ᠮᠠᠩᠬᠠᠨ ᠵᠤᠭᠤᠭ

1

ᠵᠤᠬᠢᠶᠠᠯ ᠪᠢᠴᠢᠭᠡᠳ ᠵᠤᠭᠤᠰ ᠭᠡᠳᠦᠢ ᠣᠯᠤᠨ᠎ᠠ᠂ ᠳᠡᠭᠡᠭᠡᠳ ᠪᠢ ᠰᠤᠷᠤᠯᠭ᠎ᠠ ᠪᠠᠨ ᠵᠤᠭᠰᠤᠴᠢᠬᠠᠯ᠎ᠠ᠃ ᠶᠠᠷᠤ ᠶᠢᠨ ᠥᠭᠡᠨ ᠳᠤ 《ᠬᠠᠭᠤᠷᠴᠢ ᠪᠣᠯᠬᠤ ᠪᠠᠷ ᠶᠢᠡᠨ ᠬᠤᠯᠠᠭᠠᠢ᠌ᠴᠢ ᠰᠤᠷ》 ᠯᠠ ᠭᠡᠭᠦ ᠶᠤᠮ᠃ ᠣᠳᠤ ᠴᠠᠭ ᠡ︕

2

ᠰᠢᠷᠪᠣᠰᠤ ᠪᠠᠨ ᠰᠤᠠᠳᠠᠯ᠎ᠠ ᠭᠦᠶ‍ᠦᠵᠤ ᠪᠠᠢ᠌ᠭᠠᠤᠨ ᠬᠤᠮᠤᠷᠭᠠᠨ ᠳᠠᠭᠠᠨ ᠭᠡᠳᠤ ᠶᠢ ᠴᠤᠭᠯᠠᠭᠤᠯᠴᠢᠬᠠᠭᠰᠠᠨ ᠴᠢᠨᠢ ᠭᠠᠵᠠᠷ ᠭᠢᠰᠭᠢᠭᠡ ᠪᠠᠨ ᠭᠦᠷᠳᠡᠯ᠎ᠡ ᠮᠠᠷᠳᠠᠴᠢᠬᠠᠵᠠᠢ ᠮᠠᠨᠠᠢ᠌ᠭᠢᠳ᠃ ᠭᠦᠮᠤᠨ ᠤ ᠭᠦᠤ ᠭᠦᠳᠡᠯᠭᠦ ᠴᠤ ᠦᠭᠡᠶ ᠪᠠᠷ ᠭᠦᠴᠤ ᠠᠪᠴᠤ ᠭᠦᠳᠥᠢᠳᠡᠯ᠎ᠡ ᠳᠠᠷᠭᠤᠯᠠᠭᠰᠠᠨ ᠢ ᠨᠢ ᠦᠵᠡᠯ ᠳ᠋ᠠ︕

ᠳᠡᠭ᠍ᠷᠢ ᠲᠦᠮᠡᠨ ᠨᠢᠳᠤ ᠲᠡᠶ ᠯᠠ ᠭᠡᠳᠡᠭ᠌ ᠪᠢᠯᠢᠤ︖

3

ᠭᠦᠮᠤᠨ ᠨᠢᠭᠡᠨᠲᠡ ᠭᠦᠷᠴᠢᠭᠢᠨᠡᠭᠦᠯᠵᠤ ᠳᠦᠷᠴᠢᠭᠢᠨᠡᠭᠦᠯᠤᠨ ᠱᠤᠤᠭᠢᠭᠤᠯᠵᠤ ᠭᠠᠷᠬᠤ ᠳᠤ᠂ ᠮᠠᠨᠠᠢ᠌ᠭᠢᠳ ᠪᠠᠰᠠ ᠯᠠ ᠳᠤᠯᠤᠭᠠᠢ ᠰᠢᠭᠢᠷ᠎ᠠ ᠶᠢᠨ ᠳᠤᠤᠯᠢ ᠳᠠᠭᠤᠤ ᠪᠠᠨ ᠭᠢᠩᠰᠢᠭ᠍ᠰᠡᠭᠡᠷ ᠪᠠᠢ᠌ᠨ᠎ᠠ᠃ ᠡᠪᠦᠭᠡ ᠶᠤᠰᠤᠨ ᠤ ᠣᠯᠠᠮᠵᠢᠯᠠᠯ ᠶᠤᠮ ᠴᠢᠨᠢ ᠶᠠᠭᠠᠭᠢᠨ᠎ᠠ ᠳᠡᠭᠡᠭᠡᠳ︖

ᠰᠠᠢ᠌ᠨ ᠬᠡᠦᠬᠡᠳ︕

4

ᠪᠠᠢ᠌ᠭᠠᠯᠢ ᠨᠢ ᠪᠠᠶᠠᠯᠢᠭ ᠳᠠᠯ᠎ᠠ ᠨᠢ ᠠᠭᠤᠳᠠᠮ ᠶᠤᠮ ᠴᠢᠨᠢ ᠰᠡᠳᠭᠢᠯ ᠨᠢ ᠪᠠᠰᠠ ᠠᠭᠤᠵᠢᠮ ᠦᠭᠡᠶ ᠶᠠᠭᠠᠭᠢᠨ᠎ᠠ᠂ ᠦᠭᠡᠶ ᠪᠣᠯ ᠭᠡᠳᠥᠢᠨ ᠳᠡᠯᠪᠠᠷᠡᠴᠢᠭᠡᠭᠦ ᠦᠭᠡᠶ ᠦᠦ︖

5

ᠮᠠᠢ᠌ᠮᠠᠢ᠌ᠯᠠᠭᠠᠤᠨ ᠪᠠᠶᠠᠵᠢᠭᠰᠠᠨ ᠢ ᠨᠢ ᠬᠠᠷᠠᠵᠤ ᠪᠠᠬᠠᠷᠬᠠᠭᠠᠤᠨ ᠮᠠᠨ ᠤ ᠭᠦᠮᠤᠨ ᠪᠠᠰᠠ ᠳᠠᠯᠠᠢ ᠳᠤ ᠬᠠᠷᠠᠢ᠌ᠭᠰᠠᠨ ᠴᠢᠨᠢ ᠬᠠᠷᠢᠨ ᠰᠥᠭᠡᠷᠭᠦ ᠣᠯᠵᠠ ᠣᠯᠴᠢᠬᠠᠭᠠᠤᠨ ᠳᠸᠯᠸᠢᠰ ᠶᠢᠡᠷ ᠶᠢᠡᠨ ᠭᠦᠷᠳᠡᠯ᠎ᠡ ᠨᠥᠭᠡ ᠪᠦᠭᠯᠡᠴᠢᠭᠡᠵᠡᠢ᠂ ᠭᠦᠭᠡᠷᠦᠭᠦᠢ︕

ᠳᠡᠭᠡᠳᠦᠰ ᠡᠴᠠ ᠪᠠᠨ ᠠᠪᠣᠭᠠᠤᠨ ᠳᠠᠷᠠ ᠰᠠᠯᠠᠭ᠎ᠠ ᠶᠢᠨ ᠭᠢᠨᠢ ᠪᠢᠰᠢ ᠶᠤᠮ ᠴᠢᠨᠢ ᠠᠷᠭ᠎ᠠ ᠪᠠᠢ᠌ᠨ᠎ᠠ ᠦᠦ︖

6

ᠰᠠᠶ‍ᠢᠬᠠᠨ ᠳᠠᠪᠤᠨ ᠵᠢᠯ ᠤᠨ ᠪᠠᠭ᠎ᠠ ᠰᠤᠷᠭᠠᠭᠤᠯᠢ ᠪᠠᠨ ᠳᠡᠭᠦᠰᠭᠡᠭ᠍ᠰᠡᠨ ᠨᠢᠭᠡ ᠬᠡᠦᠬᠡᠳ ᠡᠴᠠ ᠪᠢ 《ᠴᠢ ᠨᠤᠮ ᠣᠩᠰᠢᠳᠠᠭ ᠦᠦ︖》 ᠭᠡᠵᠤ ᠠᠰᠠᠭᠤᠭᠰᠠᠨ ᠳᠤ ᠳᠠᠷᠠ 《ᠪᠢ ᠨᠠᠷ᠎ᠠ ᠪᠠᠨ ᠪᠢᠴᠢᠵᠤ ᠴᠢᠳᠠᠬᠤ ᠦᠭᠡᠶ》 ᠭᠡᠳ ᠭᠠᠵᠠᠷ ᠬᠠᠷᠠᠴᠢᠬᠠᠭᠰᠠᠨ᠃ ᠶᠠᠭᠠᠭᠢᠭᠰᠠᠨ ᠬᠤᠳᠠᠯ ᠥᠭᠡ ᠦᠭᠡᠶ ᠴᠠᠭᠠᠪᠣᠷ ᠬᠡᠦᠬᠡᠳ ᠶᠤᠮ᠃

ᠠᠢ᠂ ᠡᠨᠡ ᠰᠤᠷᠭᠠᠭᠤᠯᠢ ᠡ︕

7

ᠮᠠᠨᠠᠢ᠌ᠭᠢᠳ ᠵᠥᠪᠭᠡᠨ ᠵᠤᠷᠬ᠎ᠠ ᠶᠢᠨ ᠰᠤᠶᠤᠯ ᠵᠥᠭ᠌ ᠶᠢᠡᠨ ᠯᠠ ᠵᠥᠭᠯᠡᠴᠢᠭᠡᠵᠡᠢ᠃ ᠨᠢᠷᠤᠭᠤ ᠭᠡᠳᠡᠰᠤ᠂ ᠳᠤᠯᠤᠭᠠᠢ ᠰᠡᠭᠦᠯ ᠲᠡᠶ ᠪᠣᠰᠤᠭ᠎ᠠ ᠰᠤᠶᠤᠯ ᠶᠢᠡᠨ ᠴᠤᠬᠤᠮ ᠶᠠᠭᠠᠭᠢᠬᠤ ᠭᠡᠵᠤ ᠪᠠᠢ᠌ᠬᠤ ᠶᠢ ᠪᠣᠤ ᠮᠠᠳᠠ︖

ᠰᠠᠨᠠᠭ᠎ᠠ ᠪᠠᠢ᠌ᠪᠠᠴᠤ ᠣᠨᠤᠭ᠎ᠠ ᠭᠦᠷᠭᠦ ᠦᠭᠡᠶ᠂

ᠣᠨᠤᠭ᠎ᠠ ᠪᠠᠢ᠌ᠪᠠᠴᠤ ᠰᠠᠨᠠᠭ᠎ᠠ ᠨᠠᠩ ᠭᠦᠷᠭᠦ ᠦᠭᠡᠶ︕

8

ᠮᠠᠨ ᠤ ᠰᠠᠷᠢᠳᠠᠭ 《ᠴᠠᠭᠠᠨ ᠳᠤᠯᠤᠭᠠᠢ》 ᠮᠢᠨᠢ ᠣᠨ ᠣᠳᠠᠭᠠᠨ ᠬᠤᠪᠢᠷᠠᠵᠤ ᠭᠦᠭ᠍ᠵᠢᠭᠡᠳ ᠯᠠ ᠢᠷᠡᠭ᠍ᠰᠡᠨ᠃ ᠳᠦᠷᠪᠠᠯᠵᠢᠨ ᠥᠰᠦᠭ᠌ ᠭᠡᠳᠡᠯ᠎ᠡ ᠠᠯᠢ ᠭᠠᠯᠢ ᠥᠰᠦᠭ᠌᠂ ᠳᠤᠳᠤ ᠥᠰᠦᠭ᠌ ᠭᠡᠳᠡᠯ᠎ᠡ ᠰᠤᠶᠤᠩᠪᠣ ᠥᠰᠦᠭ᠌ ᠁ ᠭᠡᠳ ᠪᠠᠢ᠌ᠬᠤ ᠯᠠ᠃

ᠭᠡᠳᠡᠯ᠎ᠡ᠂ ᠠᠢ ᠭᠡᠳᠦᠷᠭᠡᠢ ᠠᠷᠪᠢᠨ ᠬᠤᠪᠢᠷᠠᠭᠠᠤᠨ ᠯᠠ ᠪᠠᠢ᠌ᠭᠰᠠᠨ ᠨᠢ ᠪᠠᠰᠠ ᠨᠢᠭᠡ ᠵᠤᠪᠠᠯᠠᠩ ᠡ︕

9

ᠪᠠᠷᠠᠭ᠎ᠠ ᠨᠢ ᠦᠰᠴᠦ ᠯᠠ ᠪᠠᠢ᠌ᠨ᠎ᠠ᠃ ᠨᠤᠤᠰᠤ ᠨᠤᠯᠤᠤᠷ ᠨᠢ ᠬᠠᠷᠢᠨ ᠡ︕ ᠳᠡᠭᠡᠪᠠᠴᠤ ᠨᠤᠤᠰᠤ ᠪᠠᠨ ᠡᠮᠦᠰᠴᠤ ᠢᠳᠡᠭᠡᠳ ᠪᠣᠯᠤᠨ᠎ᠠ ᠦᠦ︖ ᠪᠠᠭᠠᠯᠵᠤᠤᠷ ᠰᠢᠬᠠᠬᠤ ᠶᠢᠨ ᠪᠣᠶᠠᠨ ᠵᠠᠶᠠᠭ᠎ᠠ ᠨᠢ ᠪᠠᠰᠠ ᠯᠠ ᠮᠠᠨᠠᠢ᠌ᠭᠢᠳ ᠤᠨ ᠭᠢ᠃

ᠳᠡᠭᠡᠭᠡᠳ ᠶᠠᠭᠠᠭᠢᠨ᠎ᠠ᠂ ᠭᠠᠭᠴᠠ ᠮᠤᠳᠤᠨ ᠭᠦᠭᠦᠷᠭᠡ ᠪᠠᠷ ᠶᠠᠪᠣᠬᠤ ᠶᠢ ᠴᠠᠬ᠎ᠠᠷᠡᠨ ᠭᠦᠯᠢᠶᠡᠭᠦ ᠦᠭᠡᠶ ᠶᠤᠮ ᠴᠢᠨᠢ︕

10

ᠶᠠᠭᠤᠮ᠎ᠠ ᠬᠤᠪᠣᠷ ᠲᠠᠭᠠᠨ ᠦᠨᠡᠳᠠᠢ ᠭᠡᠳᠡᠭ᠌ ᠬᠤᠳᠠᠯ ᠡ᠃ ᠣᠶᠤᠳᠠᠨ ᠪᠢ ᠴᠢᠨᠢ ᠠᠢ᠌ᠯ ᠵᠥᠭ᠌ ᠶᠢᠡᠨ ᠳᠠᠯᠪᠢᠭᠠᠤᠨ ᠣᠷᠤᠬᠤ ᠳᠤ ᠮᠠᠨᠠᠢ᠌ᠭᠢᠳ ᠨᠠᠮᠢ᠋ᠢ ᠪᠠᠨ ᠰᠢᠷᠪᠢᠵᠤ ᠴᠤ ᠬᠠᠷᠠᠬᠤ ᠦᠭᠡᠶ ᠪᠣᠯᠴᠢᠬᠠᠭᠰᠠᠨ᠃ ᠠᠷᠭ᠎ᠠ ᠦᠭᠡᠶ᠂ ᠮᠢᠨᠤ ᠪᠣᠳᠠᠰ ᠤᠨ ᠨᠥᠭᠦᠴᠡᠯ ᠶᠢᠡᠷ ᠬᠤᠮᠰᠠᠬᠠᠨ ᠶᠠᠳᠠᠭᠤ ᠪᠠᠭᠰᠢ ᠪᠣᠯᠬᠤ ᠶᠢ ᠭᠡᠨ ᠮᠡᠳᠡᠭᠦ ᠦᠭᠡᠶ ᠶᠤᠮ︖

ᠠᠢ᠌ᠯ ᠤᠨ ᠪᠦᠰᠡᠭᠦᠢ ᠪᠣᠯᠤᠭᠠᠤᠨ ᠣᠯᠠ ᠰᠢᠷᠢᠯᠡᠭ᠍ᠰᠡᠨ ᠪᠣᠯ ᠬᠠᠷᠢᠨ ᠡ︕

11

ᠱᠠᠳᠤ ᠲᠡᠶ ᠨᠢ ᠳᠡᠭᠡᠭ᠍ᠰᠢ ᠮᠠᠴᠤᠨ᠎ᠠ᠂ ᠱᠠᠳᠤ ᠦᠭᠡᠶ ᠨᠢ ᠴᠤ ᠳᠡᠭᠡᠭ᠍ᠰᠢ ᠥᠭᠦᠯᠳᠡᠨ᠎ᠡ᠃ ᠳᠡᠭᠡᠷ᠎ᠡ ᠨᠢ ᠨᠢᠭᠡᠮᠦᠰᠤᠨ ᠪᠠᠭᠳᠠᠭᠠᠬᠤ ᠪᠠᠨ ᠪᠠᠢ᠌ᠴᠢᠬᠠᠪᠠᠯ ᠳᠤᠷᠤᠭᠰᠢ ᠭᠤᠯᠭᠤᠷᠢᠬᠤ ᠦᠭᠡᠶ ᠳᠡᠭᠡᠭᠡᠳ ᠬᠠᠮᠢᠭᠠᠰᠢ ᠪᠠᠨ ᠭᠤᠯᠭᠤᠷᠢᠨ᠎ᠠ︖

ᠶᠠᠭᠤᠮᠠᠨ ᠤ ᠰᠠᠢ᠌ᠨ ᠨᠢ ᠪᠦᠷ ᠳᠡᠭᠡᠷ᠎ᠡ ᠨᠢ ᠪᠠᠢ᠌ᠳᠠᠭ ᠶᠤᠮ ᠪᠢᠰᠢ ᠡ︕ ᠠᠮᠢᠯᠠᠯ ᠤᠨ ᠭᠦᠴᠤᠨ ᠤ ᠠᠪᠣᠷᠭᠤ ᠨᠢ ᠮᠤᠳᠤᠨ ᠤ ᠦᠨᠳᠦᠰᠦᠨ ᠳ᠋ᠤᠨᠢ ᠪᠠᠢ᠌ᠳᠠᠭ ᠦᠭᠡᠶ ᠦᠦ︖

12

ᠭᠦᠵᠦᠷ ᠤᠨ ᠰᠢᠷᠡᠭᠡ᠂ ᠳᠠᠷᠠᠰᠤᠨ ᠬᠤᠠᠳᠠᠭ᠎ᠠ ᠳᠤ ᠡᠷᠡᠯᠭᠡᠭ᠌ ᠭᠠᠳᠠ᠂ ᠪᠠᠭᠠᠳᠤᠷ ᠳᠤᠭᠳᠠᠬᠤ ᠦᠶ᠎ᠡ ᠦᠶ᠎ᠡ ᠪᠣᠰᠤᠭᠠᠤᠨ ᠢᠷᠠᠨ᠎ᠠ᠃ ᠳᠠᠷᠠ ᠵᠤᠷᠢᠭ ᠰᠦᠰᠦ ᠪᠠᠨ ᠳᠤᠭᠢᠳᠠᠢ ᠭᠠᠵᠠᠷ ᠴᠤ ᠭᠡᠷᠡᠭᠯᠡᠭ᠍ᠰᠡᠨ ᠪᠣᠯ︕

13

ᠮᠠᠩᠬᠠᠨ ᠵᠤᠭᠤᠭ ᠮᠠᠰᠢ ᠣᠷᠳᠤ ᠡ᠂ ᠮᠡᠨᠡᠭ᠍ᠷᠡᠭᠦ ᠰᠡᠭᠡᠭᠡᠷᠡᠭᠦ ᠶᠢᠨ ᠳᠤᠨᠤᠯᠵᠢᠨ ᠦᠷᠳᠡᠭᠡ ᠡ︕ ᠮᠠᠷᠭᠠᠰᠢ ᠪᠠᠨ ᠣᠭᠳᠠᠬᠤ ᠮᠠᠨᠠᠢ᠌ᠭᠢᠳ ᠤᠨ ᠡᠭᠦᠷᠭᠡ ᠡ᠂ ᠮᠠᠨ ᠤ ᠦᠶ᠎ᠡ ᠶᠢᠨ ᠭᠢᠨ ᠤ ᠮᠦᠷᠤᠨ ᠳᠡᠭᠡᠷ᠎ᠡ︕


ᠵᠤᠬᠢᠶᠠᠭᠴᠢ ᠶᠢᠨ ᠬᠠᠶ‍ᠢᠭ᠄ ᠰᠢᠯᠢ ᠶᠢᠨ ᠭᠤᠤᠯ ᠠᠢ᠌ᠮᠠᠭ ᠤᠨ ᠰᠦᠨᠢᠳ ᠵᠡᠭᠦᠨ ᠬᠤᠰᠢᠭᠤ

ᠵᠤᠬᠢᠶᠠᠭᠴᠢ᠄ ᠭᠡᠷᠡᠯᠳᠦᠶᠠᠭ᠎ᠠ
ᠬᠠᠷᠢᠶ᠎ᠠ᠄ ᠨᠠᠢᠷᠠᠭᠤᠯᠤᠯ
ᠳᠠᠷᠤᠮ᠄ 3324
ᠴᠠᠭ᠄ 2010 ᠤᠨ ᠤ 06 ᠰᠠᠷ᠎ᠠ ᠶᠢᠨ 03