ᠮᠤᠩᠭ᠋ᠤᠯ ᠭᠢᠳᠤᠭ᠎ᠠ

ᠮᠤᠩᠭ᠋ᠤᠯ ᠭᠢᠳᠤᠭ᠎ᠠ᠂ ᠮᠤᠩᠭ᠋ᠤᠯ ᠦᠨᠳᠦᠰᠦᠳᠠᠨ ᠤ ᠨᠡᠭᠦᠳᠡᠯ ᠮᠠᠯᠵᠢᠯ ᠤᠨ ᠭᠢᠨᠢ ᠣᠠᠴᠠᠭᠠᠢ ᠭᠡᠷᠡᠭ᠍ᠴᠡᠭᠡ ᠡᠴᠠ ᠪᠣᠯᠵᠤ᠂ ᠳᠠᠳᠠᠨᠠᠷ ᠤᠨ ᠣᠢ᠌ᠯᠠᠳᠪᠣᠷᠢᠯᠠᠯ ᠪᠣᠯᠤᠨ ᠡᠳᠦᠷ ᠳᠤᠳᠤᠮ ᠤᠨ ᠠᠮᠢᠳᠤᠷᠠᠯ ᠤᠨ ᠳᠤᠮᠳᠠᠭᠢ ᠴᠢᠬᠤᠯᠠ ᠪᠠᠭᠠᠵᠢ ᠭᠡᠷᠡᠭᠯᠡᠯ ᠤᠨ ᠨᠢᠭᠡ ᠨᠢ ᠪᠣᠯᠤᠭᠰᠠᠨ ᠶᠢᠡᠷ ᠦᠯᠦ ᠪᠠᠷᠠᠮ᠂ ᠮᠤᠩᠭ᠋ᠤᠯ ᠭᠡᠷ᠂ ᠮᠤᠳᠤᠨ ᠳᠡᠷᠭᠡ᠂ ᠮᠤᠷᠢ ᠣᠨᠤᠭ᠎ᠠ᠂ ᠣᠷᠭ᠎ᠠ ᠳᠠᠰᠢᠭᠤᠷ᠂ ᠡᠮᠡᠭᠡᠯ ᠬᠠᠵᠠᠭᠠᠷ ᠵᠡᠷᠭᠡ ᠨᠡᠭᠦᠳᠡᠯ ᠠᠮᠢᠳᠤᠷᠠᠯ ᠤᠨ ᠦᠨᠳᠦᠰᠦᠨ ᠡᠯᠧᠮᠧᠨ᠋ᠲ ᠨᠤᠭᠦᠳ ᠲᠡᠶ ᠢᠵᠢ ᠪᠦᠷᠢᠯᠳᠦᠵᠤ᠂ ᠮᠤᠩᠭ᠋ᠤᠯᠴᠤᠳ ᠤᠨ ᠨᠡᠭᠦᠳᠡᠯ ᠰᠤᠶᠤᠯ ᠤᠨ ᠳᠡᠦᠭᠡᠨ ᠦᠪ ᠤᠨ ᠭᠢᠨᠢ ᠰᠠᠯᠭᠠᠵᠤ ᠪᠣᠯᠤᠰᠢ ᠦᠭᠡᠶ ᠪᠦᠷᠢᠯᠳᠦᠭᠦᠨ ᠭᠡᠰᠡᠭ᠌ ᠨᠢ ᠪᠣᠯᠤᠭᠰᠠᠨ ᠪᠠᠢ᠌ᠨ᠎ᠠ᠃ ᠮᠤᠩᠭ᠋ᠤᠯᠴᠤᠳ᠂ ᠳᠤᠭᠤᠷᠭ᠎ᠠ ᠲᠡᠶ ᠭᠡᠷ ᠤᠨ ᠶᠢᠡᠨ ᠨᠡᠭᠦᠳᠡᠯ ᠲᠡᠶ ᠠᠮᠢᠳᠤᠷᠠᠯ ᠳᠠᠭᠠᠨ᠂ ᠮᠤᠩᠭ᠋ᠤᠯ ᠭᠡᠷ᠂ ᠮᠤᠳᠤᠨ ᠳᠡᠷᠭᠡ ᠭᠢᠭᠦ ᠭᠡᠷᠡᠭᠯᠡᠭᠦ ᠡᠴᠠ ᠡᠭᠢᠯᠡᠨ᠂ ᠡᠮᠡᠭᠡᠯ ᠳᠤᠬᠤᠰᠢ᠂ ᠣᠷᠭ᠎ᠠ ᠳᠠᠰᠢᠭᠤᠷ᠂ ᠬᠠᠵᠠᠭᠠᠷ ᠨᠤᠭᠳᠤ᠂ ᠴᠢᠳᠤᠷ ᠠᠷᠭᠠᠮᠵᠢᠶ᠎ᠠ ᠡᠳ᠋ᠯᠡᠵᠤ ᠰᠡᠯᠪᠢᠭᠦ ᠳᠡᠭᠡᠨ ᠳᠤᠯᠳᠠᠯ᠎ᠠ᠂ ᠡᠳᠦᠷ ᠳᠤᠳᠤᠮ ᠤᠨ ᠱᠦᠯᠦ ᠣᠤᠭᠤᠵᠤ ᠮᠢᠬ᠎ᠠ ᠢᠳᠡᠭᠦ ᠡᠴᠠ ᠠᠪᠣᠭᠠᠤᠨ ᠨᠠᠢ᠌ᠷ ᠳᠠᠢ᠌ᠯᠠᠯᠭ᠎ᠠ᠂ ᠣᠷᠤᠭ ᠬᠤᠷᠢᠮ᠂ ᠳᠠᠭᠢᠯᠭ᠎ᠠ ᠰᠢᠳᠦᠭᠡᠨ ᠳᠤ ᠱᠥᠭᠦᠰᠤ ᠭᠠᠷᠭᠠᠵᠤ ᠪᠦᠭᠦᠯᠢ ᠳᠠᠯᠪᠢᠬᠤ ᠳᠠᠭᠠᠨ ᠭᠦᠷᠳᠡᠯ᠎ᠡ᠂ ᠨᠠᠩ ᠴᠢᠨᠠᠭᠰᠢᠯᠠᠭᠠᠤᠨ ᠮᠤᠩᠭ᠋ᠤᠯ ᠪᠦᠰᠡᠭᠦᠢᠴᠦᠳ ᠤᠨ ᠠᠷᠠᠰᠤ ᠰᠢᠷᠢ᠂ ᠢᠰᠡᠭᠡᠢ ᠨᠤᠤᠰᠤ᠂ ᠣᠩᠭ᠋ᠠᠰᠤ ᠭᠢᠯᠭᠠᠰᠤ ᠡᠳ᠋ᠯᠡᠵᠤ ᠭᠡᠷᠡᠭᠯᠡᠭᠦ ᠡᠴᠠ ᠡᠭᠢᠯᠡᠭᠡᠳ ᠳᠡᠷᠯᠢᠭ᠌ ᠳᠠᠪᠠᠯ᠂ ᠭᠤᠳᠤᠯ ᠪᠣᠢ᠌ᠳᠤᠭ᠂ ᠡᠭᠦᠳᠡ ᠰᠢᠷᠳᠡᠭ᠌ ᠤᠨ ᠣᠶᠤᠳᠠᠯ ᠭᠢᠳᠠᠯ ᠳ᠋ᠤᠨᠢ ᠴᠤ ᠳᠤᠯᠳᠠᠯ᠎ᠠ᠂ ᠮᠤᠩᠭ᠋ᠤᠯ ᠭᠢᠳᠤᠭ᠎ᠠ ᠶᠢᠨ ᠭᠡᠷᠡᠭᠯᠡᠭ᠍ᠳᠡᠭᠦ ᠦᠭᠡᠶ ᠭᠠᠵᠠᠷ ᠭᠡᠵᠤ ᠶᠠᠷᠤ ᠡᠴᠠ ᠪᠠᠢ᠌ᠭ᠎ᠠ ᠦᠭᠡᠶ ᠶᠤᠮ᠃

ᠤᠢ᠌ᠷ᠎ᠡ ᠶᠢᠨ ᠵᠢᠯ ᠪᠣᠯᠬᠤ ᠳᠤ᠂ ᠮᠤᠩᠭ᠋ᠤᠯ ᠭᠠᠵᠠᠷ ᠣᠷᠤᠨ ᠤ ᠨᠡᠢ᠌ᠭᠡᠮ᠂ ᠠᠵᠤ ᠠᠬᠤᠢ᠂ ᠠᠵᠤ ᠠᠮᠢᠳᠤᠷᠠᠯ ᠳᠤ ᠪᠣᠯᠤᠭᠰᠠᠨ ᠬᠤᠪᠢᠷᠠᠯᠳᠠ᠂ ᠢᠯᠠᠩᠭ᠋ᠤᠶ᠎ᠠ ᠠᠵᠤ ᠠᠬᠤᠢ᠂ ᠰᠤᠶᠤᠯ ᠤᠨ ᠰᠤᠯᠢᠯᠴᠠᠭ᠎ᠠ ᠦᠷᠭᠡᠳᠴᠦ᠂ ᠵᠢᠭᠤᠯᠴᠢᠯᠠᠯ ᠤᠨ ᠣᠢ᠌ᠯᠠᠰ ᠤᠨ ᠭᠦᠭ᠍ᠵᠢᠭᠦ ᠶᠢ ᠳᠠᠭᠠᠯᠳᠤᠨ᠂ ᠮᠤᠩᠭ᠋ᠤᠯ ᠭᠢᠳᠤᠭ᠎ᠠ ᠨᠢ ᠮᠤᠩᠭ᠋ᠤᠯ ᠦᠨᠳᠦᠰᠦᠳᠠᠨ ᠤ ᠳᠡᠦᠭᠡ ᠰᠤᠶᠤᠯ᠂ ᠵᠠᠩ ᠣᠢ᠌ᠯᠠ ᠶᠢ ᠣᠢ᠌ᠯᠠᠭᠠᠵᠤ ᠰᠤᠳᠤᠯᠬᠤ᠂ ᠰᠤᠨᠢᠷᠬᠠᠵᠤ ᠪᠠᠬᠠᠷᠬᠠᠬᠤ ᠳᠤ ᠬᠤᠪᠣᠷ ᠨᠠᠠᠳᠢᠨ ᠴᠤᠭᠯᠠᠭᠤᠯᠭ᠎ᠠ ᠶᠢᠨ ᠵᠣᠢ᠌ᠯ ᠪᠣᠯᠵᠤ᠂ ᠮᠤᠩᠭ᠋ᠤᠯ ᠭᠠᠵᠠᠷ ᠶᠢᠡᠷ ᠵᠢᠭᠤᠯᠴᠢᠯᠠᠨ ᠳᠤᠭᠤᠷᠢᠭᠰᠠᠤᠨ ᠤᠨ ᠠᠶᠠᠨ ᠤ ᠭᠠᠠᠵᠤᠭ᠎ᠠ᠂ ᠭᠠᠷ ᠤᠨ ᠪᠠᠯᠡᠭ᠌ ᠪᠣᠯᠵᠤ᠂ ᠡᠭᠦᠨ ᠤ ᠣᠯᠠᠮ ᠡᠴᠠ ᠪᠠᠨ ᠠᠢ᠌ᠯ ᠡᠷᠦᠭᠡ ᠶᠢᠨ ᠪᠠᠶᠠᠨ ᠡᠷᠭᠢᠮ ᠥᠭᠡᠳᠡ ᠡᠰᠡᠷᠡᠭ᠌ ᠢ ᠪᠠᠯᠭᠡᠳᠡᠭ᠍ᠰᠡᠨ ᠵᠠᠰᠠᠯ ᠴᠢᠮᠡᠭᠯᠡᠯ ᠤᠨ ᠬᠤᠪᠢ ᠪᠠᠷ ᠠᠪᠳᠠᠷ᠎ᠠ ᠬᠤᠷᠭᠤ᠂ ᠪᠢᠴᠢᠭ᠌ ᠤᠨ ᠰᠢᠷᠡᠭᠡ ᠳᠡᠭᠡᠷ᠎ᠡ ᠨᠢ ᠦᠷᠦᠭ᠍ᠳᠡᠵᠤ᠂ ᠬᠠᠨ᠎ᠠ ᠳᠤᠭᠤᠷᠭ᠎ᠠ᠂ ᠭᠡᠷᠡᠮ ᠬᠠᠶᠠᠭ᠎ᠠ ᠳᠡᠭᠡᠷ᠎ᠡ ᠨᠢ ᠡᠯᠭᠦᠭ᠍ᠳᠡᠵᠤ᠂ ᠨᠠᠩ ᠴᠢᠨᠠᠭᠰᠢᠯᠠᠭᠠᠤᠨ ᠠᠴᠢᠶ᠎ᠠ ᠳᠡᠭᠡᠭᠡᠪᠦᠷᠢ ᠶᠢᠨ ᠮᠠᠰᠢᠨ ᠪᠣᠶᠤ ᠵᠢᠵᠢᠭ᠌ ᠮᠠᠰᠢᠨ ᠤ ᠪᠦᠭᠦᠭᠡ ᠶᠢᠨ ᠳᠤᠳᠤᠷ᠎ᠠ ᠴᠤ ᠵᠠᠰᠠᠯ ᠴᠢᠮᠡᠭ᠌ ᠪᠣᠯᠵᠤ᠂ ᠠᠶᠠᠨ ᠵᠠᠮ ᠤᠨ ᠡᠩᠭᠡ ᠠᠮᠤᠷ ᠤᠨ ᠵᠦᠩᠨᠠᠯ᠂ ᠠᠯᠵᠢᠶᠠᠭᠰᠠᠨ ᠪᠠᠶ᠎ᠠ ᠶᠢᠨ ᠭᠡᠢ᠌ᠮᠦᠷᠢ ᠰᠦᠯᠳᠡ ᠶᠢᠨ ᠰᠠᠭᠢᠭᠤᠰᠤ ᠪᠣᠯᠵᠤ ᠪᠠᠢ᠌ᠨ᠎ᠠ᠃

ᠮᠤᠩᠭ᠋ᠤᠯ ᠭᠢᠳᠤᠭ᠎ᠠ ᠳᠤ ᠬᠤᠢ ᠲᠡᠶ ᠭᠢᠳᠤᠭ᠎ᠠ᠂ ᠳᠠᠪᠳᠠᠮᠠᠯ ᠭᠢᠳᠤᠭ᠎ᠠ᠂ ᠡᠪᠭᠡᠭᠦᠷ ᠭᠢᠳᠤᠭ᠎ᠠ᠂ ᠰᠤᠶᠤᠭᠠᠨ ᠭᠢᠳᠤᠭ᠎ᠠ᠂ ᠰᠤᠮᠤᠴᠢᠨ ᠭᠢᠳᠤᠭ᠎ᠠ ᠁ ᠭᠡᠭᠦ ᠮᠠᠳᠤ ᠶᠢᠨ ᠣᠯᠠᠨ ᠵᠣᠢ᠌ᠯ ᠤᠨ ᠪᠠᠢ᠌ᠳᠠᠭ᠃ ᠬᠤᠢ ᠲᠡᠶ ᠭᠢᠳᠤᠭ᠎ᠠ ᠨᠢ ᠡᠳᠦᠷ ᠳᠤᠳᠤᠮ ᠤᠨ ᠣᠢ᠌ᠯᠠᠳᠪᠣᠷᠢᠯᠠᠯ ᠠᠮᠢᠳᠤᠷᠠᠯ ᠤᠨ ᠳᠤᠮᠳᠠ ᠳᠤᠩ ᠦᠷᠭᠡᠨ ᠶᠢᠡᠷ ᠭᠡᠷᠡᠭᠯᠡᠭ᠍ᠳᠡᠵᠤ᠂ ᠭᠡᠳᠡ᠂ ᠴᠠᠭᠢᠭᠤᠷ ᠲᠡᠶ ᠢᠵᠢ ᠪᠣᠯᠤᠨ 《ᠭᠡᠳᠡ ᠭᠢᠳᠤᠭ᠎ᠠ》 ᠭᠡᠵᠤ ᠨᠡᠷᠡᠯᠡᠭ᠍ᠳᠡᠨ᠂ ᠭᠦᠳᠡᠭᠡ ᠭᠠᠳᠠᠭ᠎ᠠ ᠶᠠᠪᠣᠬᠤ᠂ ᠣᠷᠭ᠎ᠠ ᠳᠠᠰᠢᠭᠤᠷ ᠲᠡᠶ ᠣᠷᠤᠯᠳᠤᠬᠤ᠂ ᠰᠤᠷ ᠡᠳ᠋ᠯᠡᠯ ᠭᠡᠷᠡᠭᠯᠡᠭᠦ᠂ ᠱᠦᠯᠦ ᠱᠥᠭᠦᠰᠤ ᠭᠠᠷᠭᠠᠬᠤ ᠵᠡᠷᠭᠡ ᠳᠤ ᠭᠠᠷ ᠤᠨ ᠥᠵᠦᠭᠦᠷ ᠲᠤ ᠵᠠᠷᠤᠭᠳᠠᠳᠠᠭ ᠪᠦᠭᠡᠳ ᠮᠤᠩᠭ᠋ᠤᠯ ᠭᠢᠳᠤᠭ᠎ᠠ ᠶᠢᠨ ᠭᠠᠷ ᠣᠷᠠᠯᠠᠯ ᠤᠨ ᠨᠡᠢ᠌ᠳᠡᠯᠢᠭ᠌ ᠲᠦᠯᠦᠭᠡᠯᠡᠭ᠍ᠴᠢ ᠪᠣᠯᠵᠤ᠂ ᠮᠤᠩᠭ᠋ᠤᠯ ᠡᠷᠡᠭ᠍ᠳᠡᠢ᠌ᠴᠦᠳ ᠤᠨ ᠳᠦᠷᠤ ᠶᠢᠨ ᠵᠠᠰᠠᠯ᠂ ᠡᠷ᠎ᠡ ᠶᠢᠨ ᠴᠢᠮᠡᠭ᠌ ᠨᠢ ᠪᠣᠯᠵᠤ ᠪᠠᠢ᠌ᠳᠠᠭ᠃ ᠳᠠᠪᠳᠠᠮᠠᠯ ᠭᠢᠳᠤᠭ᠎ᠠ ᠶᠢ ᠪᠠᠰᠠ ᠪᠣᠬ᠎ᠠ ᠶᠢᠨ ᠰᠡᠭᠦᠯ ᠤᠨ ᠭᠢᠳᠤᠭ᠎ᠠ ᠭᠡᠳᠡᠭ᠌᠃ ᠳᠡᠭᠦᠨ ᠳᠤ ᠳᠤᠰᠬᠠᠢ᠌ᠯᠠᠨ ᠭᠢᠭ᠍ᠰᠡᠨ ᠡᠰᠢ ᠦᠭᠡᠶ᠂ ᠵᠥᠪᠭᠡᠨ ᠡᠰᠢᠨ ᠳᠠᠯ᠎ᠠ ᠶᠢ ᠨᠢ ᠨᠠᠷᠢᠬᠠᠨ ᠳᠠᠪᠳᠠᠵᠤ ᠪᠠᠷᠢᠭᠤᠯ ᠪᠣᠯᠭᠠᠭᠰᠠᠨ ᠪᠠᠢ᠌ᠳᠠᠭ᠃ ᠳᠠᠪᠳᠠᠮᠠᠯ ᠭᠢᠳᠤᠭ᠎ᠠ ᠮᠢᠬ᠎ᠠ ᠱᠤᠯᠤᠬᠤ᠂ ᠶᠠᠰᠤ ᠥᠶᠡᠯᠡᠭᠦ᠂ ᠭᠦᠯᠳᠡᠭᠦᠤ ᠱᠤᠯᠤᠭ᠎ᠠ ᠭᠦᠰᠭᠦᠯᠡᠭᠦ ᠵᠡᠷᠭᠡ ᠳᠤ ᠭᠡᠷᠡᠭᠯᠡᠭᠦ ᠳᠤ ᠳᠤᠩ ᠡᠪ ᠲᠡᠶ ᠪᠠᠢ᠌ᠳᠠᠭ᠃ ᠡᠪᠭᠡᠭᠦᠷ ᠭᠢᠳᠤᠭ᠎ᠠ ᠨᠢ ᠬᠠᠪᠴᠢᠮᠠᠯ ᠡᠰᠢ ᠲᠡᠶ᠂ ᠡᠰᠢᠨ ᠳᠡᠭᠡᠨ ᠭᠢᠳᠤᠭ᠎ᠠ ᠪᠠᠨ ᠬᠠᠪᠴᠢᠵᠤ ᠬᠠᠳᠠᠭᠠᠤᠨ ᠭᠢᠳᠤᠭ᠎ᠠ ᠪᠠᠨ ᠨᠤᠭᠤᠯᠤᠨ ᠳᠠᠷᠤᠵᠤ᠂ ᠡᠰᠢᠨ ᠤ ᠭᠢᠨᠢ ᠵᠠᠪᠰᠠᠷ ᠡᠪᠭᠡᠵᠤ ᠭᠢᠳᠡᠭ᠌᠃ ᠡᠪᠭᠡᠭᠦᠷ ᠭᠢᠳᠤᠭ᠎ᠠ ᠶᠢ ᠭᠤᠳᠤᠯ ᠤᠨ ᠲᠦᠷᠡᠢ ᠳᠤ ᠳᠦᠷᠡᠢ᠌ᠯᠡᠭᠦ ᠪᠣᠶᠤ ᠣᠭᠤᠰᠤᠷ (ᠰᠠᠪᠠ) ᠭᠢᠵᠤ ᠪᠦᠰᠡᠨ ᠡᠴᠠ ᠪᠠᠨ ᠳᠡᠭᠦᠵᠢᠯᠡᠨ ᠠᠪᠴᠤ ᠶᠠᠪᠣᠳᠠᠭ᠃ ᠳᠠᠷᠠ ᠨᠢ ᠣᠷᠭ᠎ᠠ ᠳᠠᠳᠠᠬᠤ᠂ ᠨᠤᠭᠳᠤ ᠴᠢᠳᠤᠷ ᠵᠠᠯᠭᠠᠬᠤ᠂ ᠮᠠᠯ ᠪᠠᠵᠠᠭᠠᠬᠤ ᠵᠡᠷᠭᠡ ᠳᠤ ᠦᠷᠭᠡᠨ ᠶᠢᠡᠷ ᠭᠡᠷᠡᠭᠯᠡᠭ᠍ᠳᠡᠳᠡᠭ᠌᠃ ᠰᠤᠶᠤᠭᠠᠨ ᠭᠢᠳᠤᠭ᠎ᠠ ᠨᠢ ᠣᠭᠤᠨᠤ ᠶᠢᠨ ᠡᠪᠠᠷ ᠶᠢᠡᠷ ᠡᠰᠢᠯᠡᠭ᠍ᠰᠡᠨ ᠡᠪᠭᠡᠭᠦᠷ ᠭᠢᠳᠤᠭ᠎ᠠ ᠪᠣᠯᠤᠨ᠎ᠠ᠃ ᠳᠡᠭᠦᠨ ᠤ ᠬᠠᠮᠤᠭ ᠤᠨ ᠳᠤᠪᠣᠢ᠌ᠯᠢᠭ ᠣᠠᠴᠠᠯᠢᠭ ᠭᠡᠪᠠᠯ᠂ ᠰᠤᠶᠤᠭ᠎ᠠ ᠪᠣᠯᠤᠨ ᠭᠢᠳᠤᠭ᠎ᠠ ᠶᠢᠨ ᠬᠤᠶᠠᠳᠠᠮᠠᠯ ᠭᠡᠷᠡᠭ᠍ᠴᠡᠭᠡ ᠲᠡᠶ ᠪᠠᠢ᠌ᠳᠠᠭ ᠪᠣᠯᠬᠤᠷ ᠠᠶᠠᠨ ᠭᠦᠭᠡᠭᠡᠭᠦ᠂ ᠣᠳᠤᠷ ᠬᠠᠢ᠌ᠳᠠᠭ ᠶᠠᠪᠣᠬᠤ᠂ ᠰᠤᠷ ᠡᠳ᠋ᠯᠡᠯ ᠣᠷᠤᠯᠳᠤᠬᠤ ᠭᠦᠮᠤᠨ ᠳᠤ ᠶᠡᠭᠡ ᠳᠦᠭᠦᠮ ᠲᠡᠶ ᠪᠠᠢ᠌ᠳᠠᠭ᠃ ᠰᠤᠮᠤᠴᠢᠨ ᠭᠢᠳᠤᠭ᠎ᠠ ᠨᠢ ᠳᠤᠷᠭᠠᠨ ᠢᠷ ᠲᠡᠶ᠂ ᠮᠤᠳᠤᠨ ᠭᠡᠷ (ᠬᠤᠢ) ᠲᠡᠶ ᠵᠢᠵᠢᠭ᠍‍ᠬᠡᠨ ᠭᠢᠳᠤᠭ᠎ᠠ ᠪᠠᠢ᠌ᠵᠤ᠂ ᠭᠤᠤᠯᠳᠠᠭᠤ ᠮᠠᠯ ᠤᠨ ᠡᠪᠡᠳᠴᠢᠨ ᠭᠡᠮ ᠢ ᠬᠠᠨᠠᠵᠤ ᠬᠠᠳᠬᠤᠬᠤ᠂ ᠮᠠᠯ ᠡᠰᠭᠡᠵᠤ ᠴᠠᠭᠠᠯᠠᠬᠤ ᠳᠤ ᠭᠡᠷᠡᠭᠯᠡᠳᠡᠭ᠌᠃

ᠮᠤᠩᠭ᠋ᠤᠯᠴᠤᠳ ᠶᠠᠷᠤ ᠡᠴᠠ ᠡᠷᠡᠭᠦᠯ ᠮᠠᠠᠳᠤ᠂ ᠡᠪ ᠨᠠᠢ᠌ᠷ᠂ ᠡᠩᠭᠡ ᠳᠠᠢ᠌ᠪᠣᠩ ᠢ ᠳᠤᠩ ᠡᠷᠭᠢᠮᠯᠡᠳᠡᠭ᠌᠃ ᠠᠭᠤᠯᠵᠠᠬᠤ ᠪᠦᠭᠦᠨ ᠳᠤ ᠮᠠᠠᠳᠤ ᠡᠷᠢᠵᠤ᠂ ᠠᠢ᠌ᠯ ᠠᠢ᠌ᠮᠠᠭ ᠤᠨ ᠭᠢᠨᠢ ᠰᠠᠢ᠌ᠨ ᠢ ᠮᠠᠳᠠᠵᠤ᠂ ᠪᠠᠯᠴᠢᠭᠡᠷ ᠣᠰᠤᠨ ᠤ ᠭᠢᠨᠢ ᠵᠤᠭᠢᠴᠠᠭ᠎ᠠ ᠶᠢ ᠠᠰᠠᠭᠤᠳᠠᠭ ᠨᠢ ᠡᠭᠦᠨ ᠤ ᠭᠢᠨᠢ ᠨᠡᠢ᠌ᠳᠡᠯᠢᠭ᠌ ᠢᠯᠠᠷᠠᠯ ᠪᠣᠯᠬᠤ ᠶᠤᠮ᠃ ᠮᠤᠩᠭ᠋ᠤᠯ ᠭᠢᠳᠤᠭ᠎ᠠ ᠢᠷᠳᠤ ᠡᠳ᠋ᠯᠡᠯ ᠮᠦᠨ ᠳᠤᠯᠠ᠂ ᠭᠡᠷᠡᠭᠯᠡᠭᠦ ᠦᠶᠡᠰ ᠡᠪ ᠥᠭᠡᠢ᠌ᠳᠡᠪᠠᠯ ᠦᠪᠡᠷ ᠶᠢᠡᠨ ᠡ᠊ᠨᠳᠡᠭᠦ ᠪᠣᠶᠤ ᠦᠷᠦᠭᠡᠯ ᠪᠣᠰᠤᠳ ᠶᠢ ᠴᠤ ᠭᠡᠮᠳᠦᠭᠦᠯᠵᠤ ᠮᠡᠳᠡᠭᠦ ᠶᠢᠨ ᠣᠴᠢᠷ᠂ ᠮᠤᠩᠭ᠋ᠤᠯᠴᠤᠳ ᠤᠨ ᠭᠢᠳᠤᠭ᠎ᠠ ᠭᠡᠷᠡᠭᠯᠡᠭᠦ ᠳᠤ ᠮᠠᠰᠢ ᠴᠢᠩᠭ᠎ᠠ ᠶᠤᠰᠤ ᠭᠤᠷᠢᠮ᠂ ᠴᠡᠭᠡᠷ ᠬᠤᠷᠢᠭ᠎ᠠ ᠨᠤᠭᠤᠳ ᠪᠠᠢ᠌ᠳᠠᠭ᠃ ᠮᠤᠩᠭ᠋ᠤᠯᠴᠤᠳ ᠭᠢᠳᠤᠭ᠎ᠠ ᠭᠡᠷᠡᠭᠯᠡᠭᠦ ᠳᠡᠭᠡᠨ᠂ ᠭᠢᠳᠤᠭᠠᠨ ᠤ ᠢᠷ ᠪᠠ ᠥᠵᠦᠭᠦᠷ ᠢ ᠪᠣᠰᠤᠳ ᠭᠦᠮᠤᠨ ᠵᠥᠭ᠌ ᠬᠠᠠᠳᠤᠭᠤᠯᠬᠤ ᠶᠢ ᠳᠤᠩ ᠴᠡᠭᠡᠷᠯᠡᠳᠡᠭ᠌᠃ ᠭᠡᠷᠡᠭᠯᠡᠭᠦ ᠶᠠᠪᠣᠴᠠ ᠳᠤ ᠭᠡᠷᠡᠭ᠍ᠴᠡᠭᠡ ᠶᠢᠨ ᠭᠢᠨᠢ ᠣᠠᠴᠠᠭᠠᠢ ᠱᠠᠭᠠᠷᠳᠠᠯᠭ᠎ᠠ ᠡᠴᠠ ᠪᠣᠯᠤᠭ᠎ᠠ ᠦᠭᠡᠶ ᠯᠠ ᠶᠤᠮ ᠪᠣᠯ᠂ ᠭᠢᠳᠤᠭ᠎ᠠ ᠶᠢᠨ ᠢᠷ ᠭᠡᠵᠢᠶᠡᠳᠡ ᠳᠤᠳᠤᠭᠰᠢ ᠬᠠᠠᠳᠤᠵᠤ ᠭᠡᠷᠡᠭᠯᠡᠭ᠍ᠳᠡᠳᠡᠭ᠌᠃ ᠡᠭᠦᠨ ᠡᠴᠠ ᠭᠠᠳᠠᠨ᠎ᠠ ᠪᠠᠰᠠ ᠭᠢᠳᠤᠭ᠎ᠠ ᠶᠢᠨ ᠢᠷ ᠢ ᠳᠡᠭᠡᠭ᠍ᠰᠢ ᠬᠠᠠᠳᠤᠭᠤᠯᠵᠤ ᠳᠠᠯᠪᠢᠳᠠᠭ ᠦᠭᠡᠶ ᠳᠤᠯᠭ᠎ᠠ ᠵᠤᠤᠬᠠᠨ ᠳᠤ ᠨᠥᠢᠯᠭᠦ ᠪᠣᠶᠤ ᠭᠠᠯ ᠳᠤ ᠭᠢᠳᠡᠭ᠌ ᠦᠭᠡᠶ ᠡᠮᠭᠦᠵᠤ ᠵᠠᠭᠤᠬᠤ ᠪᠣᠶᠤ ᠠᠶᠠᠭ᠎ᠠ ᠳᠤᠭᠤᠭᠠᠨ ᠳᠤ ᠭᠢᠵᠤ ᠪᠣᠯᠳᠠᠭ ᠦᠭᠡᠶ ᠪᠦᠭᠡᠳ ᠮᠠᠯ ᠡᠰᠭᠡᠵᠤ ᠴᠠᠭᠠᠯᠠᠳᠠᠭ ᠭᠢᠳᠤᠭ᠎ᠠ ᠶᠢ ᠮᠢᠬ᠎ᠠ ᠢᠳᠡᠭᠦ ᠳᠤ ᠭᠡᠷᠡᠭᠯᠡᠳᠡᠭ᠌ ᠦᠭᠡᠶ᠁ ᠭᠡᠭᠦ ᠮᠠᠳᠤ ᠶᠢᠨ ᠣᠯᠠᠨ ᠵᠣᠢ᠌ᠯ ᠤᠨ ᠴᠡᠭᠡᠷ ᠬᠤᠷᠢᠭ᠎ᠠ ᠲᠡᠶ ᠪᠠᠢ᠌ᠳᠠᠭ᠃ ᠵᠠᠷᠢᠮ ᠭᠦᠮᠤᠨ᠂ ᠮᠤᠩᠭ᠋ᠤᠯᠴᠤᠳ ᠪᠠᠶ᠎ᠠ ᠳᠡᠭᠡᠨ ᠦᠷᠭᠦᠯᠵᠢ ᠭᠢᠳᠤᠭ᠎ᠠ ᠠᠪᠴᠤ ᠶᠠᠪᠣᠳᠠᠭ ᠨᠢ ᠪᠠᠶ᠎ᠠ ᠪᠠᠨ ᠬᠠᠮᠠᠭᠠᠯᠠᠬᠤ ᠶᠢᠨ ᠲᠦᠯᠦᠭᠡ ᠭᠡᠳᠡᠭ᠌᠂ ᠡᠨᠡ ᠨᠢ ᠮᠤᠩᠭ᠋ᠤᠯ ᠵᠠᠩ ᠵᠠᠩᠰᠢᠯ ᠤᠨ ᠳᠤᠬᠠᠢ ᠳᠤᠩ ᠶᠡᠭᠡ ᠡ᠊ᠨᠳᠡᠭᠦᠷᠡᠯ ᠪᠣᠯᠬᠤ ᠶᠤᠮ᠃ ᠮᠤᠩᠭ᠋ᠤᠯᠴᠤᠳ᠂ ᠪᠠᠶ᠎ᠠ ᠳᠡᠭᠡᠨ ᠦᠷᠭᠦᠯᠵᠢ ᠭᠢᠳᠤᠭ᠎ᠠ ᠠᠪᠴᠤ ᠶᠠᠪᠣᠳᠠᠭ ᠨᠢ ᠪᠠᠶ᠎ᠠ ᠪᠠᠨ ᠬᠠᠮᠠᠭᠠᠯᠠᠬᠤ ᠪᠠᠷ ᠪᠢᠰᠢ᠂ ᠬᠠᠷᠢᠨ ᠠᠵᠤ ᠠᠳᠠᠯ᠂ ᠠᠮᠢᠳᠤᠷᠠᠯ ᠣᠢ᠌ᠯᠠ ᠳ᠋ᠤᠨᠢ ᠦᠷᠭᠦᠯᠵᠢ ᠭᠡᠷᠡᠭᠯᠡᠭ᠍ᠳᠡᠳᠡᠭ᠌ ᠤᠨ ᠣᠴᠢᠷ ᠶᠢᠡᠷ ᠶᠤᠮ᠃ ᠳᠠᠳᠠᠨᠠᠷ ᠲᠤ᠂ ᠭᠡᠷᠡᠭᠦᠯ ᠵᠤᠳᠤᠭᠠᠨ ᠳᠤ ᠭᠢᠳᠤᠭ᠎ᠠ ᠭᠠᠷᠭᠠᠬᠤ᠂ ᠥᠵᠡᠭᠦᠯᠭᠦ ᠶᠠᠪᠣᠳᠠᠯ ᠭᠡᠵᠤ ᠪᠠᠢ᠌ᠳᠠᠭ ᠦᠭᠡᠶ᠂ ᠭᠢᠳᠤᠭ᠎ᠠ ᠭᠡᠷᠡᠭᠯᠡᠭᠦ ᠶᠠᠪᠣᠳᠠᠯ ᠨᠠᠩ ᠪᠠᠢ᠌ᠳᠠᠭ ᠦᠭᠡᠶ᠃ ᠳᠠᠳᠠᠨᠠᠷ ᠤᠨ ᠥᠵᠡᠭᠦ ᠪᠠᠷ᠂ ᠭᠡᠷᠡᠭᠦᠯ ᠴᠤᠤᠭᠢᠶᠠᠨ ᠳᠤ ᠭᠢᠳᠤᠭ᠎ᠠ ᠭᠡᠷᠡᠭᠯᠡᠭᠦ ᠨᠢ ᠮᠤᠩᠭ᠋ᠤᠯ ᠤᠨ ᠵᠠᠩ ᠵᠠᠩᠰᠢᠯ᠂ ᠶᠤᠰᠤ ᠰᠤᠷᠳᠠᠬᠤᠨ ᠲᠡᠶ ᠣᠭᠳᠤ ᠨᠡᠢ᠌ᠴᠡᠭᠦ ᠦᠭᠡᠶ᠂ ᠮᠤᠩᠭ᠋ᠤᠯ ᠶᠤᠰᠤ ᠴᠠᠭᠠᠵᠠ ᠡᠴᠠ ᠳᠡᠷᠰᠯᠡᠭ᠍ᠰᠡᠨ ᠶᠠᠪᠣᠳᠠᠯ ᠪᠣᠯᠤᠨ᠎ᠠ᠃ ᠭᠢᠳᠤᠭ᠎ᠠ᠂ ᠮᠤᠩᠭ᠋ᠤᠯᠴᠤᠳ ᠤᠨ ᠠᠮᠢᠳᠤᠷᠠᠯ ᠳᠤ ᠰᠢᠩᠭᠡᠵᠤ ᠰᠢᠮᠡᠳᠭᠦ ᠳᠡᠭᠡᠨ ᠵᠠᠷ ᠵᠡᠪᠰᠡᠭ᠌ ᠤᠨ ᠬᠤᠪᠢ ᠪᠠᠷ ᠪᠢᠰᠢ ᠬᠠᠷᠢᠨ ᠪᠠᠭᠠᠵᠢ ᠭᠡᠷᠡᠭᠯᠡᠯ ᠤᠨ ᠬᠤᠪᠢ ᠪᠠᠷ ᠪᠠᠢ᠌ᠳᠠᠭ ᠨᠢ ᠮᠤᠩᠭ᠋ᠤᠯ ᠦᠨᠳᠦᠰᠦᠳᠠᠨ ᠤ ᠪᠣᠰᠤᠳ ᠭᠢᠳᠤᠭ᠎ᠠ ᠡᠳ᠋ᠯᠡᠯ ᠳᠤ ᠳᠤᠷ᠎ᠠ ᠪᠠᠬᠠᠳᠠᠢ ᠦᠨᠳᠦᠰᠦᠳᠠᠨ ᠨᠤᠭᠦᠳ ᠡᠴᠠ ᠢᠯᠭᠠᠪᠣᠷᠢᠯᠠᠭᠳᠠᠬᠤ ᠦᠪᠡᠷᠮᠢᠴᠠ ᠣᠠᠴᠠᠯᠢᠭ ᠤᠨ ᠨᠢᠭᠡ ᠨᠢ ᠪᠣᠯᠬᠤ ᠶᠤᠮ᠃

ᠮᠤᠩᠭ᠋ᠤᠯᠴᠤᠳ᠂ ᠭᠢᠳᠤᠭ᠎ᠠ ᠶᠢ ᠰᠠᠢ᠌ᠬᠠᠨ ᠭᠡᠷᠡᠭᠯᠡᠭᠦ᠂ ᠳᠠᠮᠳᠠᠢ ᠭᠡᠷᠡᠭᠯᠡᠭᠦ ᠶᠢ ᠮᠠᠰᠢ ᠴᠢᠬᠤᠯᠠᠴᠢᠯᠠᠳᠠᠭ᠃ ᠰᠠᠢ᠌ᠨ ᠭᠢᠳᠤᠭ᠎ᠠ ᠵᠠᠷᠤᠬᠤ᠂ ᠭᠢᠳᠤᠭ᠎ᠠ ᠶᠢ ᠰᠠᠢ᠌ᠬᠠᠨ ᠵᠠᠷᠤᠬᠤ ᠨᠢ ᠳᠠᠳᠠᠨᠠᠷ ᠤᠨ ᠡᠷ᠎ᠡ ᠶᠢᠨ ᠰᠠᠢ᠌ᠨ ᠣᠬᠠᠭᠠᠨ ᠤ ᠰᠤᠳᠤ ᠶᠢ ᠰᠢᠯᠭᠠᠬᠤ ᠶᠢᠨ ᠴᠢᠬᠤᠯᠠ ᠪᠠᠷᠢᠮᠵᠢᠶ᠎ᠠ ᠪᠣᠯᠵᠤ ᠪᠠᠢ᠌ᠳᠠᠭ᠃ ᠮᠤᠩᠭ᠋ᠤᠯ ᠳᠡᠦᠭᠡᠨ ᠵᠤᠬᠢᠶᠠᠯ ᠳᠤ ᠡᠢ᠌ᠮᠤ ᠨᠢᠭᠡ ᠳᠡᠮᠳᠡᠭᠯᠡᠯ ᠪᠠᠢ᠌ᠳᠠᠭ᠄ ᠪᠣᠭᠳᠠ ᠡᠵᠡᠨ ᠴᠢᠩᠭᠢᠰ ᠬᠠᠭᠠᠨ ᠮᠤᠩᠭ᠋ᠤᠯ ᠤᠨ ᠣᠯᠠᠨ ᠠᠢ᠌ᠮᠠᠭ ᠢ ᠨᠢᠭᠡᠳᠭᠡᠭᠦ ᠡᠴᠠ ᠡᠮᠦᠨᠡᠭᠢ ᠠᠠᠳᠠ ᠨᠥᠭᠦᠤᠨ ᠴᠤᠭᠯᠠᠭᠤᠯᠤᠨ ᠠᠢ᠌ᠮᠠᠭ ᠤᠨ ᠭᠦᠴᠤᠨ ᠶᠢᠡᠨ ᠦᠷᠭᠡᠳᠭᠡᠵᠤ ᠪᠠᠢ᠌ᠭᠰᠠᠨ ᠦᠶ᠎ᠡ ᠳᠡᠭᠡᠨ᠂ ᠨᠢᠭᠡ ᠡᠳᠦᠷ ᠵᠠᠮ ᠭᠦᠭᠡᠭᠡᠵᠤ ᠪᠠᠢ᠌ᠭᠠᠤᠨ᠂ ᠵᠠᠮ ᠤᠨ ᠭᠤᠳᠤᠰ ᠨᠢᠭᠡ ᠠᠢ᠌ᠯ ᠳᠤ ᠨᠢᠭᠡ ᠵᠠᠯᠠᠭᠤ ᠬᠤᠨᠢ ᠥᠭᠡᠷ ᠪᠠᠵᠠᠭᠠᠵᠤ ᠪᠠᠢ᠌ᠬᠤ ᠲᠡᠶ ᠳᠠᠭᠠᠷᠠᠯᠳᠤᠵᠠᠢ᠃ ᠳᠠᠷᠠ ᠵᠠᠯᠠᠭᠤ᠂ ᠠᠯᠠᠬᠤ᠂ ᠥᠪᠴᠢᠭᠦ᠂ ᠥᠶᠡᠯᠡᠭᠦ᠂ ᠱᠤᠯᠤᠬᠤ ᠠᠵᠢᠯ ᠣᠢ᠌ᠯᠠ ᠶᠢ ᠰᠦᠷᠡᠭᠡᠢ ᠱᠠᠯᠠᠮᠠᠭ ᠭᠢᠵᠤ ᠪᠠᠢ᠌ᠯ᠎ᠠ᠃ ᠳᠡᠭᠦᠨ ᠤ ᠬᠤᠨᠢ ᠥᠭᠡᠷ ᠪᠠᠵᠠᠭᠠᠬᠤ ᠠᠵᠢᠯ ᠳᠠᠭᠤᠰᠤᠭᠰᠠᠨ ᠤ ᠳᠠᠷᠠᠭ᠎ᠠ᠂ ᠴᠢᠩᠭᠢᠰ ᠬᠠᠭᠠᠨ ᠭᠡᠷᠡᠭᠯᠡᠵᠤ ᠪᠠᠢ᠌ᠭᠰᠠᠨ ᠭᠢᠳᠤᠭ᠎ᠠ ᠶᠢ ᠨᠢ ᠠᠪᠴᠤ ᠥᠵᠡᠭ᠍ᠰᠡᠨ ᠳᠤ ᠳᠤᠷᠭᠠᠨ ᠢᠷ ᠨᠢ ᠮᠦᠨ ᠲᠤᠢ᠌ᠯ ᠤᠨ ᠬᠤᠷᠴᠠ ᠪᠠᠷ ᠶᠢᠡᠨ ᠪᠠᠢ᠌ᠵᠤ᠂ ᠮᠤᠷᠢᠨ ᠰᠡᠭᠦᠯ ᠡᠴᠠ ᠭᠡᠳᠤᠨ ᠰᠢᠷᠭᠡᠭ᠌ ᠭᠢᠯᠭᠠᠰᠤ ᠠᠪᠴᠤ ᠭᠢᠳᠤᠭᠠᠨ ᠤ ᠢᠷ ᠲᠤ ᠤᠢ᠌ᠷᠠᠳᠤᠭᠤᠯᠤᠨ ᠥᠯᠢᠶᠡᠭ᠍ᠰᠡᠨ ᠳᠤ ᠭᠢᠯᠭᠠᠰᠤ ᠨᠢ ᠴᠦᠮ ᠳᠠᠰᠤᠷᠠᠨ ᠭᠡᠢ᠌ᠰᠴᠡᠢ᠃ ᠴᠢᠩᠭᠢᠰ ᠬᠠᠭᠠᠨ ᠳᠤᠩ ᠪᠠᠬᠠᠷᠬᠠᠵᠤ᠂ ᠪᠠᠭᠠᠳᠤᠷ ᠴᠢᠳᠠᠮᠠᠭᠠᠢ ᠡᠷ᠎ᠡ ᠪᠣᠯᠬᠤ ᠶᠢ ᠨᠢ ᠳᠠᠨᠢᠵᠤ᠂ ᠳᠡᠭᠦᠨ ᠲᠡᠶ ᠠᠠᠳᠠ ᠪᠣᠯᠤᠯᠴᠠᠵᠠᠢ᠃ ᠰᠡᠭᠦᠯᠡᠷ ᠨᠢ ᠡᠨᠡ ᠵᠠᠯᠠᠭᠤ ᠴᠢᠩᠭᠢᠰ ᠤᠨ ᠶᠡᠭᠡ ᠮᠤᠩᠭ᠋ᠤᠯ ᠤᠨ ᠬᠠᠭᠠᠠᠳᠤ ᠳᠦᠷᠤ ᠶᠢ ᠪᠠᠢ᠌ᠭᠤᠯᠬᠤ ᠳᠤ ᠮᠠᠰᠢ ᠶᠡᠭᠡ ᠭᠠᠪᠢᠶ᠎ᠠ ᠵᠢᠳᠭᠦᠯ ᠭᠠᠷᠭᠠᠵᠤ᠂ ᠭᠠᠷ ᠳᠤᠤᠷᠠᠭᠢ ᠪᠠᠭᠠᠳᠤᠷ ᠵᠠᠩᠵᠤᠨ ᠨᠤᠭᠤᠳ ᠤᠨ ᠭᠢᠨᠢ ᠨᠢᠭᠡ ᠨᠢ ᠪᠣᠯᠤᠭᠰᠠᠨ ᠭᠡᠨ᠎ᠡ᠃

ᠮᠤᠩᠭ᠋ᠤᠯᠴᠤᠳ᠂ ᠡᠷᠳᠡ ᠢᠵᠠᠭᠤᠷ ᠡᠴᠠ ᠪᠠᠨ ᠬᠤᠷᠳᠤᠨ ᠮᠤᠷᠢ ᠡᠷ᠎ᠡ ᠶᠢᠨ ᠬᠠᠨᠢ᠂ ᠬᠤᠰᠤᠨ ᠣᠷᠭ᠎ᠠ ᠡᠷ᠎ᠡ ᠶᠢᠨ ᠳᠦᠰᠢᠭ᠌᠂ ᠬᠤᠷᠴᠠ ᠭᠢᠳᠤᠭ᠎ᠠ ᠡᠷ᠎ᠡ ᠶᠢᠨ ᠭᠠᠯ ᠭᠡᠵᠤ ᠦᠵᠡᠵᠤ᠂ ᠡᠷ᠎ᠡ ᠭᠦᠮᠤᠨ᠂ ᠡᠮᠡᠭᠡᠯᠳᠤ ᠮᠤᠷᠢ᠂ ᠣᠷᠭ᠎ᠠ ᠳᠠᠰᠢᠭᠤᠷ᠂ ᠭᠡᠳᠡ ᠭᠢᠳᠤᠭ᠎ᠠ ᠶᠢ 《ᠡᠷ᠎ᠡ ᠶᠢᠨ ᠳᠦᠷᠪᠠᠨ ᠪᠠᠷᠢᠯᠳᠤᠯᠭ᠎ᠠ》 ᠭᠡᠳᠡᠭ᠌᠃

ᠮᠤᠩᠭ᠋ᠤᠯ ᠭᠢᠳᠤᠭ᠎ᠠ ᠨᠢ᠂ ᠮᠤᠩᠭ᠋ᠤᠯ ᠭᠠᠷ ᠣᠷᠠᠯᠠᠯ ᠤᠨ ᠡᠳ᠋ᠯᠡᠯ ᠤᠨ ᠳᠤᠳᠤᠷᠠᠭᠢ ᠬᠠᠮᠤᠭ ᠡᠴᠠ ᠲᠦᠯᠦᠭᠡᠯᠡᠭᠦ ᠴᠢᠨᠠᠷ ᠪᠦᠭᠦᠢ ᠪᠠᠯᠡᠭ᠌ ᠳᠤᠷᠠᠰᠬᠠᠯ ᠤᠨ ᠪᠣᠳᠠᠰ ᠤᠨ ᠨᠢᠭᠡ ᠨᠢ ᠪᠣᠯᠬᠤ ᠶᠤᠮ᠃ ᠮᠤᠩᠭ᠋ᠤᠯᠴᠤᠳ ᠭᠦᠭᠡ ᠲᠡᠭᠷᠢ ᠶᠢ ᠰᠢᠳᠦᠳᠡᠭ᠌᠃ ᠡᠷᠳᠡ ᠣᠷᠢᠳᠤ ᠶᠢᠨ ᠣᠯᠠᠮᠵᠢᠯᠠᠯᠳᠤ ᠶᠠᠷᠢᠶᠠᠨ ᠳᠤ᠂ ᠦᠷᠤᠰᠢᠶᠠᠯ ᠡᠨᠡᠷᠢᠩᠭᠦᠢ ᠭᠦᠭᠡ ᠲᠡᠭᠷᠢ ᠮᠤᠩᠭ᠋ᠤᠯᠴᠤᠳ ᠲᠤ 《ᠭᠤᠷᠪᠠᠨ ᠶᠡᠭᠡ ᠡᠷᠳᠡᠨᠢ》 ᠪᠠ 《ᠭᠤᠷᠪᠠᠨ ᠪᠠᠭ᠎ᠠ ᠡᠷᠳᠡᠨᠢ》 ᠰᠤᠶᠤᠷᠬᠠᠯ᠎ᠠ ᠭᠡᠳᠡᠭ᠌᠃ 《ᠭᠤᠷᠪᠠᠨ ᠶᠡᠭᠡ ᠡᠷᠳᠡᠨᠢ》 ᠨᠢ ᠮᠤᠩᠭ᠋ᠤᠯ ᠭᠡᠷ᠂ ᠳᠠᠯ᠎ᠠ ᠨᠤᠳᠤᠭ᠂ ᠮᠠᠯ ᠰᠦᠷᠦᠭ᠌ 《ᠭᠤᠷᠪᠠᠨ ᠪᠠᠭ᠎ᠠ ᠡᠷᠳᠡᠨᠢ》 ᠨᠢ ᠮᠤᠩᠭ᠋ᠤᠯ ᠭᠢᠳᠤᠭ᠎ᠠ᠂ ᠮᠤᠷᠢᠨ ᠬᠤᠭᠤᠷ᠂ ᠴᠠᠭᠠᠨ ᠢᠳᠡᠭᠡᠨ ᠤ ᠮᠡᠷᠭᠡᠰᠢᠯ᠃ ᠮᠤᠩᠭ᠋ᠤᠯᠴᠤᠳ᠂ ᠡᠨᠡ ᠭᠦ 《ᠵᠢᠷᠭᠤᠭᠠᠨ ᠡᠷᠳᠡᠨᠢ》 ᠪᠠᠨ ᠡᠳᠦᠭᠡ ᠪᠣᠯᠳᠠᠯ᠎ᠠ ᠣᠯᠠᠮᠵᠢᠯᠠᠨ ᠬᠠᠳᠠᠭᠠᠯᠠᠭᠰᠠᠭᠠᠷ ᠪᠠᠢ᠌ᠨ᠎ᠠ᠃ ᠬᠤᠤᠰ ᠦᠭᠡᠶ ᠰᠠᠢ᠌ᠬᠠᠨ ᠮᠤᠩᠭ᠋ᠤᠯ ᠭᠢᠳᠤᠭ᠎ᠠ ᠨᠢ᠂ ᠮᠤᠩᠭ᠋ᠤᠯᠴᠤᠳ ᠤᠨ ᠡᠷᠡᠯᠭᠡᠭ᠌ ᠪᠠᠭᠠᠳᠤᠷ᠂ ᠣᠶᠤᠨ ᠰᠠᠮᠪᠠᠭ᠎ᠠ ᠵᠢᠴᠢ ᠭᠡᠷᠡᠯ ᠰᠠᠴᠤᠷᠠᠩᠭ᠋ᠤᠢ ᠳᠡᠦᠭᠡ ᠰᠤᠶᠤᠯ ᠢ ᠨᠢ ᠳᠡᠮᠳᠡᠭᠯᠡᠨ ᠬᠠᠳᠠᠭᠠᠯᠠᠵᠤ ᠪᠠᠢ᠌ᠳᠠᠭ᠃ ᠦᠨᠦᠳᠤᠷ ᠤᠨ ᠡᠩᠭᠡ ᠳᠠᠢ᠌ᠪᠣᠩ ᠴᠠᠭ ᠦᠶ᠎ᠡ ᠳᠤ᠂ ᠳᠠᠷᠠ ᠨᠢ ᠦᠨᠢ ᠡᠭᠦᠷᠢᠳᠡ ᠶᠢᠨ ᠡᠩᠭᠡ ᠳᠠᠢ᠌ᠪᠣᠩ ᠤᠨ ᠭᠦᠰᠡᠯ ᠪᠠᠯᠭᠡᠳᠡᠯ ᠪᠣᠯᠵᠤ᠂ ᠮᠤᠩᠭ᠋ᠤᠯ ᠭᠠᠷ ᠣᠷᠠᠯᠠᠯ ᠤᠨ ᠣᠳᠤᠨ ᠪᠦᠳᠦᠭᠡᠯ ᠳᠤ ᠳᠤᠭᠠᠴᠠᠭᠳᠠᠬᠤ ᠪᠠᠷ ᠪᠠᠷᠠᠬᠤ ᠦᠭᠡᠶ ᠮᠤᠩᠭ᠋ᠤᠯᠴᠤᠳ ᠤᠨ ᠭᠦᠪᠴᠢᠨ ᠳᠡᠯᠡᠭᠡᠢ ᠶᠢᠨ ᠳᠠᠪᠤᠨ ᠳᠢᠪ ᠤᠨ ᠡᠯ᠎ᠡ ᠦᠨᠳᠦᠰᠦᠳᠠᠨ ᠤ ᠠᠬ᠎ᠠ ᠳᠡᠭᠦᠤ ᠳᠡᠭᠡᠨ ᠡᠯᠢᠭᠡᠨ ᠰᠠᠳᠤᠨ ᠮᠠᠳᠤ ᠬᠠᠢ᠌ᠷ᠎ᠠ ᠰᠡᠳᠬᠢᠯᠭᠡ ᠲᠡᠶ ᠪᠠᠢ᠌ᠬᠤ ᠶᠢᠨ ᠭᠢᠨᠢ ᠰᠢᠠᠵᠢ ᠳᠡᠮᠳᠡᠭ᠌ ᠨᠢ ᠪᠣᠯᠬᠤ ᠶᠤᠮ᠃ ᠮᠤᠩᠭ᠋ᠤᠯᠴᠤᠳ ᠤᠨ ᠰᠡᠳᠭᠢᠯ ᠳᠤ᠂ ᠮᠤᠩᠭ᠋ᠤᠯ ᠭᠢᠳᠤᠭ᠎ᠠ ᠪᠣᠯ ᠮᠥᠩᠭᠡ ᠲᠡᠭᠷᠢ ᠡᠴᠠ ᠰᠤᠶᠤᠷᠬᠠᠭᠰᠠᠨ ᠳᠠᠷᠬᠠᠨ ᠡᠳ᠋ ᠪᠣᠯᠬᠤᠷ᠂ ᠳᠡᠭᠦᠨ ᠢ ᠭᠡᠷᠡᠭᠯᠡᠵᠤ ᠪᠠᠢ᠌ᠭ᠎ᠠ ᠨᠠᠢ᠌ᠵᠢ ᠠᠠᠳᠠ ᠨᠡᠷ ᠲᠤ ᠡᠩᠭᠡ ᠮᠠᠠᠳᠤ᠂ ᠠᠵᠠ ᠵᠠᠪᠰᠢᠶᠠᠨ ᠶᠢ ᠯᠠᠪᠳᠠᠢ ᠠᠪᠴᠢᠷᠠᠵᠤ ᠦᠭ‍ᠭᠦ ᠶᠤᠮ᠃

ᠮᠤᠩᠭ᠋ᠤᠯ ᠭᠢᠳᠤᠭ᠎ᠠ ᠨᠢ᠂ ᠮᠤᠩᠭ᠋ᠤᠯᠴᠤᠳ ᠤᠨ ᠡᠳᠦᠷ ᠳᠤᠳᠤᠮ ᠤᠨ ᠣᠢ᠌ᠯᠠᠳᠪᠣᠷᠢᠯᠠᠯ ᠠᠮᠢᠳᠤᠷᠠᠯ ᠳᠤ ᠦᠷᠭᠦᠯᠵᠢ ᠭᠡᠷᠡᠭᠯᠡᠭ᠍ᠳᠡᠳᠡᠭ᠌ ᠶᠢᠡᠷ ᠪᠠᠷᠠᠬᠤ ᠦᠭᠡᠶ᠂ ᠪᠠᠰᠠ ᠣᠠᠴᠠᠭᠠᠢ ᠵᠠᠰᠠᠯ ᠵᠢᠮᠰᠡᠭ᠌ ᠤᠨ ᠡᠳ᠋ ᠴᠤ ᠪᠣᠯᠳᠠᠭ᠃ ᠮᠤᠩᠭ᠋ᠤᠯ ᠡᠷᠡᠭ᠍ᠳᠡᠢ᠌ᠴᠦᠳ ᠵᠤᠴᠢᠨ ᠣᠭᠳᠤᠬᠤ᠂ ᠨᠠᠢ᠌ᠷ ᠨᠠᠭᠠᠳᠤᠮ ᠪᠠ ᠣᠷᠤᠭ ᠬᠤᠷᠢᠮ ᠳᠤ ᠣᠷᠤᠯᠴᠠᠬᠤ ᠵᠡᠷᠭᠡ ᠳᠡᠭᠡᠨ ᠮᠤᠩᠭ᠋ᠤᠯ ᠭᠢᠳᠤᠭ᠎ᠠ᠂ ᠬᠠᠮᠠᠷ ᠳᠠᠮᠠᠭᠢᠨ ᠤ ᠣᠭᠤᠳᠠ᠂ ᠭᠡᠳᠡ ᠴᠠᠭᠢᠭᠤᠷ ᠵᠡᠷᠭᠡ ᠶᠢ ᠪᠦᠰᠡᠨ ᠳᠡᠭᠡᠨ ᠬᠠᠪᠴᠢᠭᠤᠯᠵᠤ᠂ ᠳᠦᠷᠤ ᠶᠢᠨ ᠵᠠᠰᠠᠯ᠂ ᠡᠷ᠎ᠡ ᠶᠢᠨ ᠴᠢᠮᠡᠭ᠌ ᠪᠣᠯᠭᠠᠬᠤ ᠨᠢ ᠣᠠᠴᠠ ᠶᠢᠨ ᠭᠡᠪ ᠨᠠᠮᠪᠠ ᠲᠡᠶ ᠢᠳᠡᠷᠡᠭᠦᠨ ᠰᠠᠢ᠌ᠬᠠᠨ ᠬᠠᠷᠠᠭᠳᠠᠳᠠᠭ᠃

ᠮᠤᠩᠭ᠋ᠤᠯᠴᠤᠳ ᠤᠨ ᠡᠷᠡᠯᠭᠡᠭ᠌ ᠪᠠᠭᠠᠳᠤᠷ᠂ ᠠᠵᠢᠯᠴᠢ ᠪᠣᠷᠤᠭᠵᠢᠭᠤᠨ᠂ ᠠᠪᠢᠶᠠᠰ ᠪᠢᠯᠢᠭ᠌᠂ ᠶᠤᠰᠤᠯᠠᠯ ᠵᠢᠷᠤᠮ᠂ ᠡᠪ ᠨᠠᠢ᠌ᠷ᠂ ᠰᠢᠳᠤᠷᠭᠤ ᠡᠯᠪᠠᠷᠢᠯ᠂ ᠢᠪᠠᠭᠡᠯ ᠪᠠᠷᠢᠯᠳᠤᠯᠭ᠎ᠠ ᠵᠡᠷᠭᠡ ᠰᠤᠶᠤᠯ ᠪᠣᠯᠪᠠᠰᠤᠨ ᠤ ᠠᠭᠤᠯᠭ᠎ᠠ ᠶᠢ ᠪᠠᠭᠳᠠᠭᠠᠨ ᠬᠠᠳᠠᠭᠠᠯᠠᠭᠰᠠᠨ ᠮᠤᠩᠭ᠋ᠤᠯ ᠭᠢᠳᠤᠭ᠎ᠠ ᠨᠢ᠂ ᠮᠤᠩᠭ᠋ᠤᠯ ᠠᠮᠢᠳᠤᠷᠠᠯ ᠳᠠᠭᠠᠨ᠂ ᠠᠢ᠌ᠯ ᠡᠷᠦᠭᠡ ᠶᠢᠨ ᠳᠡᠭ᠍ᠵᠢᠷᠡᠯ ᠤᠨ ᠳᠡᠮᠳᠡᠭ᠌᠂ ᠠᠵᠤ ᠠᠮᠢᠳᠤᠷᠠᠯ ᠤᠨ ᠥᠭᠡᠳᠡ ᠶᠢᠨ ᠪᠠᠯᠭᠡ᠂ ᠠᠵᠢᠯ ᠣᠢ᠌ᠯᠠᠰ ᠲᠤ ᠦᠨᠢᠳᠠ ᠶᠢᠨ ᠢᠷᠦᠭᠡᠯ᠂ ᠠᠠᠳᠠ ᠶᠢᠨ ᠨᠥᠭᠦᠷᠯᠡᠯ ᠳᠤ ᠪᠠᠳᠤ ᠶᠢᠨ ᠵᠦᠩᠨᠠᠯ᠂ ᠬᠠᠨᠠᠨ ᠳᠠᠭᠠᠨ ᠡᠯᠭᠦᠪᠠᠯ ᠭᠡᠷ ᠤᠨ ᠰᠠᠭᠢᠶ᠎ᠠ᠂ ᠬᠠᠵᠠᠭᠤ ᠳᠠᠭᠠᠨ ᠵᠡᠭᠦᠪᠠᠯ ᠡᠷ᠎ᠡ ᠶᠢᠨ ᠴᠢᠮᠡᠭ᠌᠂ ᠣᠷᠤᠭ ᠬᠤᠷᠢᠮ ᠳᠤ ᠭᠦᠷᠭᠡᠨ ᠤ ᠭᠡᠢ᠌ᠮᠦᠷᠢ᠂ ᠣᠷᠠᠨ ᠪᠦᠰᠡᠭᠦᠢ ᠳᠤ ᠣᠢ᠌ᠯᠠᠴᠢ ᠶᠢᠨ ᠵᠢᠮᠰᠡᠭ᠌ ᠪᠣᠯᠬᠤ ᠪᠠᠷ ᠦᠯᠦ ᠪᠠᠷᠠᠮ ᠮᠤᠩᠭ᠋ᠤᠯ ᠭᠢᠳᠤᠭ᠎ᠠ ᠶᠢ ᠬᠤᠷᠢᠶᠠᠨ ᠬᠠᠳᠠᠭᠠᠯᠠᠭᠰᠠᠨ᠂ ᠡᠳ᠋ᠯᠡᠵᠤ ᠭᠡᠷᠡᠭᠯᠡᠭ᠍ᠰᠡᠨ ᠡᠯ᠎ᠡ ᠦᠨᠳᠦᠰᠦᠳᠠᠨ ᠤ ᠠᠬ᠎ᠠ ᠳᠡᠭᠦᠤ᠂ ᠳᠤᠳᠤᠭᠠᠳᠤ ᠭᠠᠳᠠᠭᠠᠳᠤ ᠶᠢᠨ ᠵᠤᠴᠢᠨ ᠪᠦᠭᠦᠨ ᠳᠤ ᠡᠷᠡᠭᠦᠯ ᠮᠠᠠᠳᠤ᠂ ᠥᠭᠡᠳᠡ ᠡᠰᠡᠷᠡᠭ᠌᠂ ᠵᠤᠯ ᠵᠢᠷᠭᠠᠯ ᠤᠨ ᠪᠠᠯᠭᠡᠳᠡᠯ ᠵᠦᠩᠨᠠᠯ ᠪᠣᠯᠬᠤ ᠶᠤᠮ᠃


ᠵᠤᠬᠢᠶᠠᠭᠴᠢ ᠶᠢᠨ ᠬᠠ‍‌ᠶᠢᠭ ᠄ ᠪᠠᠷᠠᠭᠤᠨ ᠦᠵᠦᠮᠤᠴᠢᠨ ᠬᠤᠰᠢᠭᠤᠨ ᠤ ᠪᠠᠯᠭᠠᠷᠭᠤᠤᠯ ᠪᠠᠯᠭᠠᠰᠤᠨ ᠤ ᠪᠠᠯᠭᠠᠷ ᠵᠡᠭᠡᠯᠢ ᠵᠢᠨ18 ᠳ᠋ᠤᠭᠠᠷ ᠳᠤᠭᠣᠢ᠌ᠯᠠᠩ ᠤᠨ43 ᠳ᠋ᠤᠭᠠᠷ ᠨᠤᠮᠸᠷ

ᠵᠤᠬᠢᠶᠠᠭᠴᠢ᠄ ᠨᠠᠰᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 3290
ᠴᠠᠭ᠄ 2012 ᠤᠨ ᠤ 06 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ