ᠰᠠᠷ᠎ᠠ ᠪᠦᠷᠢ ᠶᠢᠨ ᠠᠷᠪᠠᠨ ᠳ᠋ᠤ

ᠰᠠᠷ᠎ᠠ ᠪᠦᠷᠢ ᠶᠢᠨ ᠠᠷᠪᠠᠨ ᠳᠤ ᠴᠠᠯᠢᠩ ᠶᠢᠡᠨ ᠪᠢᠳᠠ ᠠᠪᠣᠨ᠎ᠠ

ᠰᠠᠨᠠᠭ᠎ᠠ ᠰᠡᠳᠭᠢᠯ ᠭᠦᠪᠭᠢᠵᠤ ᠳᠤᠭᠤᠢ ᠳᠠᠭᠠᠨ ᠪᠠᠶᠠᠷᠳᠠᠢ ᠮᠤᠷᠳᠠᠨ᠎ᠠ


ᠠᠯᠪᠠᠨ ᠪᠠᠢ᠌ᠭᠤᠯᠭ᠎ᠠ ᠶᠢᠨ ᠬᠠ‍‌ᠶᠢᠭ ᠨᠢᠭᠡᠳᠡᠢ

ᠠᠬ᠎ᠠ ᠳᠡᠭᠦᠤ ᠬᠠᠷᠢᠴᠠᠭ᠎ᠠ ᠭᠡᠳ ᠬᠠᠶᠠᠯᠠᠳᠠᠭ ᠭᠡᠳᠦᠭᠦᠯᠡ ᠨᠢ

ᠠᠳᠬᠤᠭᠰᠠᠨ ᠴᠠᠯᠢᠩ ᠤᠨ ᠶᠢᠡᠨ ᠰᠠᠯᠠᠩ ᠢ ᠨᠢᠲᠡᠷᠡᠭᠡᠳ

ᠠᠴᠤᠭ ᠨᠢ ᠣᠨᠠᠭᠰᠠᠨ ᠮᠤᠩᠭ᠋ᠤᠯ ᠭᠤᠸᠠᠩᠵᠠ ᠶᠢ ᠲᠡᠳᠬᠦᠨ᠎ᠡ


[ᠲ᠋ᠤᠰ ᠰᠠᠷ᠎ᠠ ᠶᠢᠨ ᠰᠠᠭᠤᠯᠭᠠᠭᠰᠠᠨ ᠶᠠᠭᠤᠮ᠎ᠠ ᠳᠠᠩᠴᠤ

ᠳᠤᠰᠤ᠂ ᠮᠢᠬ᠎ᠠ᠂ ᠵᠢᠭᠠᠰᠤ᠂ ᠠᠯᠢᠮ᠎ᠠ ᠁ ]

ᠳᠤᠭᠤᠵᠤ ᠶᠠᠳᠠᠭᠰᠠᠨ ᠭᠡᠯᠡᠭᠡᠢ ᠥᠭᠡ ᠨᠤᠭᠦᠳ ᠴᠢᠯᠦᠭᠡ ᠪᠠᠷ ᠨᠢ

ᠳᠠᠮᠤᠷ ᠣᠨᠢᠰᠤ ᠲᠡᠶ ᠨᠢᠷᠪᠠ ᠶᠢᠨ ᠭᠡᠷ ᠢ ᠳᠦᠩᠭᠢᠨᠡᠭᠦᠯᠡᠨ᠎ᠡ


ᠰᠠᠷ᠎ᠠ ᠰᠠᠷ᠎ᠠ ᠳᠠᠭᠠᠨ ᠣᠰᠤᠯᠳᠤᠯ ᠥᠭᠡᠢ

ᠰᠠᠪᠠ ᠶᠢ ᠮᠢᠨᠢ ᠳᠦᠭᠦᠷᠡᠭᠡᠭᠡᠳ ᠴᠠᠯᠢᠩ ᠮᠢᠨᠢ ᠢᠷᠠᠨ᠎ᠡ

ᠦᠪᠡᠷ ᠤᠨ ᠭᠦᠳᠡᠯᠮᠦᠷᠢ ᠶᠢᠨ ᠦᠷ᠎ᠡ ᠰᠢᠤ ᠳ᠋ᠡ

ᠦᠨᠡᠠᠴᠢ ᠴᠠᠷᠮᠠᠢ᠌ᠯᠭ᠎ᠠ ᠶᠢᠨ ᠳ᠋ᠦ᠋ᠩ ᠰᠢᠤ ᠳ᠋ᠡ


ᠰᠠᠷ᠎ᠠ ᠪᠦᠷᠢ ᠶᠢᠨ ᠠᠷᠪᠠᠨ ᠳᠤ ᠴᠠᠯᠢᠩ ᠶᠢᠡᠨ ᠪᠢᠳᠠ ᠠᠪᠣᠨ᠎ᠠ

ᠰᠠᠨᠠᠭ᠎ᠠ ᠰᠡᠳᠭᠢᠯ ᠭᠦᠪᠭᠢᠵᠤ ᠳᠤᠭᠤᠢ ᠳᠠᠭᠠᠨ ᠪᠠᠶᠠᠷᠳᠠᠢ ᠮᠤᠷᠳᠠᠨ᠎ᠠ


ᠵᠤᠬᠢᠶᠠᠭᠴᠢ ᠶᠢᠨ ᠬᠠ‍‌ᠶᠢᠭ ᠄ ᠭᠡᠰᠢᠭ᠍ᠳᠡᠨ ᠬᠤᠰᠢᠭᠤᠨ ᠤ ᠦᠨᠳᠦᠰᠦᠳᠠᠨ ᠤ ᠵᠦᠪᠯᠠᠯ

ᠵᠤᠬᠢᠶᠠᠭᠴᠢ᠄ ᠪᠣ·ᠦᠯᠵᠡᠢ᠌ᠳᠤ
ᠬᠠᠷᠢᠶ᠎ᠠ᠄ ᠰᠢᠯᠦᠭ
ᠳᠠᠷᠤᠮ᠄ 1800
ᠴᠠᠭ᠄ 2011 ᠤᠨ ᠤ 01 ᠰᠠᠷ᠎ᠠ ᠶᠢᠨ 09