ᠪᠠᠭᠪᠠᠭᠠᠢ ᠴᠡᠴᠡᠭ᠌ ᠤᠨ ᠭᠡᠷᠢᠶᠡᠰ

ᠣᠢ᠌ᠯᠠᠭᠠᠬᠤ ᠦᠭᠡᠶ ᠭᠡᠵᠤ ᠴᠢ ᠳᠤᠮᠪᠣᠢ᠌ᠭᠰᠠᠨ ᠪᠣᠯᠬᠤᠷ

           ᠰᠢᠪᠠᠭᠤ ᠰᠢᠭ ᠪᠢ ᠨᠢᠰᠴᠢᠭᠡᠭ᠍ᠰᠡᠨ ᠶᠤᠮ ᠡ

ᠣᠢ᠌ᠰᠢᠶᠠᠬᠤ ᠦᠭᠡᠶ ᠭᠡᠵᠤ ᠴᠢ ᠠᠮᠠᠯᠳᠠᠭᠰᠠᠨ ᠪᠣᠯᠬᠤᠷ

           ᠴᠠᠰᠤ ᠰᠢᠭ ᠪᠢ ᠪᠣᠳᠠᠷᠠᠴᠢᠬᠠᠭᠰᠠᠨ ᠶᠤᠮ ᠡ

ᠤᠢ᠌ᠳᠬᠠᠷ ᠳᠠᠯᠠᠯᠤᠨ ᠠᠭᠤᠯᠠᠰ ᠤᠨ ᠣᠷᠭᠢᠯ ᠪᠦᠷᠳᠥᠢᠴᠢᠭᠡᠭ᠍ᠰᠡᠨ ᠶᠤᠮ ᠡ

ᠡᠭᠦᠯᠡᠨ ᠰᠤᠷᠮᠤᠤᠰᠤ ᠪᠣᠯᠤᠷ ᠮᠥᠭᠦᠯᠢᠭ᠌ ᠳᠡᠭᠦᠵᠢᠩᠨᠡᠭᠦᠯᠵᠤ

ᠡᠷᠭᠡ ᠬᠤᠩᠭ᠋ᠤᠷ ᠰᠠᠯᠭᠢ ᠨᠠᠷ᠎ᠠ ᠪᠠᠷ ᠴᠢᠨᠢ ᠢᠰᠭᠢᠷᠦᠭ᠍ᠰᠡᠨ ᠶᠤᠮ ᠡ

ᠣᠷᠴᠢᠯᠠᠩ ᠳᠤ ᠴᠢᠮ᠎ᠠ ᠦᠭᠡᠶ ᠪᠠᠷ ᠪᠢ ᠭᠡᠵᠢᠶᠡᠳᠡ ᠳᠠᠢ᠌ᠪᠣᠩ ᠪᠠᠢ᠌ᠵᠤ ᠴᠢᠳᠠᠬᠤ ᠥᠭᠡᠢ

ᠣᠶᠠᠭ᠎ᠠ ᠠᠯᠳᠠᠭᠤᠷᠠᠭᠰᠠᠨ ᠰᠡᠳᠭᠢᠯ ᠴᠢᠮ᠎ᠠ ᠣᠷᠤᠭᠤ ᠯᠠ ᠳᠠᠮᠠᠤᠯᠤᠨ᠎ᠡ


ᠠᠮᠢᠰᠬᠤᠭ᠎ᠠ ᠰᠢᠩᠭᠡᠭ᠍ᠰᠡᠨ ᠠᠭᠠᠷ ᠢ ᠴᠢᠨᠢ ᠥᠨᠦᠷᠯᠡᠭᠦ ᠭᠡᠵᠤ

ᠣᠷᠤᠢ ᠳᠤᠯᠤᠭᠠᠤᠨ ᠢ ᠳᠠᠮᠵᠢᠭᠰᠠᠨ ᠶᠤᠮ

ᠡᠯᠡᠰᠤᠨ ᠤ ᠰᠢᠷᠭᠡᠭ᠌ ᠳᠤᠭᠠᠯᠠᠨ ᠵᠢᠷᠦᠭᠡ ᠨᠢᠭᠡ ᠶᠢ ᠵᠢᠷᠤᠭᠰᠠᠨ ᠶᠤᠮ

ᠰᠠᠯᠭᠢᠨ ᠤ ᠠᠷ ᠳᠠᠭᠠᠭᠤᠯᠤᠨ ᠵᠢᠭᠦᠷ ᠨᠠᠮᠠᠵᠤ ᠣᠷᠭᠤᠭᠤᠯᠤᠭᠰᠠᠨ ᠶᠤᠮ

ᠬᠤᠷᠤᠭᠤᠨ ᠤ ᠴᠢᠨᠢ ᠥᠡᠳᠡᠭᠡ ᠭᠦᠷᠦᠯᠴᠡᠭ᠍ᠰᠡᠨ

ᠳᠤᠷᠭᠠᠨ ᠡᠯᠡᠰᠤᠨ ᠤ ᠰᠢᠷᠭᠡᠭ᠌ ᠢ ᠥᠨᠦᠰᠭᠦ ᠭᠡᠵᠤ

ᠨᠠᠪᠴᠢᠨ ᠳᠡᠯᠪᠠᠭᠡ ᠣᠭᠢᠯᠠᠳᠠᠯ᠎ᠠ

ᠨᠠᠷ᠎ᠠ ᠪᠠᠷ ᠴᠢᠨᠢ ᠪᠠᠢ᠌ᠨ ᠪᠠᠢ᠌ᠨ ᠰᠢᠪᠠᠨᠡᠭ᠍ᠰᠡᠨ ᠶᠤᠮ

ᠭᠦᠪᠦᠩ ᠴᠠᠭᠠᠨ ᠮᠦᠷᠦᠭᠡᠳᠦᠯ ᠨᠤᠭᠤ ᠮᠠᠯᠠᠯᠵᠠᠳᠠᠯ᠎ᠠ ᠪᠦᠷᠭᠦᠭ᠍ᠰᠡᠨ ᠶᠤᠮ

ᠭᠦᠭᠡᠷᠦᠭᠦᠢ ᠳᠠᠩᠭᠢᠯᠬᠠᠨ ᠪᠠᠶ᠎ᠠ ᠮᠢᠨᠢ ᠡᠩ ᠦᠭᠡᠶ ᠮᠦᠷᠦᠭᠡᠳᠦᠯ ᠳᠡᠭᠡᠨ ᠠᠭᠤᠰᠤᠭᠰᠠᠨ ᠶᠤᠮ


                   2012-6-11


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ  ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1322
ᠴᠠᠭ᠄ 2012 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁