ᠪᠦᠰᠡᠭᠦᠢ ᠭᠦᠮᠤᠨ

ᠰᠥ᠋ ᠰᠢᠩᠭᠡᠭ᠍ᠰᠡᠨ ᠪᠦᠪᠠᠢ ᠶᠢᠨ ᠣᠶᠠᠩᠭ᠋ᠠᠨ ᠡᠭᠡᠰᠢᠭ᠌

ᠰᠦᠨᠢ ᠭᠡᠷᠡᠯᠳᠦᠭᠦ ᠪᠢᠯᠢᠭ᠌ ᠤᠨ ᠳᠡᠷᠭᠡᠯ ᠰᠠᠷᠠ

ᠰᠥᠰᠦᠭ᠌ ᠶᠢᠡᠷ ᠨᠤᠴᠤᠬᠤ ᠠᠪᠣ ᠶᠢᠨ ᠮᠥᠩᠭᠦᠨ ᠵᠤᠯᠠ

ᠰᠥᠷᠦᠭ᠌ ᠤᠨ ᠳᠡᠷᠭᠡᠳᠡ ᠪᠣᠯᠵᠤᠬᠤ ᠡᠷ᠎ᠡ ᠶᠢᠨ ᠣᠩᠭ᠋ᠤᠨ ᠬᠠᠢ᠌ᠷ᠎ᠠ

ᠪᠦᠰᠡᠭᠦᠢ ᠭᠦᠮᠤᠨ ᠪᠠᠢ᠌ᠨᠠᠮ᠃

ᠡᠮᠡᠭ᠍ᠴᠢᠨ ᠪᠣᠭᠤ ᠭᠤᠸ᠎ᠠ ᠮᠠᠷᠠᠯ ᠤᠨ ᠬᠤᠪᠢᠯᠤᠯ

ᠡᠷᠡᠭ᠍ᠴᠢᠨ ᠭᠦᠭᠡ ᠪᠦᠷᠳᠡ ᠴᠢᠨ᠋ᠸ᠎ᠠ ᠶᠢᠨ ᠭᠡᠷᠭᠡᠢ

ᠡᠵᠡᠨ ᠴᠢᠩᠭᠢᠰ ᠪᠠᠭᠠᠳᠤᠷᠴᠤᠳ ᠤᠨ ᠣᠮᠤᠭᠰᠢᠯ

ᠡᠭᠡ ᠥᠭᠡᠯᠤᠨ ᠠᠷᠢᠭᠤᠨ ᠰᠠᠤᠠᠭᠢᠯᠳᠠᠨ ᠤ ᠬᠤᠷᠸ᠎ᠠ

ᠪᠦᠰᠡᠭᠦᠢ ᠭᠦᠮᠤᠨ ᠪᠠᠢ᠌ᠨᠠᠮ᠃

ᠠᠤᠠᠬᠤᠭᠰᠠᠨ ᠮᠦᠰᠤᠨ ᠤ ᠣᠬᠠᠭᠠᠨ ᠶᠢᠡᠷ

ᠠᠯᠠᠭ ᠦᠷᠡᠰ ᠶᠢᠡᠨ ᠰᠤᠷᠭᠠᠭᠰᠠᠨ

ᠠᠤᠭ᠎ᠠ ᠰᠠᠤᠠᠭᠢᠯᠳᠤ ᠠᠯᠤᠨ ᠭᠤᠸ᠎ᠠ ᠡᠭᠡ ᠶᠢᠨ

ᠠᠯᠳᠠᠷᠠᠢ ᠨᠠᠰᠤᠨ ᠤ ᠵᠠᠯᠭᠠᠮᠵᠢ

ᠪᠦᠰᠡᠭᠦᠢ ᠭᠦᠮᠤᠨ ᠪᠠᠢ᠌ᠨᠠᠮ᠃

ᠠᠭᠳᠠ ᠪᠠᠨ ᠣᠨᠤᠵᠤ ᠵᠢᠳᠠ ᠪᠠᠨ ᠡᠷᠭᠦᠨ

ᠠᠭᠤᠤ ᠲᠦᠷᠦ ᠪᠠᠨ ᠬᠠᠮᠠᠭᠠᠯᠠᠵᠤ ᠴᠢᠳᠠᠭᠰᠠᠨ ᠪᠣᠶᠤ

ᠠᠯᠳᠠᠷᠠᠭᠰᠠᠨ ᠮᠠᠯᠠᠭᠠᠢ ᠪᠠᠨ ᠠᠪᠴᠤ ᠵᠠᠪᠳᠤᠯ ᠦᠭᠡᠶ

ᠠᠯᠳᠠᠨ ᠣᠷᠤᠭ ᠶᠢᠡᠨ ᠵᠠᠯᠭᠠᠮᠵᠢᠯᠠᠵᠤ ᠴᠢᠳᠠᠭᠰᠠᠨ

ᠠᠤᠭ᠎ᠠ ᠬᠠᠳᠤᠨ ᠮᠠᠠᠳᠤᠬᠠᠢ ᠰᠠᠴᠠᠨ ᠤ

ᠠᠯᠳᠠᠷ ᠨᠠᠷ᠎ᠠ ᠶᠢᠨ ᠴᠤᠤᠷᠢᠶ᠎ᠠ

ᠪᠦᠰᠡᠭᠦᠢ ᠭᠦᠮᠤᠨ ᠪᠠᠢ᠌ᠨᠠᠮ᠃

ᠪᠣᠷᠤᠭᠠᠨ ᠤ ᠳᠠᠷᠠᠭᠠᠭᠢ ᠪᠢᠳᠡᠭᠦᠤ ᠭᠦᠰᠢᠭ᠍ᠰᠡᠨ ᠰᠤᠯᠤᠩᠭ᠋᠎ᠠ

ᠪᠣᠯᠭᠢ ᠠᠮᠢᠳᠤᠷᠠᠯ ᠤᠨ ᠪᠣᠶᠠᠨ ᠴᠠᠭᠠᠨ ᠮᠦᠰᠢᠶᠠᠯ

ᠪᠦᠷᠳᠦᠯᠵᠡᠭᠦ ᠳᠡᠦᠭᠡ ᠶᠢᠨ ᠪᠦᠳᠤᠨ ᠬᠠᠷ᠎ᠠ ᠴᠡᠴᠡᠭᠡᠢ

ᠪᠦᠷᠢᠯᠳᠦᠭᠦ ᠡᠰ ᠤᠨ ᠪᠦᠯᠢᠶᠡᠨ ᠬᠠᠯᠠᠭᠤᠨ ᠢᠯᠴᠢ

ᠪᠦᠰᠡᠭᠦᠢ ᠭᠦᠮᠤᠨ ᠪᠠᠢ᠌ᠨᠠᠮ᠃


(《ᠬᠤᠨ ᠭᠠᠯᠠᠭᠤ》 2005 ᠣᠨ ᠤ 10 ᠳ᠋ᠤᠭᠠᠷ ᠬᠤᠭᠤᠴᠠᠭ᠎ᠠ)

ᠵᠤᠬᠢᠶᠠᠭᠴᠢ᠄ ᠤᠯᠠᠭᠠᠨᠭᠡᠷᠡᠯ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 2394
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁