ᠬᠠᠯᠳᠠᠷ ᠤᠨ ᠴᠢᠯᠠᠭᠤ

ᠬᠠᠳᠠᠨ ᠪᠠᠢ᠌ᠭᠠᠯᠢ ᠶᠢᠨ ᠪᠠᠶᠠᠨ ᠦᠷᠤᠳᠠᠰᠤ

ᠬᠠᠯᠠ ᠶᠢᠨ ᠳᠠᠮᠠᠭ᠎ᠠ

ᠬᠠᠢ᠌ᠷ᠎ᠠ ᠶᠢᠨ ᠭᠡᠯᠳᠡᠷᠭᠡᠢ


ᠳᠠᠢᠷᠢ ᠶᠢᠨ ᠨᠢᠯᠪᠣᠰᠤ ᠶᠢ ᠦᠷᠤ ᠳᠡᠭᠡᠷ᠎ᠡ ᠪᠠᠨ

ᠳᠡᠭᠡᠮᠡᠨ ᠰᠢᠭ᠌ ᠴᠠᠷᠴᠠᠭᠠᠭᠰᠠᠨ

ᠪᠣᠳᠤᠯ ᠤᠨ ᠰᠤᠠᠳᠤᠷ


ᠪᠣᠭᠤᠷᠤᠯ ᠳᠡᠦᠭᠡ ᠶᠢᠨ ᠳᠤᠤᠠᠬ᠎ᠠ ᠪᠠᠷ ᠠᠨᠢᠷ ᠦᠭᠡᠶ ᠱᠠᠭᠠᠢ᠌ᠵᠤ

ᠪᠣᠷᠤᠭᠤ ᠵᠦᠪ ᠭᠠᠯᠪᠠ ᠶᠢᠨ ᠮᠠᠯᠢᠶ᠎ᠠ ᠪᠠᠷ ᠱᠠᠪᠳᠠᠭᠤᠯᠵᠤ ᠢᠷᠡᠭ᠍ᠰᠡᠨ ᠴᠤ

ᠪᠠᠢ᠌ᠭᠠᠯᠢ ᠳᠠᠭᠠᠨ ᠭᠤᠮᠤᠳᠠᠯ ᠳᠤᠭᠠᠴᠢᠭ᠎ᠠ ᠥᠭᠡᠢ


ᠢᠭᠡᠷ ᠵᠢᠰᠤ ᠲᠡᠶ ᠮᠤᠷᠢᠨ ᠳᠤᠭᠤᠷᠠᠢ ᠳᠤ ᠭᠡᠳᠡ ᠶᠢᠨ ᠭᠠᠯ ᠭᠦᠭ᠍ᠵᠢᠭᠡᠵᠤ

ᠢᠷᠡᠭᠡᠳ ᠦᠭᠡᠶ ᠵᠠᠭᠤᠨ ᠳᠤ ᠢᠵᠢᠯ ᠦᠭᠡᠶ ᠳᠡᠦᠭᠡ ᠪᠠᠯᠭᠡᠯᠡᠭ᠍ᠰᠡᠨ

ᠢᠨᠠᠭ ᠲᠠᠭᠠᠨ ᠵᠥᠭᠡᠯᠡᠨ ᠳᠡᠪᠢᠰᠭᠡᠷ


ᠥᠭ᠍ᠳᠦᠮ᠎ᠡ ᠶᠢᠨ ᠬᠠᠷᠠᠭᠠᠨ ᠳᠤ ᠦᠨ᠎ᠡ ᠦᠭᠡᠶ ᠪᠠᠰᠤᠮᠵᠢ

ᠣᠯᠠᠨ ᠮᠢᠩᠭ᠋ᠠᠨ ᠤ ᠨᠢᠭᠦᠯ ᠥᠵᠡᠭ᠍ᠰᠡᠨ

ᠦᠨᠡᠨ ᠳᠡᠭᠡᠨ ᠥᠭᠦᠭ᠍ᠰᠡᠨ ᠬᠠᠭᠤᠴᠢ᠃


ᠵᠤᠬᠢᠶᠠᠭᠴᠢ ᠶᠢᠨ ᠬᠠ‍‌ᠶᠢᠭ ᠄ ᠬᠤᠪᠣᠭᠰᠠᠢ᠌ᠷᠢ ᠮᠤᠩᠭ᠋ᠤᠯ ᠥᠪᠠᠷᠳᠡᠭᠡᠨ ᠵᠠᠰᠠᠬᠤ ᠰᠢᠶᠠᠨ ᠤ ᠵᠠᠰᠠᠭ ᠤᠨ ᠣᠷᠳᠤᠨ ᠤ ᠠᠯᠪᠠᠨ ᠭᠡᠷ

ᠵᠤᠬᠢᠶᠠᠭᠴᠢ᠄ ᠳᠤᠸ᠎ᠠ
ᠬᠠᠷᠢᠶ᠎ᠠ᠄ ᠰᠢᠯᠦᠭ
ᠳᠠᠷᠤᠮ᠄ 1863
ᠴᠠᠭ᠄ 2010 ᠤᠨ ᠤ 10 ᠰᠠᠷ᠎ᠠ ᠶᠢᠨ 27