤᠨ ᠴᠠᠪᠠᠷ ᠬᠤᠭᠤᠯᠠᠯᠠᠬᠤ ᠳᠠᠳᠬᠠᠯ ᠢ ᠭᠦᠮᠦᠵᠢᠭᠦᠯᠭᠦ ᠡᠭᠦᠳᠡᠨ ᠡᠴᠠ ᠬᠡᠦᠬᠡᠳ ᠲᠤ 《ᠪᠣᠳᠠᠭ᠎ᠠ ᠪᠠᠨ ᠠᠰᠬᠠᠬᠤ ᠦᠭᠡᠶ ᠴᠡᠪᠠᠷᠭᠡᠨ ᠢᠳᠡᠭᠡᠷᠡᠢ》 ᠭᠡᠵᠤ ᠭᠡᠯᠡᠳᠡᠭ᠌ ᠵᠤᠷᠰᠢᠯ ᠨᠢ ᠣᠯᠠᠨ ᠪᠠᠢ᠌ᠬᠤ ᠡᠴᠠ ᠠᠮᠤ ᠪᠣᠳᠠᠭ᠎ᠠ ᠶᠢ ᠪᠦᠷᠢᠯᠭᠡᠵᠤ ᠪᠣᠯᠬᠤ ᠦᠭᠡᠶ ᠭᠡᠵᠤ ᠰᠤᠷᠭᠠᠳᠠᠭ ᠨᠢ ᠳᠤᠭ᠎ᠠ ᠲᠡᠶ ᠯᠠ ᠪᠠᠢ᠌ᠳᠠᠭ᠃ ᠢᠩᠭᠢᠭᠡᠳ ᠪᠣᠳᠤᠬᠤ ᠳᠤ ᠦᠨᠳᠦᠷ ᠶᠡᠭᠡ ᠭᠡᠪ ᠪᠣᠯᠪᠠᠰᠤᠷᠠᠯ ᠲᠡᠶ ᠪᠠᠭᠰᠢ ᠨᠢ ᠭᠦᠷᠳᠡᠯ᠎ᠡ ᠠᠷᠪᠢᠯᠠᠨ ᠭᠠᠮᠨᠠᠬᠤ ᠭᠡᠪ ᠰᠤᠷᠳᠠᠯ ᠢ ᠣᠮᠳᠤᠭᠠᠢ᠌ᠯᠠᠳᠠᠭ ᠶᠤᠮ ᠴᠢᠨᠢ ᠣᠬᠠᠭᠠᠵᠢᠵᠤ ᠳᠤᠮᠤᠭᠠᠵᠢᠭ᠎ᠠ ᠦᠭᠡᠶ ᠵᠠᠯᠠᠭᠤ ᠪᠠᠭᠠᠴᠤᠳ ᠢ ᠨᠠᠩ ᠶᠠᠭᠤ ᠶᠢ ᠨᠢ ᠭᠡᠯᠡᠭᠦᠪ᠃

ᠡᠨᠡ ᠳᠠᠯ᠎ᠠ ᠪᠠᠷ ᠮᠠᠨ ᠡᠴᠠ ᠬᠤᠯᠠ ᠢᠯᠡᠭᠦᠤ ᠭᠦᠭ᠍ᠵᠢᠨ ᠴᠢᠨᠡᠭᠡᠯᠢᠭ᠍ᠵᠢᠭ᠍ᠰᠡᠨ ᠶᠠᠫᠣᠨ ᠣᠯᠤᠰ ᠪᠣᠶᠤ ᠦᠷᠤᠨᠠᠳᠠᠭᠢᠨ ᠤ ᠣᠯᠤᠰ ᠤᠳ ᠬᠡᠦᠬᠡᠳ ᠶᠢᠡᠨ ᠪᠠᠭ᠎ᠠ ᠡᠴᠠ ᠨᠢ ᠠᠷᠪᠢᠯᠠᠨ ᠭᠠᠮᠨᠠᠬᠤ ᠶᠢ ᠵᠠᠭᠢᠵᠤ ᠰᠤᠷᠭᠠᠬᠤ ᠳᠤ ᠪᠠᠨ ᠮᠠᠨ ᠡᠴᠠ ᠬᠤᠯᠠ ᠳᠠᠪᠠᠳᠠᠭ᠃ ᠪᠢᠴᠢᠯ ᠳᠤᠨᠤᠭ ᠤᠨ ᠺᠤᠮᠫᠠᠨᠢ ᠶᠢᠨ ᠭᠡᠷᠡᠭ᠌ ᠡᠷᠭᠢᠯᠡᠭ᠍ᠴᠢ ᠪᠧᠯ·ᠭᠠᠢ᠌ᠽᠢ ᠪᠣᠯ ᠣᠳᠤᠬᠠᠨ ᠤ ᠳᠡᠯᠡᠭᠡᠢ ᠶᠢᠨ ᠳᠡᠷᠢᠭᠦᠨ ᠪᠠᠶᠠᠨ ᠤ ᠨᠢᠭᠡ ᠪᠣᠯᠬᠤ ᠶᠤᠮ᠃ ᠳᠠᠷᠠ ᠪᠦᠰᠡᠭᠦᠢ ᠲᠡᠶ ᠪᠠᠨ ᠬᠤᠶᠠᠭᠤᠯᠠ ᠪᠦᠷ ᠬᠡᠦᠬᠡᠳ ᠲᠤ ᠪᠠᠨ ᠳᠤᠩ ᠬᠠᠢ᠌ᠷᠠᠳᠠᠢ᠂ ᠭᠡᠪᠠᠴᠤ ᠳᠠᠳᠠ ᠬᠡᠦᠬᠡᠳ ᠤᠨ ᠶᠢᠡᠨ ᠡᠳ᠋ ᠪᠣᠳᠠᠰ ᠤᠨ ᠳᠠᠯ᠎ᠠ ᠪᠠᠷ ᠭᠢ ᠭᠦᠰᠡᠯ ᠳᠤᠷᠠᠰᠢᠯ ᠢ ᠬᠠᠩᠭ᠋ᠠᠬᠤ ᠳᠠᠯ᠎ᠠ ᠪᠠᠷ ᠳᠤᠩ ᠬᠠᠷᠠᠮᠴᠢ ᠪᠠᠢ᠌ᠵᠤ᠂ ᠳᠤᠷ᠎ᠠ ᠪᠠᠷ ᠰᠤᠯᠠ ᠵᠠᠷᠤᠬᠤ ᠵᠤᠭᠤᠰ ᠶᠠᠷᠤ ᠥᠭ᠍ᠳᠡᠭ᠌ ᠦᠭᠡᠶ᠃ ᠪᠢᠴᠢᠬᠠᠨ ᠭᠡᠦᠭᠡᠨ ᠨᠢ ᠳᠠᠩᠳᠠ ᠪᠠᠨ ᠠᠪᠣ ᠡᠵᠢ ᠳᠤ ᠪᠠᠨ ᠬᠠᠮᠤᠭ ᠳᠤᠷᠠᠳᠠᠢ ᠳᠤᠭᠯᠠᠭᠠᠮ ᠤᠨ ᠳᠡᠷᠭᠡ ᠶᠢ ᠨᠢ ᠠᠪᠴᠤ ᠦᠭ‍ᠭᠦᠭ᠍ᠰᠡᠨ ᠦᠭᠡᠶ ᠭᠡᠵᠤ ᠭᠤᠮᠤᠳᠠᠵᠤ ᠪᠠᠢ᠌ᠳᠠᠭ᠃ ᠭᠠᠢ᠌ᠽᠢ ᠶᠢᠨ ᠥᠵᠡᠭᠦ ᠪᠠᠷ᠄ ᠶᠠᠮᠠᠷ ᠪᠠᠶᠠᠨ ᠪᠣᠯᠤᠯ᠎ᠠ ᠭᠡᠳ ᠬᠡᠦᠬᠡᠳ ᠢ ᠪᠠᠶᠠᠵᠢᠭᠤᠯᠵᠤ ᠪᠣᠯᠬᠤ ᠦᠭᠡᠶ ᠭᠡᠳᠡᠭ᠌᠃ 《ᠪᠠᠶᠠᠨ ᠠᠪᠣ᠂ ᠶᠠᠳᠠᠭᠤ ᠠᠪᠣ》 ᠭᠡᠭᠦ ᠨᠤᠮ ᠤᠨ ᠵᠤᠬᠢᠶᠠᠯᠴᠢ ᠷᠦᠪᠲ᠋·ᠴᠢᠩ ᠴᠢ ᠦᠪᠡᠷ ᠤᠨ ᠡᠨᠡᠭᠦ ᠠᠯᠳᠠᠷᠳᠤ ᠪᠦᠳᠦᠭᠡᠯ ᠳᠤ ᠪᠠᠨ 《ᠦᠨᠦᠳᠤᠷ ᠤᠨ ᠮᠠᠨ ᠤ ᠰᠤᠷᠭᠠᠨ ᠭᠦᠮᠦᠵᠢᠯ ᠤᠨ ᠪᠦᠳᠦᠴᠡ ᠨᠢ ᠪᠦᠭᠦ ᠪᠦᠮᠪᠦᠷᠴᠡᠭ᠌ ᠤᠨ ᠬᠤᠪᠢᠰᠤᠯᠳᠠ ᠪᠠ ᠮᠡᠷᠭᠡᠵᠢᠯ ᠤᠨ ᠰᠢᠨᠠᠴᠢᠯᠠᠯᠳᠠ ᠶᠢᠨ ᠠᠯᠬᠤᠮ ᠢ ᠨᠢᠭᠡᠨᠲᠡ ᠳᠠᠭᠠᠵᠤ ᠠᠮᠵᠢᠬᠤ ᠪᠠᠨ ᠪᠣᠯᠢᠵᠠᠢ᠃ ᠪᠢᠳᠠ ᠵᠠᠯᠠᠭᠤᠴᠤᠳ ᠲᠤ ᠡᠷᠳᠡᠮ ᠰᠢᠡᠵᠢᠯᠡᠭᠡᠨ ᠤ ᠳᠠᠯ᠎ᠠ ᠪᠠᠷ ᠭᠢ ᠴᠢᠳᠠᠪᠣᠷᠢ ᠶᠢ ᠭᠦᠮᠦᠵᠢᠭᠦᠯᠭᠦ ᠭᠡᠷᠡᠭ᠍ᠳᠡᠢ ᠪᠠᠷ ᠦᠯᠦ ᠪᠠᠷᠠᠨ ᠪᠠᠰᠠ ᠳᠠᠳᠠᠨ ᠤ ᠡᠳ᠋ ᠮᠦᠩᠭᠦ ᠶᠢ ᠣᠢ᠌ᠯᠠᠭᠠᠬᠤ ᠴᠢᠳᠠᠪᠣᠷᠢ ᠶᠢ ᠭᠦᠮᠦᠵᠢᠭᠦᠯᠭᠦ ᠭᠡᠷᠡᠭ᠍ᠳᠡᠢ᠃ ᠡᠨᠡ ᠨᠢ ᠳᠠᠳᠠᠨ ᠤ ᠡᠨᠡ ᠳᠡᠯᠡᠭᠡᠢ ᠳᠡᠭᠡᠷ᠎ᠡ ᠣᠷᠤᠰᠢᠨ ᠠᠮᠢᠳᠤᠷᠠᠬᠤ ᠳᠤ᠂ ᠳᠡᠭᠦᠡᠴᠢᠯᠡᠨ ᠨᠠᠩ ᠰᠠᠢ᠌ᠨ ᠰᠠᠢ᠌ᠬᠠᠨ ᠠᠮᠢᠳᠤᠷᠠᠬᠤ ᠳᠤ ᠡᠷᠭᠡᠪᠰᠢ ᠪᠦᠷᠢᠳᠦᠭᠦᠯᠪᠠᠰᠤ ᠵᠤᠭᠢᠬᠤ ᠴᠢᠳᠠᠪᠣᠷᠢ ᠪᠣᠯᠤᠨ᠎ᠠ》 ᠭᠡᠵᠤ ᠪᠢᠴᠢᠭ᠍ᠰᠡᠨ ᠪᠠᠢ᠌ᠳᠠᠭ᠃

ᠠᠷᠪᠢᠯᠠᠨ ᠭᠠᠮᠨᠠᠬᠤ ᠰᠤᠷᠳᠠᠯ ᠭᠡᠳᠡᠭ᠌ ᠨᠢ ᠮᠦᠨ ᠴᠢᠨᠠᠷ ᠳᠡᠭᠡᠷ᠎ᠡ ᠪᠠᠨ ᠨᠢᠭᠡ ᠭᠦᠮᠤᠨ ᠤ ᠡᠳ᠋ ᠮᠦᠩᠭᠦ ᠪᠠᠨ ᠵᠤᠭᠢᠰᠳᠠᠢ ᠭᠠᠵᠠᠷ ᠶᠢᠡᠨ ᠳᠤᠭᠢᠷᠠᠮᠵᠢᠳᠠᠢ ᠭᠡᠷᠡᠭᠯᠡᠵᠤ᠂ ᠵᠤᠭᠢᠰ ᠦᠭᠡᠶ ᠬᠤᠭᠢᠷᠠᠯ ᠡᠴᠠ ᠵᠠᠢ᠌ᠯᠠᠰᠭᠢᠬᠤ ᠰᠠᠢ᠌ᠨ ᠰᠠᠢ᠌ᠬᠠᠨ ᠵᠠᠩ ᠳᠠᠳᠬᠠᠯ ᠢ ᠭᠡᠯᠡᠳᠡᠭ᠌᠃ ᠳᠠᠷᠠ ᠨᠢ ᠢᠪᠴᠤᠤ ᠤᠳᠬ᠎ᠠ ᠡᠴᠠ ᠨᠢ ᠦᠵᠡᠪᠠᠯ᠂ ᠨᠢᠭᠡ ᠭᠦᠮᠤᠨ ᠤ ᠠᠮᠢᠳᠤᠷᠠᠯ ᠶᠢᠡᠨ ᠳᠤᠭᠢᠷᠠᠭᠤᠯᠬᠤ ᠴᠢᠳᠠᠪᠣᠷᠢ ᠶᠢ ᠳᠡᠭᠡᠭ᠍ᠰᠢᠯᠡᠭᠦᠯᠵᠤ᠂ ᠠᠢ᠌ᠯ ᠭᠡᠷ ᠤᠨ ᠡᠳ᠋ ᠪᠣᠳᠠᠰ ᠤᠨ ᠭᠡᠷᠡᠭᠯᠡᠭᠡ ᠪᠠᠨ ᠵᠤᠭᠢᠰᠳᠠᠢ ᠳᠤᠭᠢᠷᠠᠭᠤᠯᠬᠤ ᠳᠤ ᠠᠰᠢᠭᠳᠠᠢ ᠳᠡᠯᠭᠡᠷᠡᠩᠭᠦᠢ ᠤᠳᠬ᠎ᠠ ᠡᠴᠠ ᠨᠢ ᠠᠪᠴᠤ ᠦᠵᠡᠪᠠᠯ᠂ ᠨᠢᠭᠡ ᠣᠯᠤᠰ ᠦᠨᠳᠦᠰᠦᠳᠠᠨ ᠤ ᠭᠡᠪ ᠴᠢᠨᠠᠷ ᠢ ᠢᠯᠡᠷᠡᠭᠦᠯᠵᠤ᠂ ᠡᠭᠢ ᠪᠠᠶᠠᠯᠢᠭ ᠢ ᠭᠠᠮᠨᠠᠨ ᠠᠰᠢᠭᠯᠠᠬᠤ ᠠᠯᠤᠰ ᠭᠡᠳᠤ ᠶᠢᠨ ᠢᠷᠡᠭᠡᠳᠦᠢ ᠳᠤ ᠠᠰᠢᠭᠳᠠᠢ᠃ ᠠᠷᠪᠢᠯᠠᠨ ᠭᠠᠮᠨᠠᠬᠤ ᠰᠤᠷᠳᠠᠯ ᠢ ᠵᠤᠭᠢᠬᠤ ᠤᠳᠬ᠎ᠠ ᠡᠴᠠ ᠨᠢ ᠠᠪᠴᠤ ᠭᠡᠯᠡᠪᠠᠯ ᠪᠠᠰᠠ ᠡᠭᠡ ᠪᠠᠢ᠌ᠭᠠᠯᠢ ᠭᠢᠭᠡᠳ ᠥᠩᠭᠡ ᠭᠡᠷᠡᠯᠳᠡᠢ ᠭᠦᠳᠡᠯᠮᠦᠷᠢ ᠶᠢᠨ ᠪᠦᠳᠦᠭᠡᠯ ᠶᠢᠡᠨ ᠨᠠᠠᠳᠢᠩᠨᠠᠵᠤ ᠬᠠᠢ᠌ᠷᠠᠯᠠᠭᠰᠠᠨ ᠪᠦᠭᠦᠢᠯᠡ ᠭᠦᠮᠤᠨ ᠳᠦᠷᠤᠯᠭᠢᠳᠠᠨ ᠤ ᠬᠠᠮᠤᠭ ᠤᠨ ᠠᠷᠢᠭᠤᠨ ᠡᠷᠭᠢᠮ ᠰᠤᠷᠳᠠᠯ ᠪᠣᠯᠬᠤ ᠶᠤᠮ᠃ ᠣᠳᠤᠬᠠᠨ ᠳᠤ ᠮᠠᠨ ᠤ ᠣᠯᠤᠰ ᠳᠠᠶᠠᠭᠠᠷ ᠰᠤᠷᠳᠠᠯᠴᠢᠯᠠᠵᠤ ᠪᠠᠢ᠌ᠭ᠎ᠠ 《ᠳᠤᠤᠷ᠎ᠠ ᠨᠡᠭᠦᠷᠡᠰᠦᠳᠦ᠋ᠷᠦᠭ᠍ᠴᠢᠳᠤ ᠠᠮᠢᠳᠤᠷᠠᠯ》 ᠭᠡᠳᠡᠭ᠌ ᠨᠢ ᠦᠨᠡᠨ ᠳᠡᠭᠡᠨ ᠠᠷᠪᠢᠯᠠᠨ ᠭᠠᠮᠨᠠᠬᠤ ᠠᠮᠢᠳᠤᠷᠠᠯ ᠤᠨ ᠭᠡᠯᠪᠠᠷᠢ ᠶᠢ ᠨᠢ ᠥᠭᠡᠷᠡᠳᠦᠭᠦᠯᠦᠭ᠍ᠰᠡᠨ ᠨᠠᠷᠠᠢ᠌ᠳᠤᠯ ᠭᠡᠵᠤ ᠪᠢ ᠣᠢ᠌ᠯᠠᠭᠠᠳᠠᠭ᠃ ᠣᠴᠢᠷ ᠨᠢ ᠪᠢᠳᠠ ᠳᠡᠷᠭᠡ ᠮᠠᠰᠢᠨ ᠶᠢᠡᠨ ᠠᠯᠢ ᠪᠣᠯᠬᠤ ᠶᠢᠨ ᠳᠤᠳᠤᠷ᠎ᠠ ᠳᠤᠳᠠᠭᠤ ᠰᠢᠭ᠌ ᠭᠡᠷᠡᠭᠯᠡᠪᠠᠯ ᠳᠤᠰᠤ ᠠᠷᠪᠢᠯᠠᠬᠤ ᠪᠠᠷ ᠦᠯᠦ ᠪᠠᠷᠠᠨ ᠨᠡᠭᠦᠷᠡᠰᠦᠳᠦ᠋ᠷᠦᠭ᠍ᠴᠢ ᠶᠢ ᠳᠤᠳᠠᠭᠤ ᠢᠯᠭᠠᠷᠠᠭᠤᠯᠤᠨ ᠠᠭᠠᠷ ᠮᠠᠠᠳᠠᠯ ᠤᠨ ᠪᠣᠭᠢᠷᠳᠤᠯ ᠢ ᠪᠠᠭᠠᠰᠬᠠᠵᠤ ᠪᠣᠯᠤᠨ᠎ᠠ᠃ ᠡᠨᠡ ᠮᠠᠳᠤᠴᠢᠯᠠᠨ ᠲᠦᠯᠭᠢᠵᠤ ᠪᠣᠳᠤᠪᠠᠯ 《ᠳᠤᠤᠷ᠎ᠠ ᠨᠡᠭᠦᠷᠡᠰᠦᠳᠦ᠋ᠷᠦᠭ᠍ᠴᠢᠳᠤ ᠠᠮᠢᠳᠤᠷᠠᠯ》 ᠭᠡᠳᠡᠭ᠌ ᠴᠢᠨᠢ ᠳᠠᠷᠠ ᠴᠢᠭ᠌ ᠶᠢᠡᠷ ᠶᠢᠡᠨ ᠠᠷᠪᠢᠯᠠᠨ ᠭᠠᠮᠨᠠᠬᠤ ᠰᠤᠷᠳᠠᠯ ᠤᠨ ᠳᠤᠬᠠᠢ ᠣᠷᠢᠶ᠎ᠠ ᠯᠤᠤᠽᠤᠩ ᠪᠣᠯᠬᠤ ᠶᠤᠮ᠃ ᠢᠩᠭᠢᠭᠦᠯᠡᠷ ᠭᠦᠮᠤᠨ ᠤ ᠨᠢᠭᠡ ᠨᠠᠰᠤᠨ ᠤ ᠰᠠᠢ᠌ᠨ ᠰᠠᠢ᠌ᠬᠠᠨ ᠵᠠᠩ ᠠᠷᠠᠠᠰᠢᠨ ᠤ ᠪᠦᠷᠢᠯᠳᠦᠯ ᠤᠨ ᠰᠠᠭᠤᠷᠢ ᠶᠢ ᠴᠤᠭᠴᠠᠯᠠᠭᠴᠢ ᠴᠡᠴᠡᠷᠯᠢᠭ᠌ ᠤᠨ ᠭᠦᠮᠦᠵᠢᠯ ᠳᠤᠮᠳᠠ ᠠᠷᠪᠢᠯᠠᠨ ᠭᠠᠮᠨᠠᠬᠤ ᠰᠤᠷᠳᠠᠯ ᠢ ᠴᠢᠬᠤᠯᠠ ᠠᠭᠤᠯᠭ᠎ᠠ ᠪᠣᠯᠭᠠᠨ ᠭᠦᠡᠳᠦᠳᠭᠡᠨ ᠦᠵᠡᠪᠠᠯ ᠵᠤᠭᠢᠨ᠎ᠠ᠃ ᠳᠡᠭᠡᠪᠠᠯ ᠠᠷᠪᠢᠯᠠᠨ ᠭᠠᠮᠨᠠᠬᠤ ᠰᠤᠷᠳᠠᠯ ᠢ ᠴᠡᠴᠡᠷᠯᠢᠭ᠌ ᠤᠨ ᠭᠦᠮᠦᠵᠢᠯ ᠤᠨ ᠴᠢᠬᠤᠯᠠ ᠠᠭᠤᠯᠭ᠎ᠠ ᠪᠣᠯᠭᠠᠬᠤ ᠳᠤ ᠠᠯᠢ ᠭᠡᠳᠤᠨ ᠳᠠᠯ᠎ᠠ ᠪᠠᠷ ᠭᠡᠷᠭᠢᠨ ᠭᠢᠪᠠᠯ ᠵᠤᠭᠢᠬᠤ ᠪᠣᠢ ︖ ᠭᠡᠪᠠᠯ᠂

ᠨᠢᠭᠡ᠂ ᠶᠠᠭᠤᠨ ᠤ ᠡᠮᠤᠨ᠎ᠡ ᠴᠡᠴᠡᠷᠯᠢᠭ᠌ ᠤᠨ ᠣᠳᠤᠷᠢᠳᠤᠯᠭ᠎ᠠ ᠪᠠ ᠪᠠᠭᠰᠢ ᠨᠡᠷ ᠡᠨᠡ ᠳᠠᠯ᠎ᠠ ᠪᠠᠷ ᠭᠢ ᠭᠦᠮᠦᠵᠢᠯ ᠢ ᠠᠩᠬᠠᠷᠤᠯ ᠳᠤ ᠪᠠᠨ ᠠᠪᠴᠤ᠂ ᠦᠨᠡᠩᠬᠦ ᠴᠢᠬᠤᠯᠠᠴᠢᠯᠠᠨ ᠦᠵᠡᠪᠠᠯ ᠵᠤᠭᠢᠨ᠎ᠠ᠃

ᠴᠡᠴᠡᠷᠯᠢᠭ᠌ ᠤᠨ ᠡᠳᠦᠷ ᠳᠤᠳᠤᠮ ᠤᠨ ᠠᠮᠢᠳᠤᠷᠠᠯ ᠤᠨ ᠭᠦᠳᠡᠯᠭᠡᠭᠡᠨ ᠢ ᠵᠢᠭᠠᠨ ᠵᠢᠯᠤᠭᠤᠳᠬᠤ ᠳᠤ ᠪᠢᠳᠠ ᠦᠷᠭᠦᠯᠵᠢ ᠬᠡᠦᠬᠡᠳ ᠲᠤ ᠨᠠᠭᠠᠳᠤᠮ ᠳᠤᠭᠯᠠᠭᠠᠮ ᠤᠨ ᠡᠳ᠋ ᠶᠢᠡᠨ ᠬᠠᠢ᠌ᠷᠠᠯᠠᠵᠤ ᠭᠢᠮᠠᠭᠠᠳᠠᠬᠤ ᠭᠡᠷᠡᠭ᠍ᠳᠡᠢ᠂ ᠨᠠᠭᠠᠳᠴᠤ ᠪᠠᠷᠠᠭᠰᠠᠨ ᠬᠣᠢ᠌ᠨ᠎ᠠ ᠨᠢ ᠣᠷᠤᠨ ᠳ᠋ᠤᠨᠢ ᠪᠣᠴᠠᠭᠠᠵᠤ ᠬᠤᠷᠢᠶᠠᠬᠤ ᠭᠡᠷᠡᠭ᠍ᠳᠡᠢ ᠭᠡᠵᠤ ᠰᠤᠷᠭᠠᠵᠤ ᠪᠠᠢ᠌ᠳᠠᠭ᠃ ᠭᠡᠪᠠᠴᠤ ᠪᠠᠯᠴᠢᠷ ᠬᠡᠦᠬᠡᠳ ᠪᠠᠭᠰᠢ ᠶᠢᠨ ᠭᠡᠯᠡᠭ᠍ᠰᠡᠨ ᠶᠤᠰᠤᠭᠠᠷ ᠭᠢᠳᠡᠭ᠌ ᠪᠣᠯᠪᠠᠴᠤ ᠶᠠᠭᠤᠨ ᠳᠤ ᠢᠩᠭᠢᠵᠤ ᠭᠢᠳᠡᠭ᠌ ᠤᠨ ᠶᠢᠡᠨ ᠣᠴᠢᠷ ᠢ ᠨᠢ ᠮᠡᠳᠡᠳᠡᠭ᠌ ᠦᠭᠡᠶ᠃ ᠰᠢᠷᠡᠭᠡ ᠰᠠᠠᠳᠠᠯᠢ ᠪᠠᠨ ᠬᠠᠢ᠌ᠷᠠᠯᠠᠬᠤ᠂ ᠪᠣᠳᠤᠭ ᠪᠢᠷ ᠶᠢᠡᠨ ᠬᠠᠢ᠌ᠷᠠᠯᠠᠬᠤ ᠁ ᠭᠡᠭᠦ ᠮᠠᠳᠤᠴᠢᠯᠠᠨ ᠡᠳ᠋ᠯᠡᠯ ᠭᠡᠷᠡᠭ᠍ᠰᠡᠯ ᠶᠢᠡᠨ ᠬᠠᠢ᠌ᠷᠠᠯᠠᠬᠤ ᠶᠢ ᠪᠠᠭᠰᠢ ᠪᠣᠯᠤᠭᠰᠠᠤᠨ ᠪᠢᠳᠠ ᠦᠷᠭᠦᠯᠵᠢ ᠵᠢᠭᠠᠵᠤ ᠵᠠᠭᠢᠵᠤ ᠪᠠᠢ᠌ᠳᠠᠭ ᠪᠣᠯᠪᠠᠴᠤ ᠬᠡᠦᠬᠡᠳ ᠤᠳ ᠮᠦᠨ ᠯᠠ ᠪᠣᠳᠤᠭ ᠶᠢᠡᠨ ᠳᠤᠷ᠎ᠠ ᠪᠠᠷ ᠣᠷᠭᠢᠬᠤ ᠪᠣᠶᠤ ᠡᠪᠳᠡᠯᠡᠵᠤ ᠪᠠᠯᠪᠠᠯᠠᠬᠤ᠂ ᠳᠤᠭᠯᠠᠭᠠᠮ ᠤᠨ ᠡᠳ᠋ ᠶᠢᠡᠨ ᠬᠠᠰᠢ ᠶᠠᠰᠢ ᠬᠤᠮᠢᠵᠤ᠂ ᠨᠠᠠᠳᠢᠩᠨᠠᠬᠤ ᠦᠭᠡᠶ ᠥᠵᠡᠭ᠍ᠳᠡᠯ ᠵᠥᠩᠳᠡᠭᠡᠨ ᠭᠠᠷᠳᠠᠭ᠃ ᠡᠨᠡᠭᠦ ᠥᠵᠡᠭ᠍ᠳᠡᠯ ᠳᠤ ᠴᠢᠭᠯᠡᠭᠦᠯᠤᠨ ᠪᠢᠳᠠ ᠡᠳᠡᠭᠡᠷ ᠬᠠᠢ᠌ᠷᠠᠯᠠᠵᠤ ᠭᠢᠮᠠᠭᠠᠳᠠᠬᠤ ᠴᠢᠬᠤᠯᠠ ᠲᠡᠶ ᠡᠳ᠋ ᠤᠳ ᠨᠢ ᠭᠡᠳᠦᠢ ᠵᠤᠭᠤᠰ ᠤᠨ ᠦᠷᠳᠡᠭ᠌ ᠲᠡᠶ᠂ ᠭᠡᠷᠪᠡ ᠡᠪᠳᠡᠯᠡᠵᠤ ᠪᠠᠯᠪᠠᠯᠠᠬᠤ ᠳᠤ ᠭᠦᠷᠪᠠᠯ ᠳᠠᠭᠢᠨ ᠠᠪᠬᠤ ᠳᠤ ᠭᠦᠷᠴᠤ ᠵᠤᠭᠤᠰ ᠮᠦᠩᠭᠦ ᠶᠢ ᠨᠠᠮᠠᠵᠤ ᠪᠦᠷᠢᠯᠭᠡᠭᠦ ᠪᠣᠯᠤᠨ᠎ᠠ᠂ ᠭᠡᠷᠪᠡ ᠪᠢᠳᠠ ᠬᠠᠢ᠌ᠷᠠᠯᠠᠨ ᠭᠢᠮᠠᠭᠠᠳᠠᠬᠤ ᠳᠤ ᠭᠦᠷᠪᠠᠯ ᠡᠳᠡᠭᠡᠷ ᠮᠦᠩᠭᠦ ᠪᠠᠨ ᠠᠷᠪᠢᠯᠠᠨ ᠪᠣᠰᠤᠳ ᠵᠣᠢ᠌ᠯ ᠢ ᠠᠪᠬᠤ ᠳᠤ ᠭᠡᠷᠡᠭ᠍ᠰᠡᠵᠤ ᠪᠣᠯᠤᠨ᠎ᠠ ᠁ ᠭᠡᠭᠦ ᠮᠠᠳᠤᠴᠢᠯᠠᠨ ᠬᠠᠢ᠌ᠷᠠᠯᠠᠨ ᠭᠢᠮᠠᠭᠠᠳᠠᠵᠤ ᠪᠠᠢ᠌ᠭ᠎ᠠ ᠨᠢ ᠦᠨᠡᠨ ᠳᠤ ᠪᠠᠨ ᠠᠷᠪᠢᠯᠠᠨ ᠭᠠᠮᠨᠠᠵᠤ ᠪᠠᠢ᠌ᠬᠤ ᠶᠢᠨ ᠣᠭ ᠣᠴᠢᠷ ᠪᠣᠯᠬᠤ ᠪᠠᠨ ᠬᠡᠦᠬᠡᠳ ᠲᠤ ᠨᠠᠷᠢᠨ ᠰᠠᠢ᠌ᠬᠠᠨ ᠳᠠᠢ᠌ᠯᠪᠣᠷᠢᠯᠠᠵᠤ ᠥᠭ᠍ᠪᠠᠯ ᠵᠤᠭᠢᠨ᠎ᠠ᠃

ᠪᠠᠰᠠ ᠬᠡᠦᠬᠡᠳ ᠤᠨ ᠡᠳᠦᠷ ᠳᠤᠳᠤᠮ ᠤᠨ ᠠᠮᠢᠳᠤᠷᠠᠯ ᠤᠨ ᠭᠦᠳᠡᠯᠭᠡᠭᠡᠨ ᠢ ᠵᠢᠭᠠᠨ ᠵᠢᠯᠤᠭᠤᠳᠬᠤ ᠳᠤ ᠪᠠᠨ ᠪᠠᠭ᠎ᠠ ᠠᠩᠭᠢ ᠡᠴᠠ ᠡᠭᠢᠯᠡᠨ ᠴᠢᠩᠭ᠎ᠠ ᠱᠠᠭᠠᠷᠳᠠᠵᠤ᠂ ᠣᠰᠤ ᠣᠤᠭᠤᠬᠤ ᠦᠶ᠎ᠡ ᠳ᠋ᠤᠨᠢ ᠣᠰᠤ ᠶᠢ ᠠᠷᠪᠢᠯᠠᠨ ᠭᠠᠮᠨᠠᠬᠤ ᠳᠠᠯ᠎ᠠ ᠪᠠᠷ ᠵᠢᠭᠠᠨ ᠰᠤᠷᠭᠠᠵᠤ᠂ ᠬᠤᠭᠤᠯᠠᠨ ᠤ ᠴᠠᠭ ᠲᠤ ᠠᠮᠤ ᠪᠣᠳᠠᠭ᠎ᠠ ᠶᠢ ᠠᠷᠪᠢᠯᠠᠬᠤ ᠵᠡᠷᠭᠡ ᠳᠠᠯ᠎ᠠ ᠡᠴᠠ ᠭᠡᠯᠡᠵᠤ ᠰᠤᠷᠭᠠᠬᠤ ᠶᠢ ᠴᠢᠬᠤᠯᠠ ᠪᠠᠢ᠌ᠷᠢᠨ ᠳᠤ ᠳᠠᠯᠪᠢᠪᠠᠯ ᠵᠤᠭᠢᠨ᠎ᠠ᠃

ᠬᠤᠶᠠᠷ᠂ ᠴᠡᠴᠡᠷᠯᠢᠭ᠌ ᠤᠨ ᠪᠠᠭᠰᠢ ᠪᠣᠯᠤᠭᠰᠠᠤᠨ ᠦᠪᠡᠷ ᠤᠨ ᠪᠠᠶ᠎ᠠ ᠪᠠᠷ ᠶᠢᠡᠨ ᠬᠡᠦᠬᠡᠳ ᠲᠤ ᠠᠷᠪᠢᠯᠠᠨ ᠭᠠᠮᠨᠠᠬᠤ ᠶᠢᠨ ᠰᠢᠯᠢᠳᠡᠭ᠌ ᠰᠠᠢ᠌ᠨ ᠭᠡᠪ ᠳᠠᠭᠤᠷᠢᠶᠠᠯ ᠪᠣᠯᠪᠠᠯ ᠵᠤᠭᠢᠨ᠎ᠠ᠃

ᠡᠨᠡ ᠳᠠᠯ᠎ᠠ ᠪᠠᠷ ᠮᠠᠨ ᠤ ᠴᠡᠴᠡᠷᠯᠢᠭ᠍ᠴᠢ ᠨᠡᠷ ᠪᠠᠭ᠎ᠠ ᠦᠭᠡᠶ ᠠᠵᠢᠯ ᠭᠢᠵᠤ ᠪᠣᠢ᠃ ᠵᠢᠱᠢᠶᠠᠯᠠᠪᠠᠯ᠂ ᠬᠠᠶᠠᠭᠳᠠᠮᠠᠯ ᠡᠳ᠋ ᠶᠢᠡᠷ ᠳᠤᠭᠯᠠᠭᠠᠮ ᠨᠠᠭᠠᠳᠤᠮ ᠵᠠᠰᠠᠬᠤ ᠶᠢ ᠵᠢᠭᠠᠨ ᠵᠢᠯᠤᠭᠤᠳᠬᠤ᠂ ᠭᠠᠷ ᠣᠷᠠᠯᠠᠯ ᠤᠨ ᠪᠦᠳᠦᠭᠡᠭ᠍ᠳᠡᠭᠦᠨ ᠪᠣᠯᠭᠠᠵᠤ ᠣᠷᠴᠢᠨ ᠳᠤᠭᠤᠷᠢᠨ ᠶᠢᠡᠨ ᠴᠢᠮᠡᠭᠦ ᠮᠤᠳᠤᠨ ᠤ ᠨᠠᠪᠴᠢ ᠶᠢ ᠴᠤᠭᠯᠠᠭᠤᠯᠵᠤ ᠵᠢᠷᠤᠭ ᠨᠠᠭᠠᠮᠠᠯ ᠭᠢᠭᠦ ᠁ ᠭᠡᠭᠦ ᠮᠠᠳᠤ ᠶᠢᠨ ᠭᠦᠳᠡᠯᠭᠡᠭᠡᠨ ᠨᠢ ᠦᠨᠡᠨᠳᠡᠭᠡᠨ ᠪᠦᠷ ᠯᠠ ᠠᠷᠪᠢᠯᠠᠨ ᠭᠠᠮᠨᠠᠬᠤ ᠰᠤᠷᠳᠠᠯ ᠢ ᠣᠬᠠᠭᠤᠯᠬᠤ ᠠᠭᠤᠯᠭ᠎ᠠ ᠪᠣᠯᠵᠤ ᠪᠣᠯᠤᠨ᠎ᠠ᠃ ᠡᠢ᠌ᠮᠤ ᠡᠴᠠ ᠪᠠᠭᠰᠢ ᠨᠡᠷ ᠡᠨᠡ ᠰᠠᠢ᠌ᠬᠠᠨ ᠡᠭᠦᠳᠤᠨ ᠪᠦᠳᠦᠭᠡᠯᠴᠢ ᠴᠢᠨᠠᠷ ᠲᠡᠶ ᠵᠢᠭᠠᠨ ᠵᠢᠯᠤᠭᠤᠳᠬᠤ ᠭᠦᠳᠡᠯᠭᠡᠭᠡᠨ ᠶᠢᠡᠨ ᠤᠳᠬ᠎ᠠ ᠰᠠᠨᠠᠭ᠎ᠠ ᠶᠢ ᠨᠢ ᠭᠦᠡᠵᠡᠭᠡᠢ᠌ᠷᠡᠭᠦᠯᠤᠨ ᠦᠷᠭᠡᠵᠢᠭᠦᠯᠵᠤ ᠡᠭᠦᠨ ᠶᠢᠡᠷ ᠶᠢᠡᠨ ᠳᠠᠮᠵᠢᠭᠤᠯᠵᠤ ᠬᠡᠦᠬᠡᠳ ᠢ ᠰᠡᠩᠭᠡᠭᠡᠷᠡᠭᠦᠯᠤᠨ ᠠᠷᠪᠢᠯᠠᠨ ᠭᠠᠮᠨᠠᠬᠤ ᠰᠤᠷᠳᠠᠯ ᠢ ᠨᠢ ᠵᠤᠷᠢᠯᠭ᠎ᠠ ᠲᠡᠶ ᠭᠦᠮᠦᠵᠢᠭᠦᠯᠪᠠᠯ ᠦᠷ᠎ᠡ ᠪᠦᠳᠦᠮᠵᠢ ᠨᠢ ᠨᠠᠩ ᠰᠠᠢ᠌ᠨ ᠪᠣᠯᠤᠮᠠᠷ ᠶᠤᠮ᠃

ᠡᠭᠦᠨ ᠡᠴᠠ ᠭᠠᠳᠠᠨ᠎ᠠ ᠪᠠᠭᠰᠢ ᠪᠣᠯᠤᠭᠰᠠᠤᠨ ᠪᠠᠰᠠ ᠡᠳᠦᠷ ᠳᠤᠳᠤᠮ ᠤᠨ ᠠᠮᠢᠳᠤᠷᠠᠯ ᠤᠨ ᠳᠤᠮᠳᠠ ᠪᠠᠨ ᠨᠠᠢ᠌ᠳᠠ ᠶᠢᠨ ᠡᠳ᠋ ᠬᠤᠭᠰᠢᠯ ᠢ ᠦᠪᠡᠷ ᠤᠨ ᠭᠢ ᠪᠠᠨ ᠰᠢᠭ᠌ ᠬᠠᠢ᠌ᠷᠠᠯᠠᠨ ᠭᠢᠮᠠᠭᠠᠳᠠᠬᠤ᠂ ᠣᠰᠤ ᠴᠠᠭᠢᠯᠭᠠᠨ ᠢ ᠭᠠᠮᠨᠠᠨ ᠭᠡᠷᠡᠭᠯᠡᠭᠦ ᠵᠡᠷᠭᠡ ᠳᠠᠯ᠎ᠠ ᠪᠠᠷ ᠪᠠᠶ᠎ᠠ ᠪᠠᠨ ᠴᠢᠩᠭ᠎ᠠ ᠱᠠᠭᠠᠷᠳᠠᠵᠤ ᠬᠡᠦᠬᠡᠳ ᠲᠤ ᠰᠢᠯᠢᠳᠡᠭ᠌ ᠰᠠᠢ᠌ᠨ ᠳᠠᠭᠤᠷᠢᠶᠠᠯ ᠪᠣᠯᠬᠤ ᠭᠡᠷᠡᠭ᠍ᠳᠡᠢ᠃

ᠭᠤᠷᠪᠠ᠂ ᠭᠡᠷ ᠴᠡᠴᠡᠷᠯᠢᠭ᠌ ᠤᠨ ᠬᠠᠮᠵᠢᠯᠴᠠᠭ᠎ᠠ ᠪᠠᠨ ᠨᠢᠭᠳᠠᠷᠠᠭᠤᠯᠵᠤ᠂ ᠭᠦᠮᠦᠵᠢᠯ ᠶᠢᠡᠨ ᠨᠢᠭᠡᠳᠭᠡᠭᠦ ᠭᠡᠷᠡᠭ᠍ᠳᠡᠢ᠃

ᠵᠠᠷᠢᠮ ᠭᠡᠷ ᠤᠨ ᠠᠬᠠᠮᠠᠤᠨ ᠬᠡᠦᠬᠡᠳ ᠶᠢᠡᠨ ᠭᠡᠳᠦᠷᠭᠡᠢ ᠡᠩᠭᠦᠷᠡᠢ᠌ᠯᠡᠨ ᠬᠠᠢ᠌ᠷᠠᠯᠠᠵᠤ᠂ ᠭᠡᠷ ᠲᠤ ᠪᠠᠨ ᠪᠠᠢ᠌ᠬᠤ ᠳᠤ ᠬᠡᠦᠬᠡᠳ ᠤᠨ ᠶᠢᠡᠨ ᠪᠠᠢ᠌ᠳᠠᠭ ᠭᠦᠰᠡᠯ ᠶᠢᠡᠷ ᠨᠢ ᠪᠣᠯᠭᠠᠵᠤ᠂ ᠶᠠᠭᠤ ᠠᠪᠣᠶ᠎ᠠ ᠭᠡᠪᠠᠯ ᠶᠠᠭᠤ ᠶᠢ ᠨᠢ ᠬᠠᠩᠭ᠋ᠠᠳᠠᠭ ᠤᠨ ᠬᠠᠷᠠᠭ᠎ᠠ ᠡᠴᠠ ᠪᠣᠯᠵᠤ ᠬᠡᠦᠬᠡᠳ ᠵᠤᠷᠢᠭᠤᠳᠠ ᠰᠢᠨ᠎ᠡ ᠶᠠᠭᠤᠮ᠎ᠠ ᠠᠪᠬᠤ ᠶᠢᠨ ᠳᠤᠰᠠᠳᠠ ᠬᠠᠭᠤᠴᠢᠨ ᠶᠠᠭᠤᠮ᠎ᠠ ᠪᠠᠨ ᠡᠪᠳᠡᠵᠤ ᠣᠷᠭᠢᠬᠤ ᠪᠣᠶᠤ ᠳᠤᠷᠠᠳᠠᠢ ᠢᠳᠡᠭᠡᠨ ᠶᠢᠡᠨ ᠦᠵᠡᠪᠠᠯ ᠳᠤᠷ᠎ᠠ ᠦᠭᠡᠶ ᠢᠳᠡᠭᠡᠨ ᠶᠢᠡᠨ ᠠᠰᠬᠠᠵᠤ ᠬᠠᠶᠠᠬᠤ ᠮᠠᠳᠤ ᠶᠢᠨ ᠨᠠᠵᠠᠭᠠᠢ ᠰᠤᠷᠳᠠᠯ ᠲᠡᠶ ᠪᠣᠯᠳᠠᠭ᠃ ᠡᠢ᠌ᠮᠤ ᠡᠴᠠ ᠪᠠᠭᠰᠢ ᠪᠣᠯᠤᠭᠰᠠᠤᠨ ᠦᠷᠭᠦᠯᠵᠢ ᠭᠡᠷ ᠤᠨ ᠠᠬᠠᠮᠠᠤᠨ ᠲᠡᠶ ᠢᠯᠡᠭᠦᠭᠡᠨ ᠬᠠᠷᠢᠯᠴᠠᠵᠤ᠂ ᠬᠡᠦᠬᠡᠳ ᠤᠨ ᠭᠡᠷ ᠳᠠᠭᠢ ᠢᠯᠠᠷᠠᠯ ᠢ ᠴᠠᠭ ᠳᠤᠬᠠᠢ ᠳ᠋ᠤᠨᠢ ᠣᠢ᠌ᠯᠠᠭᠠᠵᠤ᠂ ᠭᠡᠷ ᠤᠨ ᠠᠬᠠᠮᠠᠤᠨ ᠲᠡᠶ ᠵᠦᠪᠳᠠᠨ ᠶᠠᠷᠢᠯᠴᠠᠬᠤ ᠪᠣᠶᠤ ᠳᠤᠰᠬᠠᠢ ᠬᠤᠷᠠᠯ ᠰᠤᠷᠤᠯᠴᠠᠯᠭ᠎ᠠ ᠶᠢ ᠵᠤᠬᠢᠶᠠᠨ ᠪᠠᠢ᠌ᠭᠤᠯᠬᠤ ᠪᠠᠷ ᠳᠠᠮᠵᠢᠨ ᠵᠠᠷᠢᠮ ᠭᠡᠷ ᠤᠨ ᠠᠬᠠᠮᠠᠤᠨ ᠤᠨ ᠦᠵᠡᠯᠳᠠ ᠳᠠᠨᠢᠯᠳᠠ ᠳᠤ ᠬᠤᠪᠢᠷᠠᠯᠳᠠ ᠭᠠᠷᠭᠠᠨ ᠬᠡᠦᠬᠡᠳ ᠶᠢᠡᠨ ᠵᠦᠪ ᠶᠢᠡᠷ ᠬᠠᠢ᠌ᠷᠠᠯᠠᠬᠤ ᠠᠷᠭ᠎ᠠ ᠳᠤᠷᠰᠢᠯᠭ᠎ᠠ ᠣᠯᠭᠤᠵᠤ ᠥᠭ᠍ᠪᠠᠯ ᠵᠤᠭᠢᠨ᠎ᠡ᠃

ᠳᠦᠷᠪᠠ᠂ ᠰᠠᠷ᠎ᠠ ᠪᠦᠷᠢ ᠨᠢᠭᠡ ᠣᠳᠠᠭᠠᠨ ᠤ ᠠᠷᠪᠢᠯᠠᠨ ᠭᠠᠮᠨᠠᠬᠤ ᠭᠤᠤᠯ ᠰᠠᠳᠤᠪᠳᠤ ᠭᠦᠳᠡᠯᠭᠡᠭᠡᠨ ᠪᠣᠶᠤ ᠵᠢᠭᠠᠨ ᠵᠢᠯᠤᠭᠤᠳᠬᠤ ᠭᠦᠳᠡᠯᠭᠡᠭᠡᠨ ᠢ ᠳᠤᠭᠢᠷᠠᠭᠤᠯᠵᠤ᠂ ᠪᠠᠭᠰᠢ ᠬᠡᠦᠬᠡᠳ ᠬᠠᠮᠳᠤ ᠪᠠᠷ ᠶᠢᠡᠨ ᠠᠷᠪᠢᠯᠠᠨ ᠭᠠᠮᠨᠠᠬᠤ ᠣᠷᠤᠯᠳᠤᠯᠭ᠎ᠠ ᠭᠢᠭᠦ ᠪᠣᠶᠤ ᠨᠠᠭᠠᠳᠤᠮ ᠳᠤᠭᠯᠠᠭᠠᠮ ᠢ ᠭᠢᠵᠤ ᠬᠡᠦᠬᠡᠳ ᠲᠤ ᠠᠷᠪᠢᠯᠠᠨ ᠭᠠᠮᠨᠠᠬᠤ ᠶᠢᠨ ᠬᠠᠪᠣ ᠴᠡᠩᠭᠡᠯ ᠢ ᠦᠨᠡᠩᠬᠦ ᠮᠡᠳᠡᠷᠡᠭᠦᠯᠪᠠᠯ ᠵᠤᠭᠢᠨ᠎ᠠ᠃

ᠳᠡᠭᠡᠷᠡᠭᠢ ᠭᠡᠳᠤᠨ ᠳᠠᠯ᠎ᠠ ᠶᠢᠨ ᠥᠭᠦᠯᠡᠮᠵᠢ ᠪᠣᠯ ᠵᠥᠪᠭᠡᠨ ᠣᠯᠳᠤᠢ ᠮᠢᠨᠤ ᠦᠪᠡᠷ ᠤᠨ ᠦᠵᠡᠯᠳᠠ ᠳᠠᠳᠤᠢ ᠪᠣᠯᠬᠤᠷ ᠪᠦᠷᠢᠨ ᠪᠣᠰᠤ ᠪᠣᠯᠬᠤ ᠨᠢ ᠳᠠᠮᠵᠢᠭ ᠦᠭᠡᠶ᠃ ᠳᠡᠭᠦᠡᠴᠢᠯᠡᠨ ᠬᠤᠪᠢ ᠪᠠᠶ᠎ᠠ ᠶᠢᠨ ᠮᠡᠳᠡᠯᠭᠡ ᠳᠤᠷᠰᠢᠯᠭ᠎ᠠ ᠬᠤᠮᠰᠠ ᠡᠴᠠ ᠪᠣᠯᠵᠤ ᠠᠷᠪᠢᠯᠠᠨ ᠭᠠᠮᠨᠠᠬᠤ ᠰᠤᠷᠳᠠᠯ ᠢ ᠴᠡᠴᠡᠷᠯᠢᠭ᠌ ᠤᠨ ᠭᠦᠮᠦᠵᠢᠯ ᠤᠨ ᠴᠢᠬᠤᠯᠠ ᠠᠭᠤᠯᠭ᠎ᠠ ᠪᠣᠯᠭᠠᠬᠤ ᠪᠣᠳᠠᠳᠤ ᠠᠷᠭ᠎ᠠ ᠠᠪᠴᠠᠯ ᠢ ᠭᠦᠡᠵᠡᠭᠡᠢ ᠳᠡᠯᠭᠡᠷᠡᠭᠦᠯᠤᠨ ᠥᠭᠦᠯᠡᠵᠤ ᠳᠡᠢ᠌ᠯᠦᠭ᠍ᠰᠡᠨ ᠦᠭᠡᠶ᠃ ᠴᠡᠴᠡᠷᠯᠢᠭ᠌ ᠤᠨ ᠠᠵᠢᠯ ᠢ ᠣᠳᠠᠭᠠᠨ ᠵᠢᠯ ᠭᠢᠵᠤ ᠶᠠᠪᠣᠭ᠎ᠠ ᠣᠩᠰᠢᠭᠴᠢ ᠮᠡᠷᠭᠡᠳ ᠮᠢᠨᠢ ᠭᠡᠭᠡᠨ ᠳᠤ ᠪᠠᠨ ᠳᠤᠯᠢᠯᠠᠵᠤ᠂ ᠡᠨᠡ ᠠᠰᠠᠭᠤᠳᠠᠯ ᠢ ᠨᠠᠩ ᠭᠦᠡᠵᠡᠭᠡᠢ᠌ᠷᠡᠭᠦᠯᠤᠨ ᠰᠤᠳᠤᠯᠬᠤ ᠶᠢ ᠭᠦᠰᠡᠶ᠎ᠡ᠃


ᠵᠤᠬᠢᠶᠠᠭᠴᠢ ᠶᠢᠨ ᠬᠠ‍‌ᠶᠢᠭ ᠄ ᠦᠣᠰᠢᠨ ᠬᠤᠰᠢᠭᠤᠨ ᠤ ᠮᠤᠩᠭ᠋ᠤᠯ ᠬᠡᠦᠬᠡᠳ ᠤᠨ ᠴᠡᠴᠡᠷᠯᠢᠭ᠌

ᠵᠤᠬᠢᠶᠠᠭᠴᠢ᠄ ᠴᠢᠩ ᠮᠸᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2136
ᠴᠠᠭ᠄ 2013 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ