ᠬᠤᠩᠭ᠋ᠤᠷ ᠲᠠᠭᠠᠨ ᠭᠡᠯᠡᠭᠦ ᠥᠭᠡ
— ᠷᠢᠠᠴᠢᠠᠼᠤᠤ ᠳᠤ ᠵᠤᠷᠢᠭᠤᠯᠪᠠᠢ

ᠠᠷᠪᠠᠨ ᠨᠢ᠋ᠮᠠᠨ ᠨᠠᠰᠤᠳᠠᠢ ᠴᠢᠮ᠎ᠠ ᠳᠠᠭᠠᠨ

ᠠᠮᠠᠷᠠᠭ ᠤᠨ ᠬᠠᠷᠠᠴᠠ ᠱᠠᠩᠨᠠᠶ᠎ᠠ ᠭᠡᠵᠤ

ᠠᠤᠠᠬᠤᠨ ᠴᠢᠨᠡᠭᠡᠨ ᠣᠯᠠᠭᠠᠨ ᠵᠢᠷᠦᠭᠡ ᠪᠠᠨ ᠴᠤ

ᠠᠯᠠᠭᠠᠨ ᠳᠡᠭᠡᠷ᠎ᠡ ᠴᠢᠨᠢ ᠪᠠᠯᠡᠭ᠌ ᠪᠣᠯᠭᠠᠨ ᠡᠷᠭᠦᠶ᠎ᠡ︕

ᠣᠷᠠᠨ ᠰᠠᠢ᠌ᠬᠠᠨ ᠣᠢ᠌ᠯᠠ ᠪᠠᠷ ᠶᠢᠡᠨ

ᠠᠭᠤᠯᠠ ᠥᠡᠳᠡᠢ᠌ᠯᠭᠡᠨ ᠲᠦᠰᠢᠵᠤ

ᠣᠬᠠᠭᠠᠨ ᠰᠠᠷᠠᠭᠤᠯᠬᠠᠨ ᠦᠬᠢᠨ ᠵᠠᠩ ᠶᠢᠡᠷ ᠶᠢᠡᠨ

ᠣᠴᠢ ᠪᠠᠳᠠᠷᠠᠭᠤᠯᠤᠨ ᠭᠤᠯᠤᠮᠳᠠ ᠴᠠᠭᠢᠭᠰᠠᠨ ᠁

ᠣᠶᠠᠬᠠᠨ ᠵᠥᠭᠡᠯᠡᠨ ᠰᠠᠤᠠᠭᠢᠯ ᠶᠢᠡᠷ ᠶᠢᠡᠨ

ᠠᠭᠤᠳᠠᠮ ᠬᠤᠷᠸ᠎ᠠ ᠶᠢ ᠣᠶᠠᠰᠬᠠᠵᠤ

ᠦᠨᠡᠨ ᠬᠠᠢ᠌ᠷ᠎ᠠ ᠶᠢᠨ ᠬᠤᠯᠪᠣᠭᠠᠰᠤ ᠭᠡᠯᠭᠢᠭᠡᠤᠨ

ᠠᠮᠢᠳᠤᠷᠠᠯ ᠤᠨ ᠥᠭᠡᠳᠡᠰᠤ ᠪᠠᠨ ᠱᠠᠭᠯᠠᠶ᠎ᠠ︕

ᠣᠴᠠᠷᠠᠭᠰᠠᠨ ᠰᠠᠢ᠌ᠬᠠᠨ ᠢᠷᠦᠭᠡᠯ ᠶᠢᠡᠷ ᠶᠢᠡᠨ

ᠣᠶᠠᠬᠠᠨ ᠽᠠᠮᠪᠣᠯᠢᠩ ᠬᠤᠷᠸ᠎ᠠ ᠳᠠᠭᠠᠨ

ᠣᠷᠴᠢᠯᠠᠩ ᠤᠨ ᠬᠠᠨᠢᠳᠠᠨ ᠤ ᠵᠢᠷᠭᠠᠯ ᠢ

ᠣᠷᠳᠤ ᠨᠠᠰᠤᠯᠠᠨ ᠣᠳᠠᠭᠠᠨ ᠵᠢᠷᠭᠠᠵᠤ ᠡᠳ᠋ᠯᠡᠶ᠎ᠡ︕

ᠵᠠᠭᠤᠨ ᠵᠠᠭᠤᠨ ᠤ ᠪᠠᠨ ᠢᠳᠡᠭᠡᠯ ᠲᠡᠶ ᠥᠭᠡ ᠪᠠᠨ

ᠵᠢᠷᠦᠭᠡᠨ ᠤ ᠪᠠᠨ ᠰᠢᠪᠠᠨᠡᠭᠡ ᠪᠠᠷ ᠰᠤᠯᠢᠯᠴᠠᠵᠤ

ᠵᠢᠮᠢᠰ ᠠᠳᠠᠯᠢ ᠠᠮᠳᠠᠳᠠᠢ ᠠᠮᠢᠳᠤᠷᠠᠯ ᠶᠢᠡᠨ

ᠵᠢᠷᠤᠭ ᠰᠢᠭ ᠵᠢᠷᠤᠵᠤ ᠪᠣᠳᠤᠭᠯᠠᠶ᠎ᠠ︕

ᠠᠮᠢᠳᠤᠷᠠᠯ ᠤᠨ ᠵᠢᠮ᠎ᠠ ᠪᠠᠷ

ᠠᠪᠣ ᠪᠣᠯᠬᠤ ᠪᠠᠨ ᠳᠤᠷᠠᠤᠠᠬᠠᠵᠤ

ᠡᠯᠢᠭᠡ ᠣᠶᠠᠷᠠᠭᠤᠨ ᠵᠠᠩ ᠶᠢᠡᠷ ᠶᠢᠡᠨ

ᠡᠵᠢ ᠰᠠᠭᠤᠬᠤ ᠶᠢ ᠴᠢᠨᠢ ᠳᠤᠷᠠᠰᠬᠠᠶ᠎ᠠ︕

ᠭᠦᠮᠤᠨ ᠣᠯᠠᠨ ᠤ ᠱᠤᠤᠭᠢᠶᠠᠨ ᠳᠤ

ᠭᠡᠷ ᠪᠦᠯᠢ ᠶᠢᠨ ᠮᠢᠨᠢ ᠡᠷᠦᠭᠡ ᠶᠢ ᠳᠠᠳᠠᠬᠤ

ᠭᠡᠷᠭᠡᠢ ᠪᠠᠨ ᠪᠣᠯᠭᠠᠨ ᠴᠢᠮ᠎ᠠ ᠲᠡᠶ ᠪᠠᠨ

ᠭᠡᠷᠡᠯᠳᠤ ᠬᠤᠷᠸ᠎ᠠ ᠶᠢᠨ ᠵᠢᠷᠭᠠᠯ ᠢ ᠡᠳ᠋ᠯᠡᠶ᠎ᠡ︕

ᠬᠤᠵᠢᠮ ᠤᠨ ᠡᠳᠦᠷ ᠤᠳ ᠲᠤ

ᠬᠤᠶᠠᠭᠤᠯᠠ ᠭᠦᠤ ᠲᠡᠶ ᠪᠣᠯᠤᠭᠠᠤᠨ

ᠬᠤᠳᠠᠯ ᠦᠨᠡᠨ ᠶᠢᠡᠨ ᠰᠢᠪᠠᠨᠠᠯᠴᠠᠵᠤ

ᠬᠤᠷᠸ᠎ᠠ ᠶᠢᠨ ᠵᠠᠢ ᠶᠢ ᠡᠯᠡᠭᠡᠶ᠎ᠡ︕

ᠮᠥᠩᠭᠦᠨ ᠪᠣᠭᠤᠷᠤᠯ ᠬᠤᠷᠸ᠎ᠠ ᠳᠤ

ᠣᠩᠭ᠋ᠤᠨ ᠬᠠᠢ᠌ᠷ᠎ᠠ ᠶᠢᠨ ᠲᠦᠷᠦᠳᠠᠰᠤ

ᠮᠥᠩᠭᠡ ᠶᠢᠨ ᠮᠦᠰᠤ ᠪᠠᠨ ᠬᠠᠢ᠌ᠷᠠᠯᠠᠵᠤ

ᠣᠳᠤᠨ ᠡᠴᠡ ᠴᠤ ᠭᠡᠷᠡᠯᠳᠡᠢ ᠶᠠᠪᠣᠭᠤᠯᠤᠶ᠎ᠠ︕

ᠳᠡᠷᠳᠡᠭᠡ ᠬᠤᠯᠠ ᠶᠢᠨ ᠪᠣᠳᠤᠯ ᠲᠡᠶ ᠦᠷ᠎ᠡ ᠳᠡᠭᠡᠨ

ᠳᠡᠭ᠍ᠷᠢ ᠰᠢᠳᠦᠭ᠍ᠰᠡᠨ ᠣᠬᠠᠭᠠᠨ ᠲᠡᠶ

ᠳᠡᠭᠡᠳᠦᠰ ᠤᠨ ᠶᠢᠡᠨ ᠪᠣᠯᠪᠠᠰᠤᠨ ᠠᠷᠠᠠᠰᠢᠨ ᠢ

ᠳᠤᠮᠤᠭ᠎ᠠ ᠣᠷᠤᠬᠤ ᠡᠴᠡ ᠨᠢ ᠰᠥᠵᠦᠭᠯᠡᠭᠦᠯᠦᠶ᠎ᠡ︕

ᠵᠤᠬᠢᠶᠠᠭᠴᠢ᠄ ᠯᠦ᠋᠊·ᠴᠠᠷᠠᠩᠳᠤᠷᠵᠢ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3631
ᠴᠠᠭ᠄ 2007 ᠤᠨ ᠤ 04 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁