ᠨᠤᠳᠤᠭ ᠤᠨ ᠳᠤᠷᠠᠰᠤᠮᠵᠢ

ᠨᠠᠷᠠᠨ ᠤ ᠳᠤᠶᠠᠭ᠎ᠠ ᠳᠤᠩᠭ᠋ᠠᠯᠠᠭᠰᠢᠨ

ᠨᠠᠢ᠌ᠷᠠᠰᠠᠭ ᠰᠠᠯᠭᠢ ᠥᠯᠢᠶᠡᠭᠦ ᠪᠦᠷᠢ

ᠨᠠᠰᠤᠨ ᠤ ᠳᠤᠭ᠎ᠠ ᠨᠡᠮᠡᠭ᠍ᠳᠡᠨ

ᠨᠠᠷᠢᠰᠠᠭ ᠠᠳᠤᠷᠢᠶ᠎ᠠ ᠤᠯᠡᠰᠢᠷᠡᠬᠤ ᠪᠦᠷᠢ

ᠡᠵᠢ ᠶᠢᠨ ᠨᠤᠳᠤᠭ ᠪᠣᠳᠤᠭᠳᠠᠨ᠎ᠠ

ᠡᠯᠢᠭᠡ ᠵᠢᠷᠦᠭᠡ ᠮᠢᠨᠢ ᠳᠠᠳᠠᠭᠳᠠᠨ᠎ᠠ

ᠰᠠᠷᠠᠨ ᠤ ᠳᠤᠶᠠᠭ᠎ᠠ ᠭᠡᠢ᠌ᠪᠠᠷᠳᠡᠨ

ᠰᠠᠯᠭᠢᠨ ᠤ ᠴᠢᠮᠡᠭᠡ ᠱᠠᠷᠴᠢᠭᠢᠨᠠᠬᠤ ᠪᠦᠷᠢ

ᠰᠠᠠᠴᠢᠭ ᠤᠨ ᠥᠩᠭᠡ ᠴᠠᠢ᠌ᠪᠠᠷᠳᠠᠨ

ᠰᠠᠨᠠᠭᠠᠨ ᠤ ᠡᠷᠭᠢᠴᠡᠭᠦᠯᠦᠯ ᠳᠤ ᠤᠨᠡᠬᠤ ᠪᠦᠷᠢ

ᠠᠪᠣ ᠶᠢᠨ ᠨᠤᠳᠤᠭ ᠪᠣᠳᠤᠭᠳᠠᠨ᠎ᠠ

ᠠᠭᠤᠰᠭᠢ ᠵᠢᠷᠦᠭᠡ ᠮᠢᠨᠢ ᠳᠠᠳᠠᠭᠳᠠᠨ᠎ᠠ


ᠠᠯᠮᠠᠨ ᠬᠤᠤᠠᠳᠤᠭ


ᠳᠤᠯᠢᠨ ᠠᠭᠤᠷ ᠤᠨ ᠪᠠᠷᠠᠭᠤᠨ ᠡᠷᠭᠢ ᠳ᠋ᠤ

ᠳᠤᠳᠢ ᠶᠢᠨ ᠨᠢᠳᠤ ᠰᠢᠭ᠌ ᠮᠡᠯᠳᠡᠭᠡᠨᠡᠳᠡᠭ᠌

ᠳᠤᠷᠭᠠᠨ ᠨᠤᠳᠤᠭ ᠤᠨ ᠠᠯᠮᠠᠨ ᠬᠤᠤᠠᠳᠤᠭ

ᠳᠤᠮᠤᠵᠢᠬᠤ ᠨᠠᠰᠤᠨ ᠤ ᠷᠠᠰᠢᠶᠠᠨ ᠪᠣᠯᠠᠭ ᠡ

ᠳᠦᠯᠵᠢᠭᠦ ᠠᠮᠢᠳᠤᠷᠠᠯ ᠤᠨ ᠠᠶᠠᠨ ᠢ ᠳᠠᠭᠠᠨ

ᠳᠦᠭᠡᠭᠡᠯ ᠤᠰᠤᠨ ᠤ ᠤᠯᠡᠷᠢᠯ ᠳᠤ ᠤᠷᠦᠪᠠᠴᠤ

ᠳᠠᠭᠯᠠᠷᠠᠭᠰᠠᠨ ᠤᠷᠦᠮ ᠢ ᠴᠢᠨᠢ ᠪᠢ ᠴᠡᠭᠡᠵᠢᠯᠡᠭᠡᠳ

ᠳᠠᠯᠠᠷᠬᠠᠯ ᠤᠨ ᠳᠠᠭᠤᠤ ᠲᠡᠶ ᠰᠠᠨᠠᠵᠤ ᠪᠠᠢ᠌ᠨ᠎ᠠ

ᠡᠷᠡᠭᠡᠢ ᠪᠠᠶ᠎ᠠ ᠶᠢ ᠥᠰᠭᠡᠨ᠎ᠡ ᠭᠡᠳ

ᠡᠵᠢ ᠮᠢᠨᠢ ᠴᠢᠮ᠎ᠠ ᠡᠴᠡ ᠤᠮᠳᠡ ᠳᠠᠮᠨᠠᠭᠰᠠᠨ

ᠡᠰᠨᠢᠭᠦ ᠠᠮᠢᠳᠤᠷᠠᠯ ᠶᠢᠡᠨ ᠴᠤᠭᠴᠠᠯᠠᠨ᠎ᠠ ᠭᠡᠳ

ᠡᠴᠢᠭᠡ ᠮᠢᠨᠢ ᠴᠢᠮ᠎ᠠ ᠡᠴᠡ ᠳᠡᠵᠢᠭᠡᠯ ᠳᠠᠮᠨᠠᠭᠰᠠᠨ

ᠪᠠᠢ᠌ᠳᠠᠭ ᠶᠢᠡᠨ ᠪᠦᠷ ᠡᠷᠭᠦᠭ᠍ᠰᠡᠨ ᠪᠣᠯᠪᠠᠴᠤ

ᠪᠠᠷᠢᠴᠠᠯᠠᠬᠤ ᠪᠣᠳᠤᠯ ᠴᠢᠮ᠎ᠠ ᠳᠤ ᠤᠷᠤᠭ᠎ᠠ ᠥᠭᠡᠢ

ᠪᠠᠷ᠎ᠠ ᠴᠢᠨᠢ ᠪᠠᠯᠠᠷᠠᠵᠤ ᠤᠳᠦᠭᠰᠡᠨ ᠪᠣᠯᠪᠠᠴᠤ

ᠪᠠᠭ᠍ᠳᠡᠷᠡᠯ ᠭᠤᠮᠤᠳᠠᠯ ᠴᠢᠮ᠎ᠠ ᠳᠤ ᠪᠠᠢ᠌ᠭ᠎ᠠ ᠥᠭᠡᠢ


ᠵᠥᠷᠢᠭ᠌ ᠵᠠᠮ


ᠡᠭᠦᠳᠡᠨ ᠡᠴᠡ ᠰᠤᠨᠤᠯᠵᠠᠭᠰᠠᠨ ᠵᠥᠷᠢᠭ᠌ ᠵᠠᠮ ᠤᠨ

ᠥᠵᠦᠭᠦᠷ ᠨᠢ ᠬᠠᠮᠢᠭ᠎ᠠ ᠪᠠᠢ᠌ᠳᠠᠭ ᠢ

ᠡᠪᠦᠭᠡ ᠮᠢᠨᠢ ᠨᠠᠳᠠ ᠭᠡᠯᠡᠭᠡ ᠥᠭᠡᠢ

ᠥᠷ᠎ᠡ ᠵᠤᠯᠵᠠᠭ᠎ᠠ ᠲᠡᠶ ᠪᠠᠨ ᠢᠷᠡᠭᠡᠳ

ᠥᠭᠯᠢᠭᠡ ᠭᠤᠶᠤᠭᠰᠠᠤᠨ ᠤᠨ ᠨᠤᠳᠤᠭ ᠬᠠᠮᠢᠭ᠎ᠠ ᠭᠡᠵᠤ

ᠡᠮᠡᠭᠡ ᠮᠢᠨᠢ ᠶᠠᠷᠤ ᠠᠰᠠᠭᠤᠳᠠᠭ ᠥᠭᠡᠢ

ᠠᠩᠭᠢ ᠶᠢᠨ ᠳᠠᠮᠠᠴᠠᠯ ᠤᠨ ᠰᠢᠷᠦᠭᠦᠨ ᠭᠠᠯ ᠳ᠋ᠤ

ᠠᠪᠣ ᠮᠢᠨᠢ ᠳᠠᠪᠳᠠᠭᠳᠠᠬᠤ ᠪᠠᠷ

ᠳᠠᠷᠠ ᠵᠥᠷᠢᠭ᠌ ᠪᠠᠷ ᠶᠠᠪᠣᠭᠰᠠᠨ ᠶᠤᠮ

ᠠᠩᠭ᠋᠎ᠠ ᠪᠠᠨ ᠡᠭᠦᠷᠴᠤ ᠡᠵᠢ ᠮᠢᠨᠢ

ᠠᠪᠣ ᠶᠢᠨ ᠴᠢᠮᠡᠭᠡ ᠶᠢ ᠤᠯᠬᠤ ᠪᠠᠷ

ᠳᠠᠷᠠ ᠵᠠᠮ ᠶᠢᠡᠷ ᠰᠤᠷᠠᠭᠰᠠᠨ ᠶᠤᠮ

ᠠᠬ᠎ᠠ ᠶᠢᠨ ᠰᠤᠷᠭᠠᠭᠤᠯᠢ ᠳᠠᠪᠰᠢᠭᠰᠠᠨ ᠵᠠᠭᠢᠶ᠎ᠠ

ᠠᠮᠠᠷᠠᠭ ᠤᠨ ᠭᠢᠨᠢ ᠬᠠᠢ᠌ᠷ᠎ᠠ ᠪᠢᠯᠬᠠᠭᠰᠠᠨ ᠬᠠᠭᠤᠳᠠᠰᠤ

ᠳᠠᠷᠠ ᠵᠥᠷᠢᠭ᠌ ᠶᠢᠡᠷ ᠢᠷᠡᠭ᠍ᠰᠡᠨ ᠪᠢᠯᠠ

ᠠᠯᠢᠶ᠎ᠠ ᠳᠡᠭᠦᠤ ᠶᠢᠨ ᠠᠯᠤᠰ ᠭᠦᠰᠡᠯᠡᠩ

ᠠᠵᠤ ᠠᠮᠢᠳᠤᠷᠠᠯ ᠤᠨ ᠥᠭᠡᠳᠡᠯ ᠮᠠᠠᠳᠤᠯ

ᠳᠠᠷᠠ ᠵᠠᠮ ᠶᠢᠡᠷ ᠪᠠᠶᠡᠯᠡᠭ᠍ᠳᠡᠭᠦ ᠪᠢᠯᠠ


ᠳᠠᠪᠠᠭ᠎ᠠ ᠴᠠᠭᠠᠨ


ᠳᠡᠭᠡᠳᠤ ᠨᠤᠳᠤᠭ ᠤᠨ ᠳᠦᠰᠢᠭ᠌ ᠪᠣᠯᠤᠭᠰᠠᠨ

ᠳᠠᠪᠠᠭ᠎ᠠ ᠴᠠᠭᠠᠨ ᠥᠡᠳᠦᠷ ᠡᠴᠡ ᠥᠡᠳᠦᠷ ᠡ

ᠳᠠᠷᠪᠠᠨ ᠨᠢᠰᠦᠭᠡᠳ ᠥᠰᠦᠷᠴᠤ ᠪᠠᠭᠤᠬᠤ ᠳ᠋ᠤ

ᠳᠡᠭ᠍ᠳᠡᠭᠡᠭᠡᠢ ᠰᠢᠪᠠᠭᠤ ᠰᠢᠭ᠌ ᠳᠡᠭ᠍ᠳᠡᠮᠡᠷ ᠳᠡᠭ᠍ᠳᠡᠮᠡᠷ ᠡ

ᠳᠠᠪᠤᠨ ᠰᠠᠷ᠎ᠠ ᠶᠢᠨ ᠰᠢᠨ᠎ᠠ ᠶᠢᠨ ᠳᠠᠪᠤᠨ ᠳ᠋ᠤ

ᠳᠠᠪᠣ ᠠᠷᠪᠠᠭᠤᠯᠠ ᠭᠦᠷᠦᠭᠡᠳ ᠤᠴᠢᠳᠠᠭ

ᠳᠠᠭᠢᠶ᠎ᠠ ᠶᠢᠨ ᠥᠡᠳᠦᠭᠡ ᠥᠩᠭᠦᠷᠢᠭᠦᠯᠤᠨ ᠪᠠᠢ᠌ᠵᠤ

ᠳᠡᠭ᠍ᠷᠢ ᠪᠣᠷᠬᠠᠨ ᠡᠴᠡ ᠠᠪᠣᠷᠠᠯ ᠭᠤᠶᠤᠳᠠᠭ

ᠳᠡᠯᠡᠭᠡᠢ ᠠᠭᠤᠳᠠᠮ ᠭᠡᠭᠦᠳᠡᠩ ᠴᠡᠭᠡᠵᠢ ᠵᠢ

ᠳᠠᠪᠠᠭ᠎ᠠ ᠴᠠᠭᠠᠨ ᠤᠯᠭᠤᠭᠰᠠᠨ ᠪᠢᠵᠠ ᠳ᠋ᠠ

ᠳᠠᠯᠠᠢ ᠭᠦᠨ ᠳᠠᠩᠰᠤᠭ ᠠᠮᠢᠳᠤᠷᠠᠯ ᠢ

ᠳᠠᠪᠠᠭ᠎ᠠ ᠴᠠᠭᠠᠨ ᠭᠦᠷᠳᠡᠭᠡᠭ᠍ᠰᠡᠨ ᠪᠢᠵᠠ ᠳ᠋ᠠ


ᠢᠭᠢᠷ᠎ᠡ ᠨᠠᠭᠤᠷ


ᠬᠠᠭ ᠤᠨ ᠡᠦᠰᠤ᠂ ᠬᠤᠮᠤᠭ ᠤᠨ ᠤᠰᠤ ᠭᠡᠭᠦ

ᠬᠠᠨᠢᠯᠠᠭᠰᠠᠨ ᠬᠤᠶᠠᠷ ᠨᠠᠭᠤᠷ

ᠬᠠᠢ᠌ᠷᠠᠳᠠᠢ ᠨᠤᠳᠤᠭ ᠤᠨ ᠮᠠᠯᠮᠠᠢ ᠰᠢᠭ᠌

ᠬᠠᠷᠠᠳᠠᠢ ᠬᠤᠨᠤᠭ ᠢ ᠳᠤᠭᠤᠯᠠᠭᠰᠠᠭᠠᠷ ᠢᠷᠠᠪᠠ

ᠬᠠᠮᠤᠭ ᠪᠠᠶ᠎ᠠ ᠶᠢᠨ ᠬᠠᠷ᠎ᠠ ᠪᠣᠷᠳᠤᠭ ᠡᠴᠡ

ᠬᠠᠮᠠᠷ ᠤᠨ ᠨᠢᠰᠤ᠂ ᠬᠠᠠᠴᠤᠢ ᠶᠢᠨ ᠊ᠭ᠍‍ᠬᠢᠷ ᠭᠦᠷᠳᠡᠯ᠎ᠡ

ᠬᠠᠯᠠᠭᠤᠨ ᠪᠣᠯᠠᠭ ᠶᠢᠡᠷ ᠶᠢᠡᠨ ᠷᠠᠰᠢᠶᠠᠯᠠᠵᠤ

ᠬᠠᠷᠠᠮᠨᠠᠯ ᠥᠭᠡᠢ ᠤᠬᠢᠶᠠᠭᠰᠠᠭᠠᠷ ᠢᠷᠠᠪᠠ

ᠬᠠᠭ ᠤᠨ ᠤᠰᠤ ᠶᠢᠨ ᠵᠢᠭᠠᠰᠤ ᠵᠢᠷᠭᠠᠬᠠᠢ

ᠬᠠᠯᠢᠨ ᠱᠤᠩᠪᠠᠯᠳᠠ ᠶᠢ ᠵᠢᠭᠠᠭᠰᠠᠨ ᠶᠤᠮᠰᠢᠭ

ᠬᠤᠮᠤᠭ ᠤᠨ ᠤᠰᠤ ᠶᠢᠨ ᠬᠠᠷᠠᠭᠤ ᠨᠤᠭᠤᠰᠤ

ᠬᠤᠯᠭᠢᠨ ᠤᠮᠪᠠᠯᠳᠡ ᠶᠢ ᠰᠤᠷᠭᠠᠭᠰᠠᠨ ᠶᠤᠮᠰᠢᠭ

ᠬᠠᠨᠢ ᠨᠠᠢ᠌ᠵᠠ ᠲᠡᠶ ᠪᠠᠨ ᠪᠦᠯᠭᠦᠮᠳᠡᠨ ᠨᠢᠭᠡᠳᠭᠦ ᠵᠢ

ᠬᠠᠭ ᠤᠨ ᠭᠠᠯᠠᠭᠤᠳ ᠮᠡᠳᠡᠭᠦᠯᠦᠭ᠍ᠰᠡᠨ ᠶᠤᠮᠰᠢᠭ

ᠬᠤᠪᠢᠷᠠᠰᠢ ᠥᠭᠡᠢ ᠳᠠᠮᠠᠴᠠᠯ ᠤᠨ ᠡᠷᠴᠢ ᠵᠢ

ᠬᠤᠮᠤᠭ ᠤᠨ ᠬᠠᠪᠳᠠᠭᠠᠯᠵᠢ ᠰᠤᠶᠤᠷᠬᠠᠭᠰᠠᠨ ᠶᠤᠮᠰᠢᠭ


ᠳᠡᠭᠡᠳᠦᠰ ᠤᠨ ᠪᠠᠷ᠎ᠠ


ᠡᠷᠡᠮᠳᠤ ᠶᠢᠨ ᠡᠭᠢᠨ ᠤ ᠡᠪᠦᠭᠡᠵᠢᠶᠡᠷ ᠬᠠᠢ᠌ᠯᠠᠰᠤ ᠵᠢ

ᠡᠴᠡᠩᠭᠡᠢ ᠡᠪᠦᠭᠡ ᠶᠢᠨ ᠪᠠᠷ᠎ᠠ ᠭᠡᠵᠤ ᠪᠣᠳᠤᠳᠠᠭ

ᠡᠷᠪᠠᠢ᠌ᠭ᠍ᠰᠡᠨ ᠭᠡᠳᠤᠨ ᠰᠠᠯᠠᠭ᠎ᠠ ᠨᠠᠮᠠᠭ᠎ᠠ ᠨᠢ

ᠡᠯᠡᠭ᠍ᠳᠡᠵᠤ ᠰᠢᠩᠭᠡᠷᠡᠭ᠍ᠰᠡᠨ ᠰᠠᠬᠠᠯ ᠶᠤᠮ ᠭᠡᠵᠤ ᠪᠣᠳᠤᠳᠠᠭ

ᠨᠠᠷᠢᠳ ᠤᠨ ᠡᠩᠭᠡᠷ ᠤᠨ ᠭᠦᠭ᠍ᠰᠢᠷᠡᠮᠡᠯ ᠤᠳᠡ ᠵᠢ

ᠨᠠᠰᠤᠳᠠᠨ ᠡᠮᠡᠭᠡ ᠶᠢᠨ ᠪᠠᠷ᠎ᠠ ᠭᠡᠵᠤ ᠪᠣᠳᠤᠳᠠᠭ

ᠨᠠᠰᠢᠯᠠᠵᠤ ᠤᠷᠭᠤᠭᠰᠠᠨ ᠨᠢᠭᠡ ᠰᠠᠯᠠᠭ᠎ᠠ ᠨᠢ

ᠨᠠᠮ᠎ᠠ ᠶᠢ ᠰᠠᠷᠠᠪᠴᠢᠯᠠᠬᠤ ᠭᠠᠷ ᠶᠤᠮ ᠭᠡᠵᠤ ᠪᠣᠳᠤᠳᠠᠭ

ᠠᠢ᠌ᠯ ᠶᠢᠠᠨ ᠰᠠᠭᠢᠭᠰᠠᠨ ᠪᠠᠳᠤᠴᠠᠭᠠᠨ ᠢ

ᠠᠴᠢᠳᠤ ᠠᠪᠣ ᠶᠢᠨ ᠪᠠᠷ᠎ᠠ ᠭᠡᠵᠤ ᠪᠣᠳᠤᠳᠠᠭ

ᠠᠴᠢᠨᠠᠷ ᠬᠡᠦᠬᠡᠳ ᠶᠢᠡᠨ ᠡᠩᠭᠡᠵᠢᠭᠦᠯᠭᠦ ᠶᠢᠨ ᠳᠦᠯᠦᠭᠡ

ᠠᠯᠵᠢᠶᠠᠷᠠᠯ ᠥᠭᠡᠢ ᠮᠠᠨᠠᠵᠤ ᠪᠠᠢ᠌ᠨ᠎ᠠ ᠭᠡᠵᠤ ᠪᠣᠳᠤᠳᠠᠭ

ᠡᠷᠦᠭᠡ ᠶᠢᠨ ᠳᠡᠷᠭᠡᠳᠡᠭᠢ ᠴᠠᠭᠠᠨ ᠬᠤᠠᠳᠠᠷ ᠢ

ᠡᠨᠡᠷᠢᠯᠳᠤ ᠡᠵᠢ ᠶᠢᠨ ᠪᠠᠷ᠎ᠠ ᠭᠡᠵᠤ ᠪᠣᠳᠤᠳᠠᠭ

ᠡᠳᠦᠷᠵᠢᠨ ᠰᠦᠨᠢᠵᠢᠨ ᠤᠶᠡᠷᠡᠯ ᠤᠨ ᠨᠢᠳᠦᠯᠡᠭᠡᠳ

ᠡᠩᠭᠦᠷᠡᠢ ᠥᠷ᠎ᠡ ᠪᠠᠨ ᠰᠠᠨᠠᠵᠤ ᠪᠠᠢ᠌ᠨ᠎ᠠ ᠭᠡᠵᠤ ᠪᠣᠳᠤᠳᠠᠭ


2009-5-9 ᠲᠦᠩᠯᠢᠶᠤᠤ ᠬᠤᠳᠠᠨ᠎ᠠ

ᠵᠤᠬᠢᠶᠠᠭᠴᠢ᠄ ᠬᠠᠨ ᠵᠢᠷᠤᠮᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2180
ᠴᠠᠭ᠄ 2009 ᠤᠨ ᠤ 05 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁