ᠶ‍ᠢᠰᠦᠳᠦᠭᠡᠷ ᠣᠨ ᠤ ᠳᠡᠦᠭᠡᠨ ᠭᠢᠴᠢᠶᠠᠯ ᠤᠨ ᠶᠡᠷᠦᠩᠭᠡᠢ ᠳᠠᠪᠳᠠᠯᠭ᠎ᠠ ᠶᠢ ᠠᠮᠵᠢᠯᠳᠠ ᠲᠡᠶ ᠵᠢᠯᠤᠭᠤᠳᠬᠤ ᠳᠤᠬᠠᠢ ᠮᠦᠴᠢᠳ ᠵᠥᠪᠯᠡᠯᠭᠡ

ᠮᠠᠨ ᠤ ᠰᠤᠷᠭᠠᠭᠤᠯᠢ ᠶᠢᠨ ᠳᠡᠦᠭᠡᠨ ᠭᠢᠴᠢᠶᠠᠯ ᠶᠡᠷᠦᠳᠡᠭᠡᠨ ᠶ‍ᠢᠰᠦᠳᠦᠭᠡᠷ ᠣᠨ ᠤ ᠳᠤᠤᠷ᠎ᠠ ᠬᠤᠭᠤᠴᠠᠭ᠎ᠠ ᠡᠭᠢᠯᠡᠭ᠍ᠰᠡᠭ᠍ᠡᠷ ᠳᠠᠷᠤᠢ ᠶᠠᠷᠤᠩᠭᠢ᠌ ᠳᠠᠪᠳᠠᠯᠭ᠎ᠠ ᠪᠠᠨ ᠡᠭᠢᠯᠡᠭᠦᠯᠳᠡᠭ᠌᠃ ᠶᠠᠮᠠᠷᠪᠠ ᠨᠢᠭᠡ ᠭᠢᠴᠢᠶᠠᠯ ᠳᠦᠷᠤᠯ ᠴᠤ ᠭᠡᠰᠡᠨ ᠶᠠᠷᠤᠩᠭᠢ᠌ ᠳᠠᠪᠳᠠᠯᠭ᠎ᠠ ᠶᠢ ᠵᠥᠪᠭᠡᠨ ᠳᠦᠭᠦᠮ ᠳᠦᠲᠡ ᠮᠡᠳᠡᠯᠭᠡ ᠶᠢᠨ ᠴᠡᠭ᠌ ᠤᠨ ᠳᠠᠭᠢᠨ ᠢᠯᠡᠷᠡᠭᠦᠯᠦᠯᠳᠡ ᠭᠡᠵᠤ ᠣᠢ᠌ᠯᠭᠠᠬᠤ ᠪᠣᠶᠤ ᠢᠩᠭᠢᠵᠤ ᠭᠢᠭᠦ ᠳᠤ ᠭᠦᠷᠪᠠᠯ ᠡᠴᠦᠰ ᠲᠡᠭᠡᠨ ᠰᠤᠷᠤᠭᠴᠢ ᠶᠢᠨ ᠴᠠᠭ ᠢ ᠳᠠᠯᠠᠭᠠᠷᠳᠠᠭᠤᠯᠵᠤ᠂ ᠰᠢᠯᠭᠠᠯᠳᠠ ᠶᠢᠨ ᠭᠢᠷᠢ ᠪᠦᠳᠦᠮᠵᠢ ᠶᠢ ᠨᠥᠯᠦᠭᠡᠯᠡᠵᠤ᠂ ᠵᠢᠭᠠᠨ ᠰᠤᠷᠭᠠᠬᠤ ᠦᠷ᠎ᠡ ᠪᠦᠳᠦᠮᠵᠢ ᠶᠢ ᠶᠡᠭᠡ ᠪᠠᠷ ᠳᠤᠷᠤᠭᠰᠢᠯᠠᠭᠤᠯᠳᠠᠭ᠃ ᠡᠢ᠌ᠢᠮᠤ ᠡᠴᠡ ᠪᠢᠳᠠ ᠶ‍ᠢᠰᠦᠳᠦᠭᠡᠷ ᠣᠨ ᠤ ᠶᠠᠷᠤᠩᠭᠢ᠌ ᠳᠠᠪᠳᠠᠯᠭ᠎ᠠ ᠶᠢ ᠰᠢᠡᠵᠢᠯᠡᠭᠦ ᠣᠬᠠᠭᠠᠠᠴᠢ ᠪᠠᠷ ᠡᠮᠭᠢᠯᠡᠨ ᠵᠢᠯᠤᠭᠤᠳᠴᠤ ᠴᠢᠨᠠᠷ ᠴᠢᠠᠰᠠᠭ᠎ᠠ ᠶᠢ᠌ ᠦᠨᠡᠩᠬᠦ ᠳᠡᠭᠡᠭ᠍ᠰᠢᠯᠡᠭᠦᠯᠭᠦ ᠭᠡᠷᠡᠭ᠍ᠳᠡᠢ᠃ ᠳᠡᠭᠡᠪᠠᠯ ᠭᠡᠷᠭᠢᠨ ᠭᠢᠪᠠᠯ ᠰᠠ‍‌ᠶᠢ ᠭᠢᠵᠠᠭᠠᠷ ᠲᠡᠶ ᠬᠤᠭᠤᠴᠠᠭᠠᠨ ᠳᠤ ᠭᠤᠷᠪᠠᠨ ᠵᠢᠯ ᠤᠨ ᠰᠤᠷᠤᠭᠰᠠᠨ ᠳᠡᠦᠭᠡᠨ ᠮᠡᠳᠡᠯᠭᠡ ᠶᠢᠨ ᠶᠠᠷᠤᠩᠭᠢ᠌ ᠳᠠᠪᠳᠠᠯᠭ᠎ᠠ ᠶᠢ ᠠᠮᠵᠢᠯᠳᠠ ᠲᠡᠶ ᠪᠠᠶᠡᠯᠡᠭᠦᠯᠵᠤ ᠳᠡᠢ᠌ᠯᠭᠦ ᠪᠣᠢ ︖ ᠣᠷᠴᠢᠮ ᠤᠨ ᠵᠢᠯ ᠤᠨ ᠳᠤᠮᠳᠠᠳᠤ ᠰᠢᠯᠭᠠᠯᠳᠠ ᠶᠢᠨ ᠰᠠᠳᠤᠪ ᠵᠢᠴᠢ ᠳᠤᠷᠰᠢᠯᠭ᠎ᠠ ᠪᠠᠨ ᠦᠨᠳᠦᠰᠦᠯᠠᠨ ᠶᠠᠷᠤᠩᠭᠢ᠌ ᠳᠠᠪᠳᠠᠯᠭ᠎ᠠ ᠶᠢ ᠭᠡᠷᠭᠢᠨ ᠠᠮᠵᠢᠯᠳᠠ ᠲᠡᠶ ᠵᠢᠯᠤᠭᠤᠤᠬᠤ ᠳᠤᠬᠠᠢ ᠳᠠᠷᠠᠭᠠᠭᠢ ᠭᠡᠳᠤᠨ ᠳᠠᠯ᠎ᠠ ᠪᠠᠷ ᠮᠦᠴᠢᠳ ᠵᠥᠪᠯᠡᠯᠭᠡ ᠪᠡᠯᠡᠳᠭᠡᠯ᠎ᠡ᠃

ᠨᠢᠭᠡ᠂ ᠭᠢᠴᠢᠶᠠᠯ ᠤᠨ ᠨᠤᠮ ᠤᠨ ᠠᠭᠤᠯᠭ᠎ᠠ ᠶᠢ ᠭᠤᠤᠯᠳᠠᠯᠭ᠎ᠠ ᠲᠡᠶ ᠪᠠᠷ ᠣᠩᠰᠢᠭᠤᠯᠤᠨ ᠴᠡᠭᠡᠵᠢᠯᠡᠭᠦᠯᠭᠦ ᠶᠢ ᠳᠡᠷᠢᠭᠦᠨ ᠴᠢᠬᠤᠯᠠ ᠪᠠᠢ᠌ᠷᠢ ᠳᠤ ᠳᠠᠯᠪᠢᠬᠤ ᠭᠡᠷᠡᠭ᠍ᠳᠡᠢ᠃

ᠳᠡᠦᠭᠡ ᠶᠢᠨ ᠨᠤᠮ ᠶᠢᠡᠨ ᠨᠢᠪᠰᠢᠷᠠᠳᠠᠯ᠎ᠠ ᠣᠩᠰᠢᠬᠤ᠂ ᠨᠤᠮ ᠤᠨ ᠠᠭᠤᠯᠭ᠎ᠠ ᠶᠢ ᠣᠢ᠌ᠯᠠᠭᠠᠭᠤᠯᠬᠤ ᠪᠣᠯ ᠳᠡᠦᠭᠡ ᠶᠢᠨ ᠭᠢᠴᠢᠶᠠᠯ ᠤᠨ ᠶᠠᠷᠤᠩᠭᠢ᠌ ᠳᠠᠪᠳᠠᠯᠭ᠎ᠠ ᠶᠢᠨ ᠠᠮᠵᠢᠯᠳᠠ ᠣᠯᠬᠤ ᠶᠢᠨ ᠣᠷᠢᠳᠠᠯ ᠰᠠᠭᠤᠷᠢ ᠮᠦᠨ᠃ ᠡᠢ᠌ᠢᠮᠤ ᠡᠴᠡ ᠪᠢ ᠶᠡᠷᠦᠳᠡᠭᠡᠨ ᠰᠤᠷᠤᠭᠴᠢᠳ ᠢ ᠭᠢᠴᠢᠶᠠᠯ ᠤᠨ ᠨᠤᠮ ᠢ ᠠᠳᠠᠭ ᠲᠠᠭᠠᠨ ᠭᠤᠷᠪᠠ ᠣᠳᠠᠭ᠎ᠠ ᠣᠩᠰᠢᠭᠤᠯᠤᠨ ᠭᠤᠷᠪᠠ ᠣᠳᠠᠭ᠎ᠠ ᠴᠡᠭᠡᠵᠢᠯᠡᠭᠦᠯᠭᠦ ᠶᠢ ᠴᠢᠩᠭ᠋᠎ᠠ ᠱᠠᠭᠠᠷᠳᠠᠳᠠᠭ᠃ ᠨᠢᠭᠡᠳᠦᠭᠡᠷ ᠣᠳᠠᠭᠠᠨ ᠤ ᠣᠩᠰᠢᠯᠭ᠎ᠠ ᠳᠤ ᠨᠤᠮ ᠳᠤ ᠵᠢᠭᠰᠠᠭᠠᠭᠰᠠᠨ ᠠᠭᠤᠯᠭ᠎ᠠ ᠶᠢ ᠥᠡᠴᠦᠭ᠌ ᠪᠣᠯᠤᠩ ᠦᠭᠡᠶ ᠳᠠᠷᠤᠨ ᠣᠩᠰᠢᠵᠤ᠂ ᠮᠡᠳᠡᠯᠭᠡ ᠶᠢᠨ ᠴᠡᠭ᠌ ᠳᠠᠷᠤᠢ ᠳᠡᠦᠭᠡᠨ ᠭᠡᠷᠡᠭ᠌ ᠤᠨ ᠴᠠᠭ᠂ ᠡᠭᠢᠯᠡᠯᠳᠡ᠂ ᠥᠩᠭᠡᠷᠡᠯᠳᠡ᠂ ᠠᠴᠢ ᠬᠤᠯᠪᠣᠭᠳᠠᠯ ᠵᠡᠷᠭᠡ ᠶᠠᠪᠣᠴᠠ ᠪᠠᠷ ᠭᠢᠴᠢᠶᠠᠯ ᠤᠨ ᠠᠭᠤᠯᠭ᠎ᠠ ᠶᠢᠨ ᠠᠷᠤ ᠪᠠᠷ ᠵᠢᠷᠤᠵᠤ ᠳᠡᠮᠳᠡᠭᠯᠡᠭᠦ ᠪᠠ ᠠᠩᠬ᠎ᠠ ᠠᠯᠬᠤᠮ ᠴᠡᠭᠡᠵᠢᠯᠡᠭᠦ ᠶᠠᠪᠣᠴᠠ ᠮᠦᠨ᠃ ᠬᠤᠶᠠᠳᠤᠭᠠᠷ ᠣᠳᠠᠭᠠᠨ ᠤ ᠣᠩᠰᠢᠯᠭ᠎ᠠ ᠳᠤ ᠭᠤᠤᠯᠳᠠᠯᠭ᠎ᠠ ᠲᠡᠶ ᠳᠡᠦᠭᠡᠨ ᠭᠡᠷᠡᠭ᠌ ᠤᠨ ᠬᠤᠯᠪᠣᠭᠳᠠᠯ ᠪᠦᠭᠦᠢ ᠮᠡᠳᠡᠯᠭᠡ ᠶᠢᠨ ᠴᠡᠭ᠌ ᠢ ᠳᠠᠭᠢᠨ ᠪᠠᠳᠤᠳᠬᠠᠵᠤ ᠴᠡᠭᠡᠵᠢᠯᠡᠭᠦ ᠶᠠᠪᠣᠴᠠ ᠮᠦᠨ᠃ ᠭᠤᠷᠪᠠᠳᠤᠭᠠᠷ ᠣᠳᠠᠭᠠᠨ ᠤ ᠣᠩᠰᠢᠯᠭ᠎ᠠ ᠪᠠᠷ ᠳᠠᠮᠵᠢᠨ ᠳᠡᠦᠭᠡᠨ ᠮᠡᠳᠡᠯᠭᠡ ᠶᠢᠨ ᠭᠦᠡᠳᠡᠯᠡᠨ ᠭᠤᠤᠯᠳᠤ ᠬᠤᠯᠪᠣᠭ᠎ᠠ ᠶᠢ ᠭᠡᠯᠭᠢᠨ ᠪᠠᠳᠤᠳᠬᠠᠵᠤ᠂ ᠮᠠᠳᠠᠭ ᠲᠡᠶ ᠠᠰᠠᠭᠤᠳᠠᠯ ᠶᠢᠡᠨ ᠰᠢ᠌ᠳᠪᠦᠷᠢᠯᠡᠭᠦ ᠶᠠᠪᠣᠴᠠ ᠮᠦᠨ᠃ ᠴᠡᠭᠡᠵᠢᠯᠡᠭᠦ ᠶᠠᠪᠣᠴᠠ ᠳᠤ ᠨᠢᠭᠡᠳᠦᠭᠡᠷ ᠤᠳᠠᠭ᠎ᠠ ᠮᠡᠳᠡᠯᠭᠡ ᠶᠢᠨ ᠴᠡᠭ᠌ ᠶᠢᠡᠨ ᠳᠡᠭᠦᠵᠤ ᠴᠡᠭᠡᠵᠢᠯᠡᠨ᠂ ᠬᠤᠶᠠᠳᠤᠭᠠᠷ ᠣᠳᠠᠭ᠎ᠠ ᠭᠤᠤᠯᠳᠠᠯᠭ᠎ᠠ ᠲᠡᠶ ᠮᠡᠳᠡᠯᠭᠡ ᠪᠠᠨ ᠰᠤᠩᠭ᠋ᠤᠨ ᠴᠡᠭᠡᠵᠢᠯᠡᠵᠤ᠂ ᠭᠤᠷᠪᠠᠳᠤᠭᠠᠷ ᠣᠳᠠᠭ᠎ᠠ ᠳᠡᠦᠭᠡᠨ ᠭᠡᠷᠡᠭ᠌ ᠤᠨ ᠬᠤᠭᠤᠷᠤᠠᠳᠤᠭᠢ ᠬᠠᠷᠢᠴᠠᠭ᠎ᠠ ᠬᠤᠯᠪᠣᠭ᠎ᠠ ᠶᠢ ᠠᠳᠠᠯᠢᠳᠬᠠᠨ᠂ ᠵᠡᠷᠭᠡᠴᠡᠭᠦᠯᠤᠨ᠂ ᠭᠦᠰᠦᠨᠦᠭ᠍ᠴᠢᠯᠡᠨ ᠵᠢᠭᠰᠠᠭᠠᠬᠤ ᠵᠡᠷᠭᠡ ᠭᠡᠯᠪᠠᠷᠢ ᠪᠠᠷ ᠴᠡᠭᠡᠵᠢᠯᠡᠭᠦ ᠳᠤᠮᠳᠠ ᠨᠢᠭᠡᠨᠲᠡ ᠮᠡᠳᠡᠭ᠍ᠰᠡᠨ ᠮᠡᠳᠡᠯᠭᠡ ᠪᠠᠨ ᠭᠡᠷᠡᠭᠯᠡᠵᠤ ᠪᠣᠳᠠᠳᠠᠢ ᠠᠰᠠᠭᠤᠳᠠᠯ ᠢ ᠰᠢ᠌ᠳᠪᠦᠷᠢᠯᠡᠭᠦ ᠴᠢᠳᠠᠪᠣᠷᠢ ᠪᠠᠨ ᠳᠡᠭᠡᠭ᠍ᠰᠢᠯᠡᠭᠦᠯᠭᠦ ᠱᠠᠳᠤ ᠪᠣᠯᠤᠨ᠎ᠠ᠃ ᠡᠢ᠌ᠢᠮᠤ ᠡᠴᠡ ᠶᠠᠷᠤᠩᠭᠢ᠌ ᠳᠠᠪᠳᠠᠯᠭ᠎ᠠ ᠶᠢᠨ ᠶᠠᠪᠣᠴᠠ ᠳᠤ ᠭᠢᠴᠢᠶᠠᠯ ᠤᠨ ᠨᠤᠮ ᠢ ᠣᠩᠰᠢᠭᠤᠯᠤᠨ ᠴᠡᠭᠡᠵᠢᠯᠡᠭᠦᠯᠭᠦ ᠨᠢ ᠳᠡᠦᠭᠡᠨ ᠮᠡᠳᠡᠯᠭᠡ ᠶᠢ ᠳᠡᠭᠦᠭᠦ᠂ ᠰᠤᠩᠭ᠋ᠤᠬᠤ᠂ ᠬᠤᠷᠢᠶᠠᠩᠭ᠋ᠣᠢ᠌ᠯᠠᠨ ᠵᠠᠳᠠᠯᠬᠤ ᠡᠴᠡ ᠪᠣᠳᠠᠳᠠᠢ ᠳᠤ ᠭᠡᠷᠡᠭᠯᠡᠨ ᠠᠰᠠᠭᠤᠳᠠᠯ ᠢ ᠰᠢ᠌ᠳᠪᠦᠷᠢᠯᠡᠭᠦ ᠳᠤ ᠭᠦᠷᠦᠭᠦᠯᠭᠦ ᠴᠢᠬᠤᠯᠠ ᠪᠠᠳᠤᠯᠭ᠎ᠠ ᠪᠣᠯᠬᠤ ᠣᠮᠳᠠᠭᠠᠢ᠌ᠯᠠᠵᠤ ᠪᠣᠯᠤᠰᠢ ᠦᠭᠡᠶ ᠠᠯᠬᠤᠮ ᠮᠦᠨ᠃ ᠭᠢᠴᠢᠶᠠᠯ ᠤᠨ ᠨᠤᠮ ᠡᠴᠡ ᠰᠠᠯᠤᠭᠰᠠᠨ ᠲ᠋ᠠᠩ ᠴᠤᠯᠭᠤᠢ ᠰᠠᠳᠤᠪ ᠤᠨ ᠪᠣᠯᠪᠠᠰᠤᠷᠠᠯ ᠪᠠ ᠮᠡᠳᠡᠯᠭᠡ ᠶᠢᠨ ᠪᠠᠳᠤᠳᠬᠠᠯᠳᠠ ᠪᠠᠢ᠌ᠵᠤ ᠳᠡᠢ᠌ᠯᠭᠦ ᠦᠭᠡᠶ ᠶᠤᠮ᠃ ᠴᠡᠭᠡᠵᠢᠯᠡᠭᠦᠯᠭᠦ ᠶᠠᠪᠣᠴᠠ ᠳᠤ ᠪᠠᠭᠰᠢ ᠡᠴᠡ ᠳᠤᠭᠢᠷᠠᠮᠵᠢᠳᠠᠢ ᠵᠢᠯᠤᠭᠤᠳᠤᠨ᠂ ᠴᠡᠭᠡᠵᠢᠯᠡᠭᠦ ᠠᠷᠭ᠎ᠠ ᠶᠢ ᠣᠯᠠᠨ ᠵᠣᠢ᠌ᠯ ᠶᠢᠡᠷ ᠳᠤᠰᠢᠶᠠᠨ᠂ ᠬᠠᠷᠢᠴᠠᠭᠤᠯᠤᠨ ᠴᠡᠭᠡᠵᠢᠯᠡᠭᠦ᠂ ᠵᠢᠭᠰᠠᠭᠠᠨ ᠴᠡᠭᠡᠵᠢᠯᠡᠭᠦ᠂ ᠰᠢᠰᠲ᠋ᠸᠮᠴᠢᠯᠠᠨ ᠴᠡᠭᠡᠵᠢᠯᠡᠭᠦ᠂ ᠣᠬᠠᠭᠠᠵᠤ ᠴᠡᠭᠡᠵᠢᠯᠡᠭᠦ ᠵᠡᠷᠭᠡ ᠪᠣᠳᠠᠳᠠᠢ ᠳᠡᠦᠭᠡᠨ ᠭᠡᠷᠡᠭ᠌ ᠤᠳ ᠲᠡᠶ ᠬᠤᠯᠪᠣᠭᠳᠠᠭᠰᠠᠨ ᠪᠣᠳᠠᠳᠠᠢ ᠠᠷᠭ᠎ᠠ ᠪᠠᠷ ᠪᠣᠯᠪᠠᠰᠤᠷᠠᠭᠤᠯᠤᠨ᠂ ᠰᠤᠷᠤᠭᠴᠢᠳ ᠤᠨ ᠣᠷ᠎ᠠ ᠳᠠᠮ ᠲᠡᠶ᠂ ᠬᠤᠷᠳᠤᠨ ᠴᠢᠨᠠᠷᠯᠢᠭ ᠴᠡᠭᠡᠵᠢᠯᠡᠭᠦ ᠴᠢᠳᠠᠪᠣᠷᠢ ᠶᠢ ᠴᠢᠷᠮᠠᠢ᠌ᠨ ᠳᠡᠭᠡᠭ᠍ᠰᠢᠯᠡᠭᠦᠯᠭᠦ ᠭᠡᠷᠡᠭ᠍ᠳᠡᠢ᠃

ᠬᠤᠶᠠᠷ᠂ ᠭᠤᠷᠪᠠᠨ ᠠᠯᠬᠤᠮ ᠤᠨ ᠳᠠᠪᠳᠠᠬᠤ ᠶᠠᠪᠣᠴᠠ ᠶᠢ ᠴᠢᠩᠭ᠋᠎ᠠ ᠨᠢᠭᠳᠠ᠂ ᠡᠮᠭᠢ ᠳᠠᠷᠠᠭ᠎ᠠ ᠲᠡᠶ ᠴᠢᠨᠠᠷᠯᠢᠭ ᠪᠠᠶᠡᠯᠡᠭᠦᠯᠭᠦ ᠨᠢ ᠰᠤᠷᠤᠭᠴᠢᠳ ᠤᠨ ᠳᠤᠮᠳᠠᠳᠤ ᠰᠢᠯᠭᠠᠯᠳᠠ ᠳᠤ ᠠᠮᠵᠢᠯᠳᠠ ᠣᠯᠬᠤ ᠶᠢᠨ ᠬᠠᠮᠤᠭ ᠤᠨ ᠦᠷ᠎ᠡ ᠠᠰᠢᠭ ᠲᠡᠶ ᠥᠩᠭᠡᠷᠡᠯᠳᠡ ᠮᠦᠨ᠃ ᠨᠢᠭᠡᠳᠦᠭᠡᠷ ᠠᠯᠬᠤᠮ ᠭᠤᠤᠯᠳᠠᠯᠭ᠎ᠠ ᠲᠡᠶ ᠮᠡᠳᠡᠯᠭᠡ ᠶᠢᠨ ᠴᠢᠭ᠌ ᠢ ᠳᠡᠭᠦᠵᠤ ᠳᠠᠪᠳᠠᠬᠤ᠃ ᠡᠨᠡᠭᠦ ᠠᠯᠬᠤᠮ ᠳᠤ ᠳᠤᠮᠳᠠᠳᠤ ᠭᠠᠳᠠᠭᠠᠳᠤ ᠶᠢᠨ ᠤᠢ᠌ᠷ᠎ᠡ ᠣᠳᠤ ᠦᠶ᠎ᠡ ᠶᠢᠨ ᠳᠡᠦᠭᠡᠨ ᠠᠭᠤᠯᠭ᠎ᠠ ᠶᠢ ᠳᠠᠢ᠌ᠨ᠂ ᠭᠡᠷ᠎ᠡ᠂ ᠭᠦᠳᠡᠯᠭᠡᠭᠡᠨ᠂ ᠭᠡᠷᠡᠭ᠌ ᠬᠤᠪᠢᠰᠤᠯ᠂ ᠬᠤᠪᠢᠰᠬᠠᠯ᠂ ᠬᠤᠷᠠᠯᠳᠤᠭᠠᠨ᠂ ᠴᠢᠬᠤᠯᠠ ᠳᠡᠦᠭᠡᠨ ᠭᠡᠷᠡᠭ᠌ ᠵᠡᠷᠭᠡ ᠭᠡᠳᠤᠨ ᠶᠡᠭᠡ ᠳᠦᠷᠤᠯ ᠳᠤ ᠬᠤᠪᠢᠶᠠᠨ ᠵᠢᠭᠠᠬᠤ ᠮᠠᠲ᠋ᠸᠷᠢᠶᠠᠯ ᠢ ᠬᠤᠷᠢᠶᠠᠩᠭ᠋ᠣᠢ᠌ᠯᠠᠨ ᠡᠮᠭᠢᠳᠭᠡᠵᠤ᠂ ᠳᠦᠷᠪᠠᠨ ᠳᠠᠪᠳᠠᠷ ᠤᠨ ᠠᠭᠤᠯᠭ᠎ᠠ ᠶᠢ ᠨᠢᠭᠡ ᠯᠠ ᠳᠠᠪᠳᠠᠷ ᠪᠣᠯᠭᠠᠨ ᠵᠢᠭᠰᠠᠭᠠᠵᠤ ᠳᠠᠪᠳᠠᠭᠰᠠᠨ ᠪᠠᠢ᠌ᠨ᠎ᠠ᠃ ᠡᠨᠡᠭᠦ ᠠᠯᠬᠤᠮ ᠳᠤ ᠦᠨᠳᠦᠰᠦᠨ ᠮᠡᠳᠡᠯᠭᠡ ᠶᠢ ᠭᠤᠤᠯᠳᠠᠯᠭ᠎ᠠ ᠲᠡᠶ᠂ ᠰᠢᠰᠲ᠋ᠸᠮ ᠲᠡᠶ᠂ ᠡᠮᠭᠢ ᠳᠠᠷᠠᠭ᠎ᠠ ᠲᠡᠶ ᠵᠤᠭᠢᠬᠤ ᠭᠡᠮᠵᠢᠶ᠎ᠡ ᠪᠠᠷ ᠦᠷᠭᠡᠳᠭᠡᠨ ᠬᠤᠯᠪᠣᠵᠤ᠂ ᠰᠠᠭᠤᠷᠢ ᠮᠡᠳᠡᠯᠭᠡ ᠶᠢ ᠯᠠᠪᠳᠠᠭᠤᠨ ᠪᠠᠳᠤᠳᠠᠢ ᠴᠡᠭᠡᠵᠢᠯᠡᠭᠦᠯᠭᠦ ᠵᠤᠷᠢᠯᠭ᠎ᠠ ᠳᠠᠭᠠᠨ ᠭᠦᠷᠭᠡᠭ᠍ᠰᠡᠨ ᠪᠠᠢ᠌ᠨ᠎ᠠ᠃ ᠡᠨᠡᠭᠦ ᠶᠠᠪᠣᠴᠠ ᠳᠤ ᠳᠡᠦᠭᠡᠨ ᠭᠡᠷᠡᠭ᠌ ᠪᠠ ᠥᠵᠡᠭ᠍ᠳᠡᠯ ᠢ ᠵᠢᠭᠰᠠᠭᠠᠵᠤ᠂ ᠭᠦᠰᠦᠨᠦᠭ᠍ᠴᠢᠯᠡᠭᠦ᠂ ᠬᠠᠷᠢᠴᠠᠭᠤᠯᠤᠨ ᠠᠳᠠᠯᠢᠳᠬᠠᠬᠤ ᠵᠡᠷᠭᠡ ᠣᠯᠠᠨ ᠵᠣᠢ᠌ᠯ ᠤᠨ ᠰᠠᠮᠪᠠᠷᠠᠯᠠᠯ ᠢ ᠭᠡᠷᠡᠭᠯᠡᠨ᠂ ᠮᠡᠳᠡᠯᠭᠡ ᠶᠢ ᠭᠤᠭᠴᠤᠭ᠎ᠠ ᠳᠤᠳᠤᠷᠬᠠᠢ ᠭᠤᠤᠯᠳᠠᠯᠭ᠎ᠠ ᠳᠤᠪᠣᠢ᠌ᠮ᠎ᠠ ᠪᠣᠯᠭᠠᠵᠤ᠂ ᠯᠤᠭᠢᠭ ᠰᠡᠳᠭᠢᠭᠦᠢ ᠶᠢᠨ ᠴᠢᠳᠠᠪᠣᠷᠢ ᠵᠢ ᠲ᠋ᠡᠭᠡᠭ᠍ᠰᠢᠯᠡᠭᠦᠯᠦᠨ᠎ᠡ᠃ ᠵᠢᠱᠢᠶᠠᠯᠠᠪᠠᠯ᠂ ᠡᠡᠩᠭ᠍ᠯᠢ᠂ ᠹᠷᠠᠠᠼᠢ᠂ ᠠᠮᠸᠷᠢᠺᠠ ᠶᠢᠨ ᠡᠷᠳᠡ ᠦᠶ᠎ᠡ ᠶᠢᠨ ᠭᠦᠷᠦᠩᠭᠡᠳᠡᠨ ᠠᠩᠭᠢ ᠶᠢᠨ ᠬᠤᠪᠢᠰᠬᠠᠯ᠂ ᠠᠮᠸᠷᠢᠺᠠ ᠶᠢᠨ ᠳᠡᠦᠭᠡᠨ ᠳᠡᠭᠡᠷᠡᠭᠢ ᠬᠤᠶᠠᠷ ᠣᠳᠠᠭᠠᠨ ᠤ ᠭᠦᠷᠦᠩᠭᠡᠳᠡᠨ ᠠᠩᠭᠢ ᠶᠢᠨ ᠬᠤᠪᠢᠰᠬᠠᠯ᠂ ᠭᠤᠷᠪᠠᠨ ᠣᠳᠠᠭᠠᠨ ᠤ ᠰᠢᠡᠵᠢᠯᠡᠭᠦ ᠮᠡᠷᠭᠡᠵᠢᠯ ᠤᠨ ᠬᠤᠪᠢᠰᠬᠠᠯ ᠵᠡᠷᠭᠡ ᠶᠢ ᠭᠦᠰᠦᠨᠦᠭ᠍ᠴᠢᠯᠡᠨ ᠬᠠᠷᠢᠴᠠᠭᠤᠯᠬᠤ ᠳᠤᠮᠳᠠ ᠦᠨᠳᠦᠰᠦᠨ ᠮᠡᠳᠡᠯᠭᠡ ᠶᠢ ᠡᠮᠭᠢ ᠳᠠᠷᠠᠭ᠎ᠠ ᠲᠡᠶ ᠪᠠᠳᠤᠳᠬᠠᠭᠰᠠᠨ ᠮᠦᠷᠳᠡᠭᠡᠨ ᠮᠡᠳᠡᠯᠭᠡ ᠶᠢ ᠬᠠᠷᠢᠴᠠᠭᠤᠯᠤᠨ ᠬᠤᠯᠪᠣᠬᠤ ᠶᠠᠪᠣᠴᠠ ᠶᠢ ᠴᠤ ᠠᠮᠵᠢᠯᠳᠠ ᠲᠡᠶ ᠪᠠᠶᠡᠯᠡᠭᠦᠯᠵᠤ ᠴᠢᠳᠠᠭᠰᠠᠨ ᠪᠠᠢ᠌ᠨ᠎ᠠ᠃ ᠳᠡᠯᠡᠭᠡᠢ ᠶᠢᠨ ᠳᠡᠦᠭᠡᠨ ᠳᠡᠭᠡᠷᠡᠭᠢ ᠬᠤᠶᠠᠷ ᠣᠳᠠᠭᠠᠨ ᠤ ᠥᠭᠡᠢ᠌ᠭᠦᠤ ᠠᠩᠭᠢ ᠶᠢᠨ ᠬᠤᠪᠢᠰᠬᠠᠯ ᠢ ᠭᠦᠰᠦᠨᠦᠭ᠍ᠴᠢᠯᠡᠨ ᠬᠠᠷᠢᠴᠠᠭᠤᠯᠬᠤ ᠶᠠᠪᠣᠴᠠ ᠳᠤ ᠣᠷᠤᠰ ᠪᠠ ᠳᠤᠮᠳᠠᠳᠤ ᠣᠯᠤᠰ ᠤᠨ ᠬᠤᠪᠢᠰᠬᠠᠯ ᠤᠨ ᠵᠠᠮ ᠪᠠ ᠨᠡᠢ᠌ᠭᠡᠮ ᠵᠢᠷᠤᠮᠳᠤ ᠪᠦᠳᠦᠭᠡᠨ ᠪᠠᠢ᠌ᠭᠤᠯᠤᠯᠳᠠ ᠶᠢᠨ ᠵᠠᠮ ᠤᠨ ᠠᠳᠠᠯᠢ ᠪᠣᠰᠤ ᠳᠠᠯ᠎ᠠ ᠶᠢ ᠳᠤᠭᠢᠳᠠᠢ ᠬᠠᠷᠢᠴᠠᠭᠤᠯᠤᠨ ᠣᠢ᠌ᠯᠭᠠᠭᠤᠯᠵᠤ᠂ ᠳᠤᠮᠳᠠᠳᠤ ᠣᠯᠤᠰ ᠤᠨ ᠡᠪ ᠬᠠᠮᠳᠤ ᠨᠠᠮ ᠤᠨ ᠰᠤᠳᠤ ᠮᠡᠷᠭᠡᠨ ᠣᠳᠤᠷᠢᠳᠤᠯᠭ᠎ᠠ ᠶᠢ ᠳᠤᠪᠣᠢ᠌ᠯᠭᠠᠭᠰᠠᠨ ᠪᠠᠢ᠌ᠨ᠎ᠠ᠃

ᠬᠤᠶᠠᠳᠤᠭᠠᠷ ᠠᠯᠬᠤᠮ ᠳᠤ᠂ ᠭᠤᠤᠯᠳᠠᠯᠭ᠎ᠠ ᠲᠡᠶ ᠮᠡᠳᠡᠯᠭᠡ ᠶᠢᠨ ᠰᠦᠷᠦᠭ᠌ ᠢ ᠳᠤᠰᠬᠠᠢ ᠰᠠᠳᠤᠪ ᠪᠣᠯᠭᠠᠨ ᠳᠦᠷᠤᠯ ᠬᠤᠪᠢᠶᠠᠨ ᠬᠤᠷᠢᠶᠠᠩᠭ᠋ᠣᠢ᠌ᠯᠠᠨ ᠵᠢᠯᠤᠭᠤᠳᠤᠨ᠎ᠠ᠃

ᠡᠨᠡᠭᠦ ᠶᠠᠪᠣᠴᠠ ᠳᠤ ᠪᠠᠭᠰᠢ ᠡᠴᠡ《ᠳᠤᠮᠳᠠᠳᠤ ᠰᠢᠯᠭᠠᠯᠳᠠ ᠶᠢᠨ ᠳᠤᠳᠤᠷᠬᠠᠢ᠌ᠯᠠᠯᠳᠠ》 ᠶ᠋ᠢ ᠭᠦᠢᠴᠡᠳ ᠰᠤᠳᠤᠯᠤᠭᠰᠠᠨ ᠰᠠᠭᠤᠷᠢᠨ ᠳᠤ ᠭᠤᠤᠯᠳᠠᠯᠭ᠎ᠠ ᠲᠡᠶ ᠳᠡᠦᠭᠡᠨ ᠭᠡᠷᠡᠭ᠌ ᠢ ᠰᠢᠰᠲ᠋ᠸᠠᠮ ᠲᠡᠶ ᠬᠤᠷᠢᠶᠠᠩᠭ᠋ᠣᠢ᠌ᠯᠠᠨ ᠡᠮᠭᠢᠯᠡᠵᠤ᠂ ᠭᠦᠡᠳᠡᠯᠡᠨ ᠭᠤᠤᠯᠳᠤ ᠬᠤᠯᠪᠣᠭ᠎ᠠ ᠶᠢ ᠳᠤᠳᠤᠷᠬᠠᠢ ᠳᠠᠢ᠌ᠯᠪᠣᠷᠢᠯᠠᠵᠤ᠂ ᠰᠤᠷᠤᠭᠴᠢᠳ ᠤᠨ ᠳᠠᠷᠢᠭᠢᠨ ᠳᠤ ᠵᠢᠭ᠍ᠳᠡ ᠳᠤᠳᠤᠷᠬᠠᠢ ᠮᠡᠳᠡᠯᠭᠡ ᠶᠢᠨ ᠰᠢᠰᠲ᠋ᠸᠮ ᠢ ᠪᠦᠷᠢᠯᠳᠦᠭᠦᠯᠦᠨ᠎ᠡ᠃ ᠵᠢᠱᠢᠶᠠᠯᠠᠪᠠᠯ᠂ ᠳᠡᠯᠡᠭᠡᠢ ᠶᠢᠨ ᠤᠢ᠌ᠷ᠎ᠡ ᠦᠶ᠎ᠡ ᠶᠢᠨ ᠳᠡᠦᠭᠡᠨ ᠳᠡᠭᠡᠷᠡᠭᠢ ᠭᠤᠤᠯ ᠪᠣᠯᠬᠤ ᠭᠦᠷᠦᠩᠭᠡᠳᠤ ᠤᠯᠦᠰ ᠤᠨ ᠭᠦᠷᠦᠩᠭᠡᠳᠤ ᠶᠤᠰᠤᠨ ᠤ ᠳᠤᠭᠳᠠᠨᠢᠭᠰᠠᠨ ᠳᠡᠦᠭᠡᠨ ᠭᠡᠷᠡᠭ᠌ ᠤᠳ ᠢ ᠬᠤᠷᠢᠶᠠᠩᠭ᠋ᠣᠢ᠌ᠯᠠᠭᠠᠤᠨ 《ᠭᠤᠷᠪᠠᠨ ᠣᠯᠤᠰ ᠤᠨ ᠭᠦᠷᠦᠩᠭᠡᠳᠡᠨ ᠠᠩᠭᠢ ᠶᠢᠨ ᠬᠤᠪᠢᠰᠬᠠᠯ᠂ ᠬᠤᠶᠠᠷ ᠣᠳᠠᠭᠠᠨ ᠤ ᠭᠦᠷᠦᠩᠭᠡᠳᠡᠨ ᠠᠩᠭᠢ ᠶᠢᠨ ᠥᠭᠡᠷᠡᠴᠢᠯᠡᠯᠳᠡ᠂ ᠨᠢᠭᠡ ᠣᠳᠠᠭᠠᠨ ᠤ ᠲᠤᠢ᠌ᠯᠪᠣᠷᠢᠳᠠᠢ ᠪᠢᠰᠢ ᠭᠦᠷᠦᠩᠭᠡᠳᠡᠨ ᠠᠩᠭᠢ ᠶᠢᠨ ᠬᠤᠪᠢᠰᠬᠠᠯ》 ᠭᠡᠵᠤ ᠬᠤᠷᠢᠶᠠᠩᠭ᠋ᠣᠢ᠌ᠯᠠᠨ ᠰᠤᠷᠤᠭᠴᠢ ᠶᠢ ᠭᠦᠳᠦᠯᠤᠨ ᠳᠡᠦᠭᠡᠳᠤ ᠠᠬᠤᠢ᠂ ᠰᠢᠵᠢᠮ᠂ ᠡᠭᠢᠯᠡᠯᠳᠡ᠂ ᠣᠳᠤᠷᠢᠳᠤᠭᠴᠢ᠂ ᠭᠤᠤᠯ ᠪᠠᠢ᠌ᠯᠳᠤᠭᠠᠨ᠂ ᠭᠤᠤᠯ ᠪᠢᠴᠢᠭ᠌ ᠮᠠᠲ᠋ᠸᠷᠢᠶᠠᠯ᠂ ᠳᠠᠭᠤᠰᠤᠯ᠂ ᠠᠴᠢ ᠬᠤᠯᠪᠣᠭᠳᠠᠯ ᠵᠡᠷᠭᠡ ᠳᠠᠯ᠎ᠠ ᠪᠠᠷ ᠵᠠᠳᠠᠯᠤᠨ ᠬᠠᠷᠢᠴᠠᠭᠤᠯᠵᠤ ᠴᠡᠭᠡᠵᠢᠯᠡᠭᠦᠯᠭᠦ ᠶᠠᠪᠣᠴᠠ ᠳᠤ ᠰᠤᠷᠤᠭᠴᠢᠳ ᠤᠨ ᠳᠠᠷᠢᠭᠢᠨ ᠳᠤᠳᠤᠷᠠᠭᠢ ᠰᠠᠯᠵᠤ ᠪᠣᠳᠠᠷᠭᠭᠰᠠᠨ ᠮᠡᠳᠡᠯᠭᠡ ᠶᠢᠨ ᠴᠢᠭ᠌ ᠤᠳ ᠢ ᠨᠡᠢ᠌ᠯᠡᠭᠦᠯᠤᠨ ᠠᠪᠴᠢᠷᠠᠵᠤ᠂ ᠨᠢᠭᠡ ᠨᠢᠭᠡ ᠮᠡᠳᠡᠯᠭᠡ ᠶᠢᠨ ᠰᠢᠰᠲ᠋ᠸᠮ ᠪᠣᠯᠭᠠᠨ ᠪᠦᠷᠢᠯᠳᠦᠭᠦᠯᠤᠨ᠂ ᠡᠮᠦᠨ᠎ᠡ ᠬᠣᠢ᠌ᠨ᠎ᠠ ᠠᠪᠣᠴᠠᠯᠳᠤᠭᠰᠠᠨ ᠮᠡᠳᠡᠯᠭᠡ ᠶᠢᠨ ᠭᠡᠯᠭᠢᠶᠡᠰᠤ ᠪᠣᠯᠭᠠᠨ ᠬᠤᠯᠪᠣᠨ᠎ᠠ᠃ ᠡᠭᠦᠨ ᠤ ᠳᠠᠭᠠᠤ ᠳᠤ ᠴᠠᠭ ᠤᠨ ᠪᠠᠢ᠌ᠳᠠᠯ ᠬᠠᠯᠠᠮ ᠴᠢᠭ᠌ ᠤᠨ ᠠᠰᠠᠭᠤᠳᠠᠯ ᠤᠳ ᠢ ᠬᠤᠯᠪᠣᠭᠳᠠᠬᠤ ᠳᠤᠰᠬᠠᠢ ᠰᠠᠳᠤᠪ ᠲᠡᠶ ᠬᠠᠷᠠᠭᠠᠯᠵᠠᠭᠤᠯᠤᠨ ᠵᠢᠭᠰᠠᠭᠠᠵᠤ᠂ ᠰᠤᠷᠤᠭᠴᠢᠳ ᠤᠨ ᠰᠤᠷᠤᠭᠰᠠᠨ ᠮᠡᠳᠡᠯᠭᠡ ᠶᠢ ᠳᠤᠳᠠᠭᠤ ᠶᠢ ᠨᠢ ᠨᠥᠭᠦᠵᠤ᠂ ᠪᠠᠯᠠᠷᠬᠠᠢ ᠶᠢ ᠨᠢ ᠳᠤᠳᠤᠷᠬᠠᠢ ᠪᠣᠯᠠᠭᠠᠨ᠂ ᠪᠣᠷᠤᠭᠠᠤᠳᠠᠭᠰᠠᠨ ᠢ ᠨᠢ ᠵᠠᠯᠠᠷᠠᠭᠤᠯᠬᠤ ᠵᠡᠷᠭᠡ ᠳᠠᠯ᠎ᠠ ᠶᠢ ᠬᠠᠮᠤᠷᠴᠤ ᠳᠡᠢ᠌ᠯᠭᠦ ᠭᠡᠷᠡᠭ᠍ᠳᠡᠢ᠃

ᠢᠩᠭᠢᠭᠦ ᠳᠡᠭᠡᠨ ᠵᠠᠪᠠᠯ ᠳᠤᠰᠬᠠᠢ ᠰᠠᠳᠤᠪ ᠤᠨ ᠪᠣᠯᠪᠠᠰᠤᠷᠠᠯ ᠪᠠ ᠳᠠᠪᠳᠠᠯᠭ᠎ᠠ ᠶᠢ ᠴᠢᠩᠭ᠋ᠠᠯᠠᠵᠤ᠂ ᠦᠷᠭᠡᠨ ᠭᠡᠪᠴᠢᠶᠡᠨ ᠤ ᠮᠡᠳᠡᠯᠭᠡ ᠶᠢ ᠪᠠᠭᠳᠠᠭᠠᠭᠰᠠᠨ ᠴᠢᠨᠠᠷ ᠲᠡᠶ ᠵᠠᠳᠠᠯᠠᠵᠤ ᠰᠥᠪᠠᠭ᠍ᠴᠢᠯᠡᠭᠦ ᠮᠠᠶ‍ᠢᠭ ᠤᠨ ᠨᠡᠢ᠌ᠳᠡᠯᠢᠭ᠌ ᠴᠢᠨᠠᠷ ᠪᠦᠭᠦᠢ ᠰᠠᠳᠤᠪ ᠤᠳ ᠢ ᠵᠡᠷᠭᠡᠴᠡᠭᠦᠯᠤᠨ ᠭᠢᠭᠦ ᠴᠢᠬᠤᠯᠠ ᠲᠡᠶ᠃ ᠵᠢᠱᠢᠶᠠᠯᠠᠪᠠᠯ᠂ ᠳᠡᠯᠡᠭᠡᠢ ᠶᠢᠨ ᠠᠩᠬᠠᠳᠤᠭᠠᠷ ᠳᠠᠢ᠌ᠨ᠂ ᠬᠤᠶᠠᠳᠤᠭᠠᠷ ᠳᠠᠢ᠌ᠨ᠂ ᠭᠦᠢᠳᠡᠨ ᠳᠠᠢ᠌ᠨ᠂ ᠳᠡᠯᠡᠭᠡᠢ ᠶᠢᠨ ᠣᠯᠤᠰ ᠳᠤᠷᠤ ᠶᠢᠨ ᠳᠤᠭᠳᠠᠮᠵᠢ ᠶᠢᠨ ᠣᠯᠠᠷᠢᠯ᠂ ᠬᠤᠪᠢᠰᠤᠯ ᠲᠡᠶ ᠬᠤᠯᠪᠣᠭᠳᠠᠭᠰᠠᠨ ᠰᠥᠪᠠᠭ᠍ᠴᠢᠯᠡᠭᠦ ᠰᠠᠳᠤᠪ ᠤᠳ ᠢ ᠭᠢᠭᠦ ᠪᠠᠷ ᠳᠠᠮᠵᠢᠨ ᠰᠤᠷᠤᠭᠴᠢᠳ ᠤᠨ ᠪᠣᠳᠠᠳᠤ ᠰᠠᠳᠤᠪ ᠤᠨ ᠣᠢ᠌ᠯᠠᠭᠠᠭᠳᠠᠬᠤᠨ ᠢ ᠭᠦᠡᠵᠡᠭᠡᠢ᠌ᠷᠡᠭᠦᠯᠤᠨ᠂ ᠰᠠᠳᠤᠪ ᠤᠨ ᠬᠤᠯᠪᠣᠭᠳᠠᠬᠤ ᠮᠡᠳᠡᠯᠭᠡ ᠶᠢᠨ ᠭᠡᠪᠴᠢᠶ᠎ᠡ᠂ ᠰᠠᠳᠤᠪ ᠬᠠᠷᠢᠭᠤᠯᠬᠤ ᠭᠤᠤᠯ ᠰᠥᠪᠠᠭ᠍ᠴᠢ᠂ ᠠᠰᠠᠭᠤᠯᠳᠠ ᠶᠢ ᠰᠡᠳᠭᠢᠭᠦ ᠠᠷᠭ᠎ᠠ ᠵᠡᠷᠭᠡ ᠣᠷ᠎ᠠ ᠳᠠᠮ ᠢ ᠭᠦᠮᠦᠵᠢᠭᠦᠯᠵᠤ ᠳᠡᠢ᠌ᠯᠳᠡᠭ᠌ ᠪᠠᠢ᠌ᠨ᠎ᠠ᠃

ᠭᠤᠷᠪᠠᠳᠤᠭᠠᠷ ᠠᠯᠬᠤᠮ ᠳᠤ᠂ ᠰᠤᠷᠢᠯᠳᠠ ᠶᠢᠨ ᠰᠠᠳᠤᠪ ᠭᠢᠵᠤ ᠰᠤᠷᠤᠭᠴᠢᠳ ᠤᠨ ᠰᠠᠳᠤᠪ ᠬᠠᠷᠢᠭᠤᠯᠬᠤ ᠬᠤᠷᠳᠤᠴᠠ ᠶᠢ ᠳᠡᠭᠡᠭ᠍ᠰᠢᠯᠡᠭᠦᠯᠤᠨ ᠣᠨᠤᠪᠴᠢ ᠶᠢᠨ ᠭᠡᠮᠵᠢᠶ᠎ᠡ ᠶᠢ ᠳᠡᠭᠡᠭ᠍ᠰᠢᠯᠡᠭᠦᠯᠭᠦ ᠱᠠᠳᠤ ᠮᠦᠨ᠃ ᠡᠨᠡᠭᠦ ᠠᠯᠬᠤᠮ ᠤᠨ ᠵᠢᠭᠠᠨ ᠰᠤᠷᠭᠠᠯᠳᠠ ᠪᠠ ᠳᠠᠪᠳᠠᠯᠭ᠎ᠠ ᠶᠢᠨ ᠶᠠᠪᠣᠴᠠ ᠳᠤ « ᠳᠤᠮᠳᠠᠳᠤ ᠰᠢᠯᠭᠠᠯᠳᠠ ᠶᠢᠨ ᠳᠤᠳᠤᠷᠬᠠᠢ᠌ᠯᠠᠯᠳᠠ » ᠶ᠋ᠢᠨ ᠱᠠᠭᠠᠷᠳᠠᠯᠭ᠎ᠠ ᠪᠠ ᠣᠷᠴᠢᠮ ᠤᠨ ᠵᠢᠯ ᠤᠳ ᠤᠨ « ᠳᠤᠮᠳᠠᠳᠤ ᠰᠢᠯᠭᠠᠯᠳᠠ ᠶᠢᠨ ᠰᠠᠳᠤᠪ »᠊ᠤᠨ ᠣᠠᠴᠠᠯᠢᠭ ᠢ ᠴᠢᠩᠭ᠋᠎ᠠ ᠠᠳᠬᠤᠨ ᠭᠤᠷᠪᠠ ᠡᠴᠡ ᠳᠠᠪᠤᠨ ᠣᠳᠠᠭᠠᠨ ᠤ ᠭᠡᠯᠪᠠᠷᠢ ᠣᠯᠠᠨ᠂ ᠠᠭᠤᠯᠭ᠎ᠠ ᠪᠦᠷᠢᠨ᠂ ᠶᠡᠷᠦᠩᠭᠡᠢ᠌ᠯᠡᠭ᠍ᠰᠡᠨ ᠴᠢᠨᠠᠷ ᠶᠢᠡᠷ ᠴᠢᠩᠭ᠋᠎ᠠ ᠰᠤᠷᠢᠯᠳᠠ ᠶᠢᠨ ᠰᠠᠳᠤᠪ ᠢ ᠨᠠᠢ᠌ᠷᠠᠭᠤᠯᠤᠨ᠂ ᠰᠢᠯᠭᠠᠬᠤ᠂ ᠳᠠᠢ᠌ᠯᠪᠣᠷᠢᠯᠠᠬᠤ᠂ ᠳᠠᠭᠢᠨ ᠪᠣᠯᠪᠠᠰᠤᠷᠠᠨ ᠴᠡᠭᠡᠵᠢᠯᠡᠭᠦᠯᠭᠦ ᠶᠠᠪᠣᠴᠠ ᠳᠤ ᠭᠤᠤᠯ ᠮᠡᠳᠡᠯᠭᠡ ᠶᠢ ᠡᠵᠡᠮᠰᠢᠭᠦᠯᠭᠦ ᠶᠢᠨ ᠳᠠᠭᠠᠤ ᠰᠠᠳᠤᠪ ᠭᠢᠭᠦ ᠠᠷᠭ᠎ᠠ ᠶᠢ ᠭᠤᠤᠯᠴᠢᠯᠠᠨ ᠰᠥᠪᠠᠭ᠍ᠴᠢᠯᠡᠵᠤ᠂ ᠰᠠᠳᠤᠪ ᠤᠨ ᠱᠠᠭᠠᠷᠳᠠᠯᠭ᠎ᠠ ᠳᠤ ᠳᠤᠭᠢᠷᠠᠭᠰᠠᠨ ᠣᠨᠤᠪᠴᠢᠳᠠᠢ ᠬᠠᠷᠢᠭᠤᠯᠳᠠ ᠣᠯᠭᠤᠬᠤ ᠴᠢᠳᠠᠪᠣᠷᠢ ᠶᠢ ᠳᠡᠭᠡᠭ᠍ᠰᠢᠯᠡᠭᠦᠯᠦᠨ᠎ᠡ᠃ ᠡᠨᠡᠭᠦ ᠠᠯᠬᠤᠮ ᠤᠨ ᠳᠠᠪᠳᠠᠬᠤ ᠪᠣᠯᠪᠠᠰᠤᠷᠠᠬᠤ ᠶᠠᠪᠣᠴᠠ ᠳᠤ ᠭᠤᠤᠯᠳᠠᠯᠭ᠎ᠠ ᠲᠡᠶ ᠮᠡᠳᠡᠯᠭᠡ ᠶᠢ ᠳᠠᠭᠢᠨ ᠳᠤᠪᠣᠢ᠌ᠯᠭᠠᠨ ᠨᠡᠢ᠌ᠭᠡᠮ ᠤᠨ ᠬᠠᠯᠠᠮ ᠴᠡᠭ᠌ ᠤᠨ ᠠᠰᠠᠭᠤᠳᠠᠯ ᠪᠠ ᠳᠡᠦᠭᠡᠨ ᠮᠡᠳᠡᠯᠭᠡ ᠶᠢ ᠣᠶᠠᠨ ᠬᠠᠳᠠᠨ ᠬᠤᠯᠪᠣᠵᠤ ᠳᠤᠳᠤᠷᠬᠠᠢ᠌ᠯᠠᠨ «ᠨᠢᠭᠡ ᠡᠴᠡ ᠪᠦᠭᠦ ᠳᠠᠯ᠎ᠠ ᠶᠢ ᠬᠠᠮᠤᠷᠬᠤ » ᠳ᠋ᠤ ᠭᠦᠷᠴᠤ ᠳᠡᠢ᠌ᠯᠭᠦ ᠭᠡᠷᠡᠭ᠍ᠳᠡᠢ᠃ ᠵᠢᠱᠢᠶᠠᠯᠠᠪᠠᠯ ᠳᠠᠢ᠌ᠸᠠᠨ ᠤ ᠠᠰᠠᠭᠤᠳᠠᠯ ᠤᠨ ᠳᠤᠬᠠᠢ ᠤᠢ᠌ᠷ᠎ᠡ ᠣᠳᠤ ᠦᠶ᠎ᠡ ᠶᠢᠨ ᠳᠡᠦᠭᠡᠨ ᠳᠡᠭᠡᠷᠡᠭᠢ ᠵᠢᠷᠭᠤᠭᠠᠨ ᠳᠠᠯ᠎ᠠ ᠶᠢ ᠠᠳᠬᠤᠬᠤ ᠭᠡᠷᠡᠭ᠍ᠳᠡᠢ᠄

① 1895 ᠣᠨ ᠳᠤ ᠶᠠᠫᠣᠨ «ᠪᠠᠺᠠᠨ ᠤ ᠭᠡᠷ᠎ᠡ »ᠪᠠᠷ ᠳᠠᠮᠵᠢᠨ ᠳᠠᠢ᠌ᠸᠠᠨ᠂ ᠫᠧᠩ ᠬᠤ ᠤᠯᠳᠤᠷᠢᠭ ᠢ ᠭᠡᠰᠡᠭᠯᠡᠨ ᠡᠵᠡᠯᠡᠭ᠍ᠰᠡᠨ᠂ ②1943 ᠣᠨ ᠤ ᠺᠠᠢ᠌ᠷᠤ᠋ ᠶᠢᠨ ᠬᠤᠷᠠᠯᠳᠤᠭᠠᠨ ᠡᠴᠡ ᠨᠡᠢ᠌ᠳᠡᠯᠡᠭ᠍ᠰᠡᠨ« ᠺᠠᠢ᠌ᠷᠤ᠋ ᠶᠢᠨ ᠳᠤᠩᠬᠠᠭ »ᠪᠠ 1945 ᠣᠨ ᠤ «ᠫᠦᠲ᠋ᠳᠡᠮ ᠤᠨ ᠳᠤᠩᠬᠠᠭ» ᠲᠤ ᠶᠠᠫᠣᠨ ᠡᠷᠭᠡᠪᠰᠢ ᠳᠠᠢ᠌ᠸᠠᠨ᠂ ᠫᠧᠩ ᠭᠡᠤ ᠤᠯᠳᠤᠷᠢᠭ ᠵᠡᠷᠭᠡ ᠭᠠᠵᠠᠷ ᠣᠷᠤᠨ ᠢ ᠳᠤᠮᠳᠠᠳᠤ ᠣᠯᠤᠰ ᠲᠤ ᠨᠥᠭᠦᠴᠡᠯ ᠦᠭᠡᠶ ᠪᠠᠷ ᠪᠣᠴᠠᠭᠠᠨ ᠦᠭ‍ᠭᠦ ᠭᠡᠷᠡᠭ᠍ᠳᠢ ᠭᠡᠵᠤ ᠱᠠᠭᠠᠷᠳᠠᠭᠰᠠᠨ᠂ ③1945 ᠣᠨ ᠳᠤ ᠶᠠᠫᠣᠨ ᠢ ᠡᠰᠡᠷᠭᠦᠴᠡᠭᠦ ᠳᠠᠢ᠌ᠨ ᠤ ᠢᠯᠠᠯᠳᠠ ᠶᠢ ᠣᠯᠬᠤ ᠦᠶᠡᠰ ᠳᠠᠢ᠌ᠸᠠᠨ ᠳᠤᠮᠳᠠᠳᠤ ᠣᠯᠤᠰ ᠤᠨ ᠡᠯᠢᠭᠡᠨ ᠳᠤ ᠪᠣᠴᠠᠨ ᠢᠷᠡᠭ᠍ᠰᠡᠨ᠂ ④1950 ᠣᠨ ᠳᠤ ᠰᠤᠯᠤᠩᠭ᠋ᠤᠰ ᠤᠨ ᠳᠠᠢ᠌ᠨ ᠡᠭᠦᠰᠦᠭ᠍ᠰᠡᠨ ᠤ ᠳᠠᠷᠠᠭ᠎ᠠ ᠠᠮᠸᠷᠢᠺ ᠶᠢᠨ ᠳᠤᠯᠤᠳᠤᠭᠠᠷ ᠭᠦᠯᠭᠡ ᠣᠩᠭ᠋ᠤᠴᠠᠳᠤ ᠠᠩᠭᠢ ᠳᠠᠢ᠌ᠸᠠᠨ ᠬᠤᠭᠤᠯᠠᠢ ᠳᠤ ᠣᠷᠤᠵᠤ᠂ ᠳᠤᠮᠳᠠᠳᠤ ᠣᠯᠤᠰ ᠤᠨ ᠳᠤᠳᠤᠭᠠᠳᠤ ᠵᠠᠰᠠᠭ ᠲᠤ ᠬᠠᠯᠳᠠᠵᠤ᠂ ᠳᠤᠮᠳᠠᠳᠤ ᠣᠯᠤᠰ ᠤᠨ ᠳᠠᠢ᠌ᠸᠠᠨ ᠢ ᠴᠢᠯᠦᠭᠡᠯᠡᠭᠦ ᠶᠢ ᠬᠠᠷᠰᠢᠯᠠᠭᠰᠠᠨ᠃ ⑤ ᠬᠤᠷᠢᠳᠤᠭᠠᠷ ᠵᠠᠭᠤᠨ ᠤ ᠨᠠᠶᠠᠭᠠᠤᠨ ᠣᠨ ᠤ ᠡᠭᠢᠨ ᠳᠤ ᠳ᠋ᠸᠩ ᠰᠢᠶᠤᠤ ᠫᠢᠩ ᠳᠠᠢ᠌ᠸᠠᠨ ᠤ ᠠᠰᠠᠭᠤᠳᠠᠯ ᠳᠤ ᠴᠢᠭᠯᠡᠭᠦᠯᠤᠨ «ᠨᠢᠭᠡ ᠣᠯᠤᠰ ᠬᠤᠶᠠᠷ ᠪᠠᠢ᠌ᠭᠤᠯᠤᠯ »᠊ᠤᠨ ᠴᠢᠭᠯᠡᠯᠳᠡ ᠶᠢ ᠳᠤᠷᠠᠳᠤᠨ ᠨᠠᠢ᠌ᠷᠠᠮᠳᠠᠯ ᠶᠢᠡᠷ ᠨᠢᠭᠡᠳᠭᠡᠭᠦ ᠶᠢ ᠪᠠᠶᠡᠯᠡᠭᠦᠯᠭᠦ ᠶᠢ ᠵᠤᠷᠢᠭᠰᠠᠨ᠃ ⑥ᠣᠳᠤᠬᠠᠨ ᠳᠤ ᠪᠢᠳᠠ ᠳᠠᠢ᠌ᠸᠠᠨ ᠢ ᠳᠤᠰᠠᠭᠠᠷᠯᠠᠬᠤ ᠭᠦᠳᠡᠯᠭᠡᠭᠡᠨ ᠢ ᠡᠷᠡᠰ ᠡᠰᠡᠷᠭᠦᠴᠡᠵᠤ «ᠬᠤᠶᠠᠷ ᠳᠤᠮᠳᠠᠳᠤ ᠣᠯᠤᠰ »᠂ «ᠨᠢᠭᠡ ᠳᠠᠢ᠌ᠸᠠᠨ᠂ ᠨᠢᠭᠡ ᠳᠤᠮᠳᠠᠳᠤ ᠣᠯᠤᠰ »ᠵᠡᠷᠭᠡ ᠭᠡᠯᠡᠯᠭᠡ ᠶᠢ ᠳᠡᠦᠭᠡᠨ ᠭᠡᠷᠡᠴᠢ ᠪᠠᠷ ᠨᠢᠴᠤᠭᠠᠵᠤ᠂ ᠣᠯᠤᠰ ᠤᠨ ᠨᠢᠭᠡᠳᠦᠯ ᠤᠨ ᠶᠡᠭᠡ ᠣᠢ᠌ᠯᠠᠰ ᠢ ᠠᠭᠢᠭᠤᠯᠬᠤ ᠵᠡᠷᠭᠡ᠃ ᠡᠢ᠌ᠭᠦ ᠳᠠᠢ᠌ᠸᠠᠨ ᠤ ᠠᠰᠠᠭᠤᠳᠠᠯ ᠤᠨ ᠳᠤᠬᠠᠢ ᠰᠤᠷᠤᠭᠴᠢᠳ ᠲᠤ ᠳᠤᠳᠤᠷᠬᠠᠢ᠂ ᠡᠮᠭᠢ ᠴᠡᠭ᠍ᠴᠡ ᠲᠡᠶ᠂ ᠭᠦᠨᠵᠡᠭᠡᠢ ᠰᠠᠭᠤᠭᠳᠠᠯ ᠥᠭ᠍ᠴᠤ ᠳᠡᠢ᠌ᠯᠳᠡᠭ᠌ ᠪᠠᠢ᠌ᠨ᠎ᠠ᠃

ᠭᠤᠷᠪᠠ᠂ ᠵᠢᠭᠠᠨ ᠰᠤᠷᠭᠠᠯᠳᠠ ᠶᠢᠨ ᠶᠠᠪᠣᠴᠠ ᠳᠠᠭᠠᠨ ᠰᠤᠷᠤᠭᠴᠢᠳ ᠲᠤ ᠡᠯ᠎ᠡ ᠭᠡᠯᠪᠠᠷᠢ ᠶᠢᠨ ᠰᠠᠳᠤᠪ ᠤᠨ ᠣᠠᠴᠠᠯᠢᠭ ᠪᠠ ᠰᠠᠳᠤᠪ ᠬᠠᠷᠢᠭᠤᠯᠬᠤ ᠠᠷᠭ᠎ᠠ ᠶᠢ ᠡᠵᠡᠮᠰᠢᠭᠦᠯᠵᠤ᠂ ᠳᠠᠳᠠᠨ ᠤ ᠰᠤᠷᠤᠭᠰᠠᠨ ᠮᠡᠳᠡᠯᠭᠡ ᠪᠠᠨ ᠪᠣᠯᠪᠠᠰᠤᠷᠠᠩᠭ᠋ᠤᠢ ᠭᠡᠷᠡᠭᠯᠡᠨ ᠠᠰᠠᠭᠤᠳᠠᠯ ᠢ ᠰᠢ᠌ᠳᠪᠦᠷᠢᠯᠡᠭᠦ ᠴᠢᠳᠠᠪᠣᠷᠢ ᠶᠢ ᠳᠡᠭᠡᠭ᠍ᠰᠢᠯᠡᠭᠦᠯᠦᠨ᠎ᠡ᠃

ᠣᠷᠴᠢᠮ ᠤᠨ ᠭᠡᠳᠤᠨ ᠵᠢᠯ ᠤᠨ ᠳᠤᠮᠳᠠᠳᠤ ᠰᠢᠯᠭᠠᠯᠳᠠ ᠶᠢᠨ ᠰᠠᠳᠤᠪ ᠤᠨ ᠭᠡᠯᠪᠠᠷᠢ ᠶᠢ ᠵᠢᠭᠰᠠᠭᠠᠪᠠᠯ ᠳᠤᠤᠷᠠᠭᠢ ᠮᠠᠳᠤ᠄

1᠂ ᠭᠠᠭᠴᠠ ᠬᠠᠷᠢᠭᠤᠯᠳᠠ ᠰᠤᠩᠭ᠋ᠤᠬᠤ ᠰᠠᠳᠤᠪ᠂ ᠭᠤᠤᠯᠳᠠᠭᠤ ᠰᠤᠷᠤᠭᠴᠢᠳ ᠤᠨ ᠦᠨᠳᠦᠰᠦᠨ ᠮᠡᠳᠡᠯᠭᠡ ᠶᠢ ᠡᠵᠡᠮᠰᠢᠭ᠍ᠰᠡᠨ ᠴᠢᠳᠠᠪᠣᠷᠢ ᠶᠢ ᠪᠠᠢ᠌ᠴᠠᠭᠠᠳᠠᠭ᠃ ᠡᠢ᠌ᠮᠦᠷᠭᠦ ᠰᠠᠳᠤᠪ ᠢ ᠭᠢᠭᠦ ᠳᠤ ᠰᠠᠳᠤᠪ ᠶᠢᠡᠨ ᠨᠠᠷᠢᠨ ᠣᠩᠰᠢᠵᠤ ᠣᠢ᠌ᠯᠠᠭᠠᠭᠰᠠᠨ ᠰᠠᠭᠤᠷᠢᠨ ᠳᠤ ᠵᠥᠪ ᠤᠨᠤᠪᠴᠢᠳᠠᠢ ᠲ᠋ᠡᠦᠭᠡᠨ ᠦᠵᠡᠯᠳᠠ ᠪᠠᠷ ᠭᠤᠤᠯ ᠴᠢᠬᠤᠯᠠ ᠳᠡᠦᠭᠡᠨ ᠥᠵᠡᠭ᠍ᠳᠡᠯ ᠪᠠ ᠳᠡᠦᠭᠡᠨ ᠭᠡᠷᠡᠭ᠌ ᠤᠨ ᠮᠦᠨ ᠴᠢᠨᠠᠷ ᠲᠤ ᠵᠠᠳᠠᠯᠤᠯᠳᠠ ᠭᠢᠵᠤ᠂ ᠰᠢᠭᠤᠳ ᠰᠤᠩᠭ᠋ᠤᠬᠤ ᠪᠠ ᠡᠰᠡᠷᠭᠦ ᠡᠴᠡ ᠰᠤᠩᠭ᠋ᠤᠬᠤ ᠠᠷᠭ᠎ᠠ ᠪᠠᠷ ᠵᠦᠪ ᠬᠠᠷᠢᠭᠤᠯᠳᠠ ᠶᠢ ᠰᠤᠩᠭ᠋ᠤᠨ᠎ᠠ᠃ ᠡᠭᠦᠨ ᠳᠤ ᠪᠦᠯᠦᠭᠯᠡᠭ᠍ᠰᠡᠨ ᠬᠠᠷᠢᠭᠤᠯᠳᠠ ᠲᠡᠶ ᠰᠠᠳᠤᠪ ᠪᠠ ᠡᠰᠡᠷᠭᠦ ᠪᠠᠷ ᠠᠰᠠᠭᠤᠬᠤ ᠰᠠᠳᠤᠪ ᠢ ᠣᠠᠴᠠᠭᠠᠢ ᠠᠩᠬᠠᠷᠬᠤ ᠭᠡᠷᠡᠭ᠍ᠳᠡᠢ᠃ ᠰᠠᠳᠤᠪ ᠤᠨ ᠠᠭᠤᠯᠭ᠎ᠠ ᠶᠢ ᠨᠠᠷᠢᠨ ᠭᠢᠨᠠᠵᠤ ᠣᠩᠰᠢᠨ᠂ ᠰᠠᠳᠤᠪ ᠤᠨ ᠭᠤᠤᠯ ᠰᠥᠪᠠᠭ᠍ᠴᠢ ᠪᠠ ᠱᠠᠭᠠᠷᠳᠠᠯᠭ᠎ᠠ ᠶᠢ ᠳᠤᠳᠤᠷᠬᠠᠢ ᠮᠡᠳᠡᠭ᠍ᠰᠡᠨ ᠰᠠᠭᠤᠷᠢᠨ ᠳᠤ ᠰᠤᠷᠤᠭᠰᠠᠨ ᠮᠡᠳᠡᠯᠭᠡ ᠪᠠᠨ ᠦᠨᠳᠦᠰᠦᠯᠠᠨ ᠣᠨᠤᠪᠴᠢᠳᠠᠢ ᠬᠠᠷᠢᠭᠤᠯᠳᠠ ᠳᠤ ᠰᠤᠩᠭ᠋ᠤᠯᠳᠠ ᠭᠢᠨ᠎ᠠ᠃

2᠂ ᠮᠠᠲ᠋ᠸᠷᠢᠶᠠᠯ ᠵᠠᠳᠠᠯᠠᠬᠤ ᠰᠠᠳᠤᠪ

ᠳᠤᠰ ᠭᠡᠯᠪᠠᠷᠢ ᠶᠢᠨ ᠰᠠᠳᠤᠪ ᠲᠤ ᠮᠠᠲ᠋ᠸᠷᠢᠶᠠᠯ ᠢ ᠣᠩᠰᠢᠨ ᠵᠠᠳᠠᠯᠠᠬᠤ ᠪᠠ ᠵᠢᠷᠤᠭ ᠳᠠᠨᠢᠵᠤ ᠵᠠᠳᠠᠯᠬᠤ ᠰᠠᠳᠤᠪ ᠪᠠᠭᠳᠠᠨ᠎ᠠ᠃ ᠭᠤᠤᠯᠳᠠᠭᠤ ᠰᠤᠷᠤᠭᠴᠢᠳ ᠤᠨ ᠭᠢᠨᠠᠨ ᠣᠩᠰᠢᠬᠤ ᠴᠢᠳᠠᠪᠣᠷᠢ ᠪᠠ ᠬᠤᠯᠪᠣᠭᠳᠠᠯ ᠪᠦᠭᠦᠢ ᠳᠡᠦᠭᠡᠨ ᠮᠡᠳᠡᠯᠭᠡ ᠪᠠᠨ ᠢᠯᠡᠷᠡᠭᠦᠯᠤᠨ ᠭᠡᠷᠡᠭᠯᠡᠵᠤ᠂ ᠠᠰᠠᠭᠤᠳᠠᠯ ᠢ ᠰᠡᠢ᠌ᠳᠪᠦᠷᠢᠯᠡᠭᠦ ᠴᠠᠳᠠᠪᠣᠷᠢ ᠶᠢ ᠪᠠᠢ᠌ᠴᠠᠭᠠᠨ᠎ᠠ᠃ ᠰᠤᠷᠤᠭᠴᠢ ᠡᠩ ᠳᠡᠷᠢᠭᠦᠨ ᠳᠤ ᠮᠠᠲ᠋ᠸᠷᠢᠶᠠᠯ ᠶᠢᠡᠨ ᠳᠦᠷᠭᠡᠨ ᠪᠦᠭᠡᠳ ᠣᠢ᠌ᠯᠠᠭᠠᠮᠵᠢᠳᠠᠢ ᠣᠩᠰᠢᠵᠤ᠂ ᠮᠠᠲ᠋ᠸᠷᠢᠶᠠᠯ ᠪᠣᠶᠤ ᠵᠢᠷᠤᠭ ᠲᠤ ᠢᠯᠡᠷᠡᠭ᠍ᠰᠡᠨ ᠳᠡᠦᠭᠡᠨ ᠭᠡᠷᠡᠭ᠌ ᠪᠠ ᠳᠡᠦᠭᠡᠨ ᠥᠵᠡᠭ᠍ᠳᠡᠯ ᠢ ᠣᠨᠤᠪᠴᠢᠳᠠᠢ ᠳᠠᠨᠢᠵᠤ᠂ ᠮᠠᠲ᠋ᠸᠷᠢᠶᠠᠯ ᠳᠤ ᠳᠤᠰᠬᠠᠨ ᠢᠯᠡᠷᠡᠭᠦᠯᠦᠭ᠍ᠰᠡᠨ ᠭᠤᠤᠯ ᠦᠵᠡᠯ ᠰᠠᠨᠠᠭ᠎ᠠ ᠶᠢ ᠠᠳᠬᠤᠵᠤ ᠠᠪᠬᠤ ᠭᠡᠷᠡᠭ᠍ᠳᠡᠢ᠃ ᠳᠠᠷᠠᠭ᠎ᠠ ᠨᠢ᠂ ᠬᠠᠷᠠᠭᠠᠯᠵᠠᠭᠰᠠᠨ ᠠᠰᠠᠭᠤᠯᠳᠠ ᠶᠢᠨ ᠠᠪᠬᠤ ᠭᠡᠵᠤ ᠪᠠᠢ᠌ᠭ᠎ᠠ ᠬᠠᠷᠢᠭᠤᠯᠳᠠ ᠶᠢ ᠳᠤᠪᠴᠢ ᠠᠪᠰᠠᠷᠬᠠᠨ ᠵᠦᠪ ᠣᠨᠤᠪᠴᠢᠳᠠᠢ ᠳᠤᠰᠢᠶᠠᠵᠤ ᠳᠡᠢ᠌ᠯᠭᠦ ᠭᠡᠷᠡᠭ᠍ᠳᠡᠢ᠃ ᠡᠭᠦᠨ ᠤ ᠵᠡᠷᠭᠡ ᠪᠠᠷ ᠬᠠᠷᠭᠠᠯᠵᠠᠭᠰᠠᠨ ᠳᠡᠦᠭᠡᠨ ᠭᠡᠷᠡᠭ᠌ ᠲᠡᠶ ᠬᠤᠯᠪᠣᠭᠳᠠᠭᠰᠠᠨ ᠰᠠᠨᠠᠯ ᠰᠢᠭᠦᠮᠵᠢ᠂ ᠰᠤᠷᠭᠠᠮᠵᠢ ᠰᠡᠩᠭᠡᠷᠡᠭᠦᠯᠦᠯ ᠶᠢᠡᠨ ᠢᠯᠡᠷᠡᠭᠦᠯᠵᠤ ᠳᠡᠢ᠌ᠯᠭᠦ ᠭᠡᠷᠡᠭ᠍ᠳᠡᠢ᠃

3᠂ ᠰᠥᠪᠠᠭ᠍ᠴᠢᠯᠡᠭᠦ ᠰᠠᠳᠤᠪ

ᠭᠤᠤᠯᠳᠠᠭᠤ ᠰᠤᠷᠤᠭᠴᠢᠳ ᠤᠨ ᠳᠤᠮᠳᠠᠳᠤ ᠭᠠᠳᠠᠭᠠᠳᠤ ᠶᠢᠨ ᠳᠡᠦᠭᠡᠨ ᠳᠡᠭᠡᠷᠡᠭᠢ ᠬᠤᠯᠪᠣᠭ᠎ᠠ ᠬᠠᠷᠢᠴᠠᠭ᠎ᠠ ᠪᠠᠷ ᠴᠢᠩᠭ᠋᠎ᠠ ᠳᠡᠦᠭᠡᠨ ᠭᠡᠷᠡᠭ᠌ ᠢ ᠳᠡᠭᠡᠳᠤ ᠭᠡᠮᠵᠢᠶ᠎ᠡ ᠪᠠᠷ ᠬᠤᠷᠢᠶᠠᠩᠭ᠋ᠣᠢ᠌ᠯᠠᠨ ᠬᠤᠯᠪᠣᠭᠰᠠᠨ ᠦᠷᠭᠡᠨ ᠭᠡᠪᠴᠢᠶᠡᠳᠡᠢ ᠰᠠᠳᠤᠪ ᠪᠣᠯᠤᠨ᠎ᠠ᠃ ᠳᠤᠰ ᠳᠦᠷᠤᠯ ᠤᠨ ᠰᠠᠳᠤᠪ ᠢ ᠭᠢᠭᠦ ᠳᠤ ᠰᠤᠷᠤᠭᠴᠢ ᠡᠩ ᠳᠡᠷᠢᠭᠦᠨ ᠳᠤ ᠰᠠᠳᠤᠪ ᠤᠨ ᠠᠭᠤᠯᠭ᠎ᠠ ᠪᠠ ᠱᠠᠭᠠᠷᠳᠠᠯᠭ᠎ᠠ ᠶᠢ ᠣᠩᠰᠢᠨ ᠳᠤᠰ ᠰᠠᠳᠤᠪ ᠲᠤ ᠬᠤᠯᠪᠣᠭᠳᠠᠬᠤ ᠳᠡᠦᠭᠡᠨ ᠭᠡᠷᠡᠭ᠌ ᠤᠳ ᠢ ᠵᠢᠭᠰᠠᠭᠠᠨ᠎ᠠ᠃ ᠳᠠᠷᠠᠭ᠎ᠠ ᠨᠢ᠂ ᠡᠳᠡᠭᠡᠷ ᠳᠡᠦᠭᠡᠨ ᠭᠡᠷᠡᠭ᠌ ᠤᠨ ᠳᠤᠳᠤᠭᠠᠳᠤ ᠬᠤᠯᠪᠣᠭ᠎ᠠ ᠪᠠ ᠢᠯᠭᠠᠭ᠎ᠠ ᠵᠦᠷᠢᠶ᠎ᠠ ᠵᠡᠷᠭᠡ ᠳᠠᠯ᠎ᠠ ᠳᠤ ᠪᠣᠷᠤ ᠣᠢ᠌ᠯᠠᠭᠠᠯᠳᠠ ᠲᠡᠶ ᠪᠣᠯᠤᠭᠰᠠᠨ ᠰᠠᠭᠤᠷᠢᠨ ᠳᠤ ᠰᠠᠳᠤᠪ ᠦᠭ‍ᠭᠦᠭ᠍ᠰᠡᠨ ᠠᠰᠠᠭᠤᠯᠳᠠ ᠶᠢᠨ ᠱᠠᠭᠠᠷᠳᠠᠯᠭ᠎ᠠ ᠶᠢ ᠦᠨᠳᠦᠰᠦᠯᠠᠨ ᠰᠤᠷᠤᠭᠰᠠᠨ ᠮᠡᠳᠡᠯᠭᠡ ᠶᠢᠨ ᠳᠤᠭᠤᠷᠢᠨ ᠳᠤ ᠣᠨᠤᠪᠴᠢᠳᠠᠢ ᠬᠠᠷᠢᠭᠤᠯᠳᠠ ᠶᠢ ᠥᠭ᠍ᠴᠤ ᠳᠡᠢ᠌ᠯᠭᠦ ᠭᠡᠷᠡᠭ᠍ᠳᠡᠢ᠃ ᠬᠠᠷᠢᠨ ᠰᠠᠳᠤᠪ ᠤᠨ ᠭᠡᠪᠴᠢᠶ᠎ᠡ ᠦᠷᠭᠡᠨ᠂ ᠬᠤᠯᠪᠣᠭᠳᠠᠬᠤ ᠠᠭᠤᠯᠭ᠎ᠠ ᠠᠷᠪᠢᠨ ᠡᠴᠡ ᠭᠡᠯᠮᠡᠭ᠍ᠳᠡᠨ ᠰᠠᠠᠳᠤᠷᠴᠤ ᠪᠢᠷ ᠳᠠᠯᠪᠢᠬᠤ ᠦᠭᠡᠶ ᠬᠤᠭᠤᠰᠤᠨ ᠥᠯᠡᠳᠡᠭᠡᠭᠦ ᠡᠴᠡ ᠪᠣᠯᠭᠤᠮᠵᠢᠯᠠᠬᠤ ᠭᠡᠷᠡᠭ᠍ᠳᠡᠢ᠃ ᠶᠡᠷᠦᠩᠭᠡᠢ ᠳᠠᠪᠳᠠᠯᠭ᠎ᠠ ᠶᠢᠨ ᠬᠤᠭᠤᠴᠠᠭᠠᠨ ᠳᠤ ᠪᠠᠭᠰᠢ ᠡᠴᠡ ᠡᠢ᠌ᠮᠦᠷᠭᠦ ᠭᠡᠯᠪᠠᠷᠢ ᠶᠢᠨ ᠰᠠᠳᠤᠪ ᠢ ᠢᠯᠡᠭᠦᠭᠡᠨ ᠨᠠᠢ᠌ᠷᠠᠭᠤᠯᠵᠤ ᠰᠤᠷᠤᠭᠴᠢᠳ ᠤᠨ ᠣᠷ᠎ᠠ ᠳᠠᠮ ᠢ ᠭᠦᠮᠦᠵᠢᠭᠦᠯᠭᠦ ᠨᠢ ᠶᠡᠭᠡᠭᠡᠨ ᠴᠢᠬᠤᠯᠠ ᠶᠤᠮ᠃

ᠶᠡᠷᠦᠩᠭᠡᠢ ᠳ᠋ᠤᠨᠢ᠂ ᠶ‍ᠢᠰᠦᠳᠦᠭᠡᠷ ᠣᠨ ᠤ ᠵᠢᠭᠠᠨ ᠰᠤᠷᠭᠠᠯᠳᠠ ᠪᠠ ᠶᠡᠷᠦᠩᠭᠡᠢ ᠳᠠᠪᠳᠠᠯᠭ᠎ᠠ ᠶᠢᠨ ᠶᠠᠪᠣᠴᠠ ᠳᠤ ᠪᠠᠭᠰᠢ ᠠᠭᠤᠯᠭ᠎ᠠ ᠳᠤᠭᠢᠷᠠᠭᠤᠯᠬᠤ᠂ ᠰᠠᠳᠤᠪ ᠪᠣᠯᠪᠠᠰᠤᠷᠠᠬᠤ ᠳᠠᠭᠠᠨ ᠵᠠᠪᠠᠯ ᠦᠪᠡᠷ ᠤᠨ ᠰᠤᠷᠤᠭᠴᠢ ᠶᠢᠨ ᠪᠣᠳᠠᠳᠠᠢ ᠡᠴᠡ ᠡᠭᠦᠰᠤᠨ᠂ ᠪᠠᠢ᠌ᠳᠠᠯ ᠳ᠋ᠤᠨᠢ ᠳᠤᠭᠢᠷᠠᠭᠤᠯᠤᠨ ᠮᠡᠳᠡᠯᠭᠡ ᠶᠢ ᠬᠤᠷᠢᠶᠠᠩᠭ᠋ᠣᠢ᠌ᠯᠠᠨ ᠳᠠᠪᠳᠠᠵᠤ᠂ ᠴᠠᠭ ᠳᠤᠬᠠᠢ ᠳ᠋ᠤᠨᠢ ᠠᠮᠢᠳᠤᠯᠢᠭ ᠴᠡᠭᠡᠵᠢᠯᠡᠭᠦ ᠠᠷᠭ᠎ᠠ ᠶᠢ ᠭᠦᠮᠦᠵᠢᠭᠦᠯᠤᠨ᠂ ᠨᠡᠢ᠌ᠳᠡᠯᠢᠭ᠌ ᠴᠢᠨᠠᠷ ᠶᠢᠡᠷ ᠴᠢᠩᠭ᠋᠎ᠠ ᠰᠠᠳᠤᠪ ᠤᠨ ᠪᠣᠯᠪᠠᠰᠤᠷᠠᠯ ᠢ ᠭᠢᠭᠦ ᠪᠠᠷ ᠳᠠᠮᠵᠢᠨ ᠰᠤᠷᠤᠭᠴᠢᠳ ᠤᠨ ᠪᠣᠳᠠᠳᠠᠢ ᠰᠠᠳᠤᠪ ᠳᠤ ᠣᠨᠤᠪᠴᠢᠳᠠᠢ ᠬᠠᠷᠢᠭᠤᠯᠳᠠ ᠦᠭ‍ᠭᠦ ᠴᠢᠳᠠᠪᠣᠷᠢ ᠶᠢ ᠳᠡᠭᠡᠭ᠍ᠰᠢᠯᠡᠭᠦᠯᠤᠨ᠂ ᠦᠨᠳᠦᠷ ᠦᠷ᠎ᠡ ᠪᠦᠳᠦᠮᠵᠢ ᠲᠡᠶ ᠣᠯᠠᠨ ᠵᠣᠢ᠌ᠯ ᠤᠨ ᠳᠠᠪᠳᠠᠯᠭ᠎ᠠ ᠶᠢᠨ ᠠᠷᠭ᠎ᠠ ᠭᠡᠯᠪᠠᠷᠢ ᠶᠢ ᠴᠢᠨᠠᠭᠰᠢᠳᠠ ᠰᠥᠪᠠᠭ᠍ᠴᠢᠯᠡᠭᠦ ᠴᠢᠬᠤᠯᠠ ᠲᠡᠶ ᠶᠤᠮ᠃


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠬᠤᠸᠠᠩ ᠰᠢᠤ ᠬᠤᠧᠨ
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2111
ᠴᠠᠭ᠄ 2012 ᠤᠨ ᠤ 09 ᠰᠠᠷ᠎ᠠ ᠶᠢᠨ 12