ᠴᠠᠭᠢᠮ ᠬᠤᠯᠪᠣᠭ᠎ᠠ

ᠨᠠᠮ᠎ᠠ ᠶᠢ ᠴᠢᠮ᠎ᠠ ᠳᠡᠭᠡᠷ᠎ᠡ ᠬᠤᠯᠪᠣᠭᠰᠠᠨ ᠭᠡᠭᠡᠨ ᠳᠡᠯᠭᠡᠴᠡ

ᠨᠠᠷᠠᠨ ᠤ ᠵᠠᠢ ᠲᠡᠶ ᠭᠢᠵᠠᠭᠠᠷ ᠢ ᠮᠠᠷᠳᠠᠭᠤᠯᠵᠤ

ᠨᠠᠯᠠᠭᠠᠷ ᠬᠤᠷᠸ᠎ᠠ ᠶᠢᠨ ᠥᠩᠭᠡ ᠶᠢ ᠭᠡᠷᠡᠯ ᠶᠢᠡᠷ ᠰᠤᠯᠢᠪᠠ᠂

ᠴᠢ ᠮᠢᠨᠢ ᠰᠡᠳᠭᠢᠯ ᠳᠤ ᠪᠠᠭᠤᠮ᠎ᠠ ᠬᠠᠷᠠᠭᠳᠠᠵᠤ

ᠰᠠᠨᠠᠵᠤ ᠪᠠᠢ᠌ᠨ᠎ᠠ ᠰᠢᠤ ᠭᠡᠭᠦ ᠨᠢ ᠤᠢ᠌ᠷᠬᠠᠨ ᠪᠠᠰᠠ ᠬᠤᠯᠠᠬᠠᠨ

ᠰᠠᠮᠰᠠ ᠱᠠᠷᠭᠢᠷᠠᠳᠠᠯ᠎ᠠ ᠳᠤᠷᠠᠰᠤᠮᠵᠢ ᠶᠢᠨ ᠭᠦᠭ᠌ ᠢ ᠭᠦᠡᠳᠡᠵᠤ

ᠬᠠᠷᠠᠴᠠ ᠪᠠᠷ ᠶᠢᠡᠨ ᠡᠷᠭᠡᠯᠡᠨ ᠮᠠᠯᠮᠠᠷᠠᠪᠠ ᠁

ᠬᠠᠨᠢ ᠮᠢᠨᠢ ᠳ᠋ᠡ᠂ ᠬᠠᠯᠠᠭᠤᠨ ᠰᠡᠳᠭᠢᠯ ᠮᠢᠨᠢ᠂

ᠬᠠᠢ᠌ᠯᠠᠩᠬᠠᠨ ᠣᠶᠠᠷᠠᠬᠤ ᠪᠣᠳᠤᠯ ᠪᠣᠳᠤᠯ ᠤᠨ ᠬᠤᠷᠤᠮ ᠳ᠋ᠤ

ᠬᠤᠷᠤᠭᠤᠨ ᠤ ᠥᠵᠦᠭᠦᠷ ᠳᠠᠭᠢ ᠳᠤᠪᠴᠢᠯᠠᠭᠤᠷ ᠴᠠᠴᠠᠷᠠᠵᠤ

ᠴᠢ ᠳᠠᠠᠳᠠ᠂ ᠪᠢ ᠡ᠊ᠨᠳᠡ ᠰᠡᠭᠦᠳᠡᠷᠯᠡᠨ ᠮᠠᠳᠠᠷᠠᠵᠤ

ᠴᠢᠭᠢᠪᠴᠢᠨ ᠤ ᠴᠢᠮᠡᠭᠡ ᠪᠠᠷ ᠬᠠᠢ᠌ᠷ᠎ᠠ ᠪᠣᠳᠠᠷᠠᠪᠠ᠂

ᠠᠯᠤᠰ ᠤᠨ ᠠᠮᠢᠳᠤᠷᠠᠯ ᠬᠠᠮᠢᠭ᠎ᠠ ᠨᠢ ᠴᠤ ᠪᠢᠯᠠ

ᠠᠳᠬᠤ ᠠᠳᠬᠤᠨ ᠳᠠᠭᠠᠨ ᠪᠠᠭᠳᠠᠵᠤ ᠶᠠᠪᠣᠬᠤ ᠨᠢ ᠶᠠᠭᠤ ᠴᠤ ᠪᠢᠯᠠ

ᠠᠪᠣ ᠡᠵᠢ ᠪᠣᠯᠤᠯᠴᠠᠬᠤ ᠨᠢ ᠴᠤ ᠭᠡᠵᠢᠶ᠎ᠡ ᠪᠢᠯᠠ ᠁

ᠠᠯᠠᠭ᠎ᠠ ᠠᠯᠠᠭ᠎ᠠ ᠪᠠᠨ ᠬᠠᠮᠳᠤᠳᠬᠠᠬᠤ ᠶᠢ ᠭᠦᠰᠡᠭᠦ ᠭᠢᠷᠢᠨ᠎ᠡ

ᠴᠢ ᠳᠠᠠᠳᠠᠭᠢ ᠶᠢᠨ ᠭᠢ᠂ ᠪᠢ ᠡ᠊ᠨᠳᠡᠭᠢ ᠶᠢᠨ ᠭᠢ᠂

ᠴᠠᠭᠢᠯᠵᠤ ᠵᠤᠷᠢᠭᠰᠠᠨ ᠵᠠᠯᠠᠭᠤ ᠨᠠᠰᠤᠨ ᠤ ᠡᠷᠢᠯ ᠮᠠᠨᠢ ᠴᠤ

ᠴᠠᠭᠢᠯᠵᠤ ᠬᠠᠷᠪᠣᠭᠰᠠᠨ ᠴᠠᠭᠢᠮ ᠬᠤᠯᠪᠣᠭᠠᠨ ᠤ ᠮᠠᠳᠠᠷᠠᠮᠵᠢ ᠯᠠ ᠪᠠᠢ᠌ᠭᠰᠠᠨ ᠦᠦ

ᠰᠠᠯᠵᠤ ᠮᠡᠳᠡᠷᠡᠭ᠌ ᠡᠨᠡᠭᠦ ᠦᠨ᠎ᠡ ᠴᠠᠨ᠎ᠡ ᠵᠢ

ᠰᠠᠷᠠᠨ ᠤ ᠵᠠᠢ᠌ᠳᠠᠢ ᠠᠮᠠᠷᠠᠭ ᠮᠢᠨᠢ ᠡ︕


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1574
ᠴᠠᠭ᠄ 2011 ᠤᠨ ᠤ 04 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ