ᠣᠷᠭᠠᠨ ᠤ ᠡᠰᠢ ᠮᠤᠷᠣᠢ᠌ᠵᠤ ᠴᠢᠯᠠᠭᠤᠵᠢᠨ᠎ᠠ

ᠮᠤᠷᠣᠢ᠌ᠵᠤ ᠣᠷᠭᠤᠭᠰᠠᠨ ᠬᠠᠢ᠌ᠷ᠎ᠠ ᠳᠡᠭᠡᠭᠦᠷ ᠴᠢᠨᠢ

ᠪᠦᠳᠦᠷᠡᠳᠡᠯ᠎ᠡ ᠪᠠᠨ ᠭᠦᠶ‍ᠦᠭᠦ ᠳᠤ

ᠪᠠᠭᠡ ᠰᠢᠭ᠌ ᠨᠠᠷ᠎ᠠ ᠴᠢᠨᠢ

ᠮᠠᠷᠳᠠᠭᠳᠠᠬᠤ ᠦᠭᠡᠶ ᠪᠣᠯ

ᠪᠢ ᠨᠠᠷ᠎ᠠ ᠪᠠᠨ ᠮᠠᠷᠳᠠᠨ᠎ᠠ

ᠬᠤᠰᠤᠨ ᠣᠷᠭ᠎ᠠ ᠮᠢᠨᠢ᠃   

ᠮᠤᠷᠣᠢ᠌ᠵᠤ ᠴᠢᠯᠠᠭᠤᠵᠢᠭᠰᠠᠨ

ᠡᠷ᠎ᠡ ᠰᠤᠷᠤᠨ ᠬᠣᠢ᠌ᠪᠢ ᠡᠴᠠ

ᠮᠦᠯᠳᠤᠷᠠᠵᠤ ᠴᠢᠳᠠᠭ᠎ᠠ ᠦᠭᠡᠶ

ᠮᠤᠩᠭ᠋ᠤᠯ ᠮᠤᠷᠢᠳ ᠤᠨ ᠳᠦᠪᠠᠷᠭᠡᠨ

ᠮᠢᠩᠭ᠎ᠠ ᠮᠢᠩᠭ᠋ᠠᠨ ᠵᠢᠯ

ᠬᠤᠷᠳᠤ ᠪᠣᠯᠵᠤ ᠠᠰᠠᠯ᠎ᠠ

ᠮᠢᠩᠭ᠎ᠠ ᠮᠢᠩᠭ᠋ᠠᠨ ᠵᠢᠯ

ᠬᠤᠷᠳᠤᠴᠠ ᠪᠠᠨ ᠠᠯᠳᠠᠵᠤ ᠴᠤᠴᠠᠯ᠎ᠠ

ᠬᠤᠰᠤᠨ ᠣᠷᠭ᠎ᠠ ᠮᠢᠨᠢ

ᠡᠰᠢ ᠶᠢ ᠴᠢᠨᠢ

ᠲᠦᠰᠢᠵᠤ ᠮᠤᠷᠳᠠᠳᠠᠭ

ᠡᠮᠡᠭᠡᠯ ᠤᠨ ᠪᠦᠭᠦᠷᠭᠡ ᠪᠠᠨ

ᠳᠠᠪᠠᠵᠤ ᠴᠢᠳᠠᠯ ᠦᠭᠡᠶ

ᠡᠪᠦᠭᠡᠨ ᠪᠣᠯᠬᠤ ᠳᠤ

ᠭᠡᠷ ᠤᠨ ᠵᠡᠭᠦᠨ ᠬᠠᠶᠠᠭ᠎ᠠ ᠶᠢ

ᠲᠦᠰᠢᠵᠤ ᠪᠣᠰᠳᠠᠭ

ᠰᠡᠭᠦᠳᠡᠷ ᠴᠢᠨᠢ

ᠭᠡᠵᠢᠶᠡᠳᠡ ᠪᠠᠨ

ᠵᠡᠭᠦᠳᠤ ᠳᠠᠷᠤᠨ᠎ᠠ

ᠵᠢᠷᠦᠭᠡ ᠳᠠᠷᠤᠨ᠎ᠠ

ᠬᠤᠰᠤᠨ ᠣᠷᠭ᠎ᠠ ᠮᠢᠨᠢ᠃

  

           91 . 2 . 8


ᠵᠤᠬᠢᠶᠠᠭᠴᠢ ᠶᠢᠨ ᠬᠠ‍‌ᠶᠢᠭ ᠄ ᠣᠷᠳᠤᠰ ᠤᠨ ᠬᠠᠩᠭᠢᠨ ᠬᠤᠰᠢᠭᠤᠨ  ᠶᠡᠭᠡᠡᠦᠰᠤ ᠰᠤᠮᠤ

ᠵᠤᠬᠢᠶᠠᠭᠴᠢ᠄ ᠷ·ᠨᠡᠷᠡᠨᠳᠡᠭᠦᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1178
ᠴᠠᠭ᠄ 2012 ᠤᠨ ᠤ 05 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁