ᠨᠡᠭᠦᠳᠡᠯ ᠰᠢᠪᠠᠭᠤᠳ ᠤᠨ ᠭᠠᠩᠭᠠᠨᠠᠭ᠎ᠠ ᠡᠡᠭ᠍ᠰᠡᠷᠡᠨ᠎ᠡ

ᠡᠷᠢᠶᠡᠨ ᠴᠤᠬᠤᠷ ᠶ‍ᠢᠷᠳᠢᠠᠴᠤ ᠳ᠋ᠤ

ᠡᠷᠭᠡᠰ ᠭᠠᠷᠠᠭ ᠢ ᠵᠡᠭᠦᠳᠤ ᠪᠠᠷ ᠴᠤᠯᠪᠣᠭᠤᠷᠳᠠᠭᠰᠠᠨ

ᠦᠵᠡᠭ᠍ᠳᠡᠭᠦ ᠦᠭᠡᠶ ᠭᠡᠷᠡᠮ ᠶᠢᠡᠷ ᠴᠤᠪᠣᠭᠠᠷᠠᠭᠰᠠᠨ

ᠥᠶᠡᠯᠡᠭᠦ ᠴᠠᠭ ᠤᠨ ᠰᠦᠨᠠᠰᠤ ᠦᠭᠡᠶ ᠨᠤᠮ

ᠭᠤᠤᠯ ᠶᠢᠡᠨ ᠬᠠᠷᠠᠭᠰᠠᠨ ᠡᠯᠢᠭᠡ ᠵᠢᠷᠦᠭᠡ ᠵᠢ

ᠭᠤᠤᠯ ᠤᠨ ᠡᠷᠭᠢ ᠰᠢᠭ᠌ ᠬᠤᠪᠢᠶᠠᠨ᠎ᠠ

ᠭᠦᠯᠦᠭ᠌ ᠤᠨ ᠨᠢᠷᠤᠭᠤᠨ ᠳᠤ ᠳᠡᠯᠡᠭᠡᠢ ᠬᠠᠷᠠᠭᠰᠠᠨ

ᠬᠤᠷᠭᠤᠯᠵᠢᠨ ᠴᠠᠭᠠᠨ ᠡᠭᠦᠯᠡᠰ ᠢ

ᠭᠦᠮᠤᠨ ᠤ ᠬᠤᠷᠸ᠎ᠠ ᠳᠤ ᠬᠤᠤᠰ ᠥᠭᠡᠢ

ᠬᠤᠷᠴᠠ ᠮᠠᠰᠠ ᠪᠠᠷ ᠬᠠᠢ᠌ᠷ᠎ᠠ ᠦᠭᠡᠶ ᠵᠦᠰᠠᠨ᠎ᠠ

ᠡᠷᠳᠡᠨᠢ ᠶᠢᠨ ᠠᠯᠳᠠᠨ ᠪᠣᠱᠤᠭ᠎ᠠ ᠪᠠᠷ ᠰᠤᠪᠣᠷᠠᠬᠤ

ᠡᠭᠦᠯᠡ ᠭᠦᠯᠦᠭᠯᠡᠭ᠍ᠰᠡᠨ ᠣᠷᠠᠨ ᠳᠠᠷᠨᠢ

ᠡᠭᠡ ᠶᠢᠨ ᠴᠠᠭᠠᠨ ᠰᠥ᠋ ᠰᠢᠭ᠌

ᠡᠷᠭᠢᠮ ᠰᠠᠨᠠᠭ᠎ᠠ ᠶᠢ ᠪᠣᠯᠠᠰᠢᠯᠠᠨ᠎ᠠ

ᠨᠤᠷᠭᠢᠬᠤ ᠴᠠᠭᠠᠨ ᠬᠤᠨ ᠤ

ᠨᠠᠭᠤᠷ ᠤᠨ ᠳᠠᠭᠤᠨ ᠳᠠᠰᠤᠷᠠᠬᠤ ᠳ᠋ᠤ

ᠨᠠᠰᠤᠨ ᠤ ᠬᠠᠪᠣᠷ ᠶᠢᠡᠨ ᠥᠭᠡᠢ᠌ᠯᠡᠭ᠍ᠰᠡᠨ

ᠨᠡᠭᠦᠳᠡᠯ ᠰᠢᠪᠠᠭᠤᠳ ᠤᠨ ᠭᠠᠩᠭᠠᠨᠠᠭ᠎ᠠ ᠡᠡᠭ᠍ᠰᠡᠷᠡᠨ᠎ᠡ

ᠳᠡᠭ᠍ᠷᠢ ᠶᠢᠨ ᠣᠳᠤᠳ ᠨᠠᠭᠤᠷ ᠲᠤ ᠪᠠᠯᠠᠷᠠᠬᠤ ᠳ᠋ᠤ

ᠳᠡᠷᠭᠡᠯ ᠰᠠᠷᠠᠨ ᠵᠢᠰᠤ ᠪᠠᠨ ᠠᠯᠳᠠᠨ᠎ᠠ

ᠭᠦᠭᠡᠷᠡᠭᠦ ᠳᠠᠯ᠎ᠠ ᠰᠦᠨᠠᠰᠤ ᠪᠠᠨ ᠭᠡᠭᠡᠭᠦ ᠳ᠋ᠤ

ᠭᠦᠭᠡ ᠳᠡᠭ᠍ᠷᠢ ᠶᠢᠨ ᠵᠢᠷᠦᠭᠡ ᠰᠢᠮᠰᠢᠷᠠᠨ᠎ᠠ

ᠵᠡᠷᠭᠡᠯᠭᠡᠨ ᠵᠠᠢ᠌ᠳᠠᠯᠠᠭᠰᠠᠨ ᠵᠡᠭᠦᠳᠤ ᠮᠠᠨᠠᠭᠰᠠᠨ

ᠡᠷᠭᠢ ᠬᠠᠷᠠᠭᠰᠠᠨ ᠳᠤᠭ ᠢ ᠮᠥᠩᠭᠡ ᠶᠢᠨ ᠰᠢᠭ᠌ ᠪᠣᠳᠤᠵᠤ

ᠵᠢᠷᠪᠢᠯᠵᠠᠨ ᠤᠳᠬᠤ ᠡᠳᠦᠷ ᠤᠨ ᠨᠠᠷᠠ ᠵᠢ

ᠵᠢᠷᠦᠭᠡᠨ ᠳᠤ ᠭᠢᠯᠠᠯᠵᠠᠭᠰᠠᠨ ᠣᠳᠤᠨ ᠰᠢᠭ ᠰᠢᠳᠦᠭ᠍ᠰᠡᠭᠡᠷ

ᠠᠩᠭᠢ ᠦᠭᠡᠶ ᠳᠠᠮᠠᠴᠠᠯ ᠳᠤ ᠦᠷᠡᠭ᠍ᠳᠡᠵᠤ

ᠠᠯᠠᠭ ᠬᠤᠷᠸ᠎ᠠ ᠶᠢᠨ ᠳᠤᠭᠤᠰᠤᠨ ᠳᠤ ᠳᠠᠷᠤᠭᠳᠠᠨ᠎ᠠ

ᠡᠪ ᠤᠨ ᠳᠤᠭ ᠢ ᠮᠢᠯᠢᠶᠠᠭᠰᠠᠨ

ᠡᠶ᠎ᠡ ᠰᠤᠯᠢᠭᠠᠢ ᠭᠦᠭᠦᠭᠡᠷᠭᠡᠳᠦᠭᠦ ᠠᠶᠠᠯᠭᠤ

ᠡᠷᠭᠢ ᠪᠠᠨ ᠳᠡᠯᠡᠳᠭᠦ ᠰᠢᠷᠦᠭᠦᠨ ᠣᠷᠤᠰᠬᠠᠯ ᠰᠢᠭ

ᠡᠷᠭᠢᠭᠦ ᠳᠤᠰᠤᠮ ᠶᠢᠡᠨ ᠬᠤᠯᠠᠳᠠᠨ᠎ᠠ

ᠥᠶᠡᠯᠡᠭᠦ ᠴᠠᠭ ᠤᠨ ᠦᠷᠳᠡᠭᠡᠨ ᠳ᠋ᠤ

ᠥᠶᠡᠷᠭᠡᠵᠤ ᠶᠠᠪᠣᠭᠰᠠᠨ ᠰᠡᠳᠭᠢᠯ

ᠦᠯᠢᠶᠡᠭᠦ ᠵᠢᠪᠠᠭᠦᠨ ᠰᠠᠯᠭᠢᠨ ᠳᠤ

ᠦᠵᠠᠷᠠᠵᠤ ᠬᠠᠭᠤᠴᠢᠷᠠᠭᠰᠠᠨ ᠬᠤᠪᠴᠠᠰᠤ ᠰᠢᠭ ᠰᠠᠮᠠᠷᠠᠨ᠎ᠠ

ᠨᠠᠰᠤᠨ ᠤ ᠨᠠᠷᠠᠰᠤᠨ ᠳᠤ ᠣᠷᠭᠤᠭᠰᠠᠨ

ᠨᠠᠷᠠ ᠰᠢᠭ ᠨᠠᠠᠳᠢᠨ ᠨᠥᠭᠦᠷᠯᠡᠯ

ᠨᠠᠮᠤᠷ ᠤᠨ ᠭᠢᠷᠠᠭᠤ ᠳᠤ ᠳᠠᠷᠤᠭᠳᠠᠭᠰᠠᠨ

ᠨᠠᠪᠴᠢ ᠨᠢ ᠰᠢᠷᠠᠯᠠᠭᠰᠠᠨ ᠵᠡᠭᠦᠳᠤ ᠳᠠᠷᠠᠯᠠᠨ᠎ᠠ

ᠪᠣᠳᠤᠯ ᠰᠠᠮᠨᠠᠭᠰᠠᠨ ᠣᠷᠭᠤᠬᠤ ᠨᠠᠷᠠ

ᠪᠣᠴᠠᠬᠤ ᠰᠦᠨᠢ ᠶᠢᠨ ᠰᠡᠭᠦᠳᠡᠷ ᠬᠠᠷᠠᠬᠤ ᠳ᠋ᠤ

ᠣᠢ᠌ᠯᠠᠰ ᠬᠤᠷᠠᠢ᠌ᠯᠠᠭᠰᠠᠨ ᠠᠶᠠᠨ ᠳ᠋ᠤ

ᠥᠭᠡᠷ ᠳᠡᠷᠭᠡ ᠶᠢᠨ ᠪᠠᠷ᠎ᠠ ᠳᠠᠰᠤᠷᠠᠨ᠎ᠠ

ᠥᠳᠡᠯᠡᠭᠡᠳ ᠪᠠᠭᠤᠬᠤ ᠪᠣᠱᠤᠭᠠᠨ ᠳ᠋ᠤ

ᠦᠷ ᠢ ᠵᠠᠯᠭᠢᠭᠰᠠᠨ ᠥᠨᠡᠭᠡ ᠣᠯᠠᠰᠢᠷᠠᠨ᠎ᠠ

ᠭᠦᠮᠤᠨ ᠤ ᠠᠮᠢᠳᠤᠷᠠᠯ ᠳᠤ ᠰᠠᠭᠤᠷᠢ ᠥᠭᠡᠢ

ᠭᠦᠪᠦᠷᠡᠭᠦ ᠰᠤᠳᠠᠯ ᠤᠨ ᠣᠬᠠᠭᠠᠨ ᠶᠢᠡᠨ ᠰᠤᠪᠢᠭᠰᠠᠨ

ᠦᠨᠡᠨ ᠤ ᠮᠦᠷ ᠬᠠᠷᠠᠭᠳᠠᠬᠤ ᠥᠭᠡᠢ

ᠦᠵᠡᠭ᠍ᠳᠡᠭᠦ ᠦᠭᠡᠶ ᠭᠡᠷᠡᠮ ᠤᠨ ᠨᠤᠷᠠᠬᠤ ᠨᠢ ᠬᠠᠷᠠᠭᠳᠠᠨ᠎ᠠ

  

           2014.4.28


ᠵᠤᠬᠢᠶᠠᠭᠴᠢ ᠶᠢᠨ ᠬᠠ‍‌ᠶᠢᠭ ᠄ ᠪᠠᠶᠠᠠᠨᠠᠭᠤᠷ ᠬᠤᠳᠠ ᠶᠢᠨ ᠰᠤᠷᠭᠠᠨ ᠭᠦᠮᠦᠵᠢᠯ ᠤᠨ ᠳᠤᠪᠴᠢᠶ᠎ᠠ

ᠵᠤᠬᠢᠶᠠᠭᠴᠢ᠄ ᠭᠦᠭ᠍ᠵᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1391
ᠴᠠᠭ᠄ 2014 ᠤᠨ ᠤ 05 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁