ᠪᠠᠶᠠᠷ ᠤᠨ ᠡᠳᠦᠷ ᠤᠨ ᠪᠡᠯᠡᠭ

ᠥᠷᠯᠦᠭᠡ ᠂ ᠨᠢᠬᠳᠡᠯᠡᠨ ᠪᠣᠳᠤᠭᠴᠢ ᠶᠢᠨ ᠠᠯᠪᠠ ᠲᠡᠶ ᠰᠦᠩᠵᠢᠤᠨ ᠠᠵᠢᠯ ᠳᠠᠭᠠᠨ ᠭᠠᠷᠬᠤ ᠡᠴᠡ ᠡᠮᠦᠨ᠎ᠡ ᠬᠠᠳᠠᠮ ᠡᠭᠡ ᠳᠡᠭᠡᠨ ᠵᠠᠭᠤᠳᠤ ᠶᠢᠨ ᠳᠡᠪᠢᠰᠭᠡᠷ ᠨᠢᠭᠡ ᠶᠢ ᠭᠠᠷᠳᠠᠭᠤᠯᠤᠨ ᠄

ᠡᠵᠢ ᠡ ᠂ ᠦᠨᠦᠳᠤᠷ ᠨᠠᠭᠢᠶ᠎ᠠ ᠶᠢᠨ ᠴᠢᠨᠢ ᠭᠤᠷᠪᠠᠨ ᠨᠠᠰᠤᠨ ᠤ ᠣᠢ ᠰᠢᠤ ᠃ ᠮᠠᠨ ᠤ ᠪᠠᠢ᠌ᠭᠤᠯᠤᠯᠭ᠎ᠠ ᠡᠴᠡ ᠭᠡᠳᠤᠨ ᠭᠦᠮᠤᠨ ᠵᠠᠯᠠᠵᠤ ᠂ ᠭᠦᠤ ᠴᠢᠨᠢ ᠪᠠᠰᠠ ᠬᠠᠮᠳᠤ ᠠᠵᠢᠯᠯᠠᠭᠰᠠᠤᠨ ᠶᠢᠡᠨ ᠵᠠᠯᠠᠬᠤ ᠭᠡᠵᠤ ᠪᠠᠢ᠌ᠭᠰᠠᠨ ᠭᠡᠤᠨ ᠰᠠᠯᠭᠢ ᠳᠠᠳᠠᠭᠤᠯᠤᠨ ᠭᠠᠷᠴᠤ ᠶᠠᠪᠣᠯ᠎ᠠ ᠃

ᠬᠠᠳᠠᠮ ᠡᠭᠡ ᠨᠢ ᠪᠠᠷᠢ ᠶᠢᠨ ᠶᠢᠡᠨ ᠰᠠᠨᠠᠭ᠎ᠠ ᠶᠢ ᠣᠢ᠌ᠯᠠᠭᠠᠨ ᠣᠮᠪᠣᠯᠤ ᠦᠬᠢᠨ ᠨᠠᠭᠢᠶ᠎ᠠ ᠪᠠᠨ ᠭᠦᠳᠦᠯᠵᠤ ᠭᠠᠷᠤᠭᠠᠤᠨ ᠂ ᠮᠢᠬ᠎ᠠ ᠨᠤᠭᠤᠭ᠎ᠠ ᠭᠡᠵᠤ ᠨᠠᠢ᠌ᠷᠠᠭᠤᠯᠵᠤ ᠠᠪᠣᠭᠰᠠᠭᠠᠷ ᠳᠤᠮᠤᠬᠠᠨ ᠰᠠᠭᠰᠤ ᠪᠠᠨ ᠣᠪᠣᠢ᠌ᠳᠠᠯ᠎ᠠ ᠳᠦᠭᠦᠷᠭᠦᠵᠤ ᠣᠷᠭᠢᠪᠠ ᠃

ᠵᠠᠮ ᠳᠤᠮᠳᠠ ᠣᠮᠪᠣᠯᠤ ᠦᠬᠢᠨ ᠨᠢ 《ᠭᠦᠯ ᠡᠪᠠᠦᠡᠴᠢᠭᠡᠯ᠎ᠡ》 ᠭᠡᠳᠡᠯ᠎ᠡ 《ᠭᠡᠳᠡᠰᠤ ᠡᠪᠡᠳᠴᠢᠭᠡᠯ᠎ᠡ》 ᠭᠡᠵᠤ ᠶᠠᠷᠰᠢᠭᠯᠠᠵᠤ ᠵᠤᠪᠠᠭᠠᠭᠠᠤᠨ ᠵᠥᠭ᠍ᠳᠡᠢ ᠠᠯᠬᠤᠯ ᠦᠭᠡᠶ ᠡᠭᠦᠷᠦᠭᠡᠤᠨ ᠢᠷᠡᠭ᠍ᠰᠡᠨ ᠤ ᠬᠠᠷᠠᠭ᠎ᠠ ᠪᠠᠷ ᠭᠡᠷ ᠲᠡᠭᠡᠨ ᠪᠣᠴᠠᠵᠤ ᠢᠷᠡᠭᠦ ᠳᠤ ᠪᠦᠳᠤᠨ ᠪᠠᠶ᠎ᠠ ᠨᠢ ᠱᠠᠯ ᠭᠦᠯᠦᠷᠡᠵᠤ ᠨᠢᠭᠡᠮᠦᠰᠤᠨ ᠶᠠᠳᠠᠷᠠᠵᠠᠢ᠃

ᠡᠯᠭᠦᠭᠦᠷ ᠴᠠᠭ ᠶᠢᠡᠨ ᠬᠠᠷᠠᠪᠠᠯ ᠠᠷᠪᠠᠨ ᠴᠠᠭ ᠥᠩᠭᠡᠷᠡᠴᠢᠭᠡᠵᠡᠢ᠃ 《ᠪᠣᠰᠢᠭᠤᠯᠬᠤ ᠦᠭᠡᠶ ᠪᠣᠯ ᠠᠮᠵᠢᠳᠠᠭ ᠦᠭᠡᠶ ᠭᠡᠷᠡᠭ᠌ ᠡ ᠂ ᠭᠦᠮᠤᠨ ᠢ ᠢᠷᠡᠴᠢᠭᠡᠭ᠍ᠰᠡᠨ ᠪᠠᠢ᠌ᠬᠤ ᠳᠤ ᠴᠠᠢ ᠴᠤ ᠦᠭᠡᠶ ᠴᠢᠷᠠᠢ ᠴᠤ ᠦᠭᠡᠶ ᠰᠠᠭᠤᠪᠠᠯ ᠶᠤᠰᠤᠳᠠᠢ ᠨᠢᠭᠤᠷ ᠶᠢᠡᠨ ᠪᠠᠷᠠᠭᠰᠠᠨ ᠭᠡᠷᠡᠭ᠌ ᠪᠣᠯᠤᠨ᠎ᠠ ᠳ᠋ᠠ》 ᠭᠡᠵᠤ ᠪᠣᠳᠤᠭᠰᠠᠨ ᠭᠦᠭ᠍ᠰᠢᠨ ᠭᠦᠯ ᠶᠢᠡᠨ ᠴᠢᠷᠦᠭ᠍ᠰᠡᠭᠡᠷ ᠳᠤᠭᠤᠭᠠᠨ ᠭᠡᠷ ᠲᠡᠭᠡᠨ ᠣᠷᠤᠵᠤ ᠣᠴᠢᠨ ᠂ ᠶᠠᠩᠵᠤ ᠪᠦᠷᠢ ᠶᠢᠨ ᠨᠤᠭᠤᠭ᠎ᠠ ᠴᠠᠭ᠎ᠠ ᠶᠢ ᠠᠰ ᠠᠰᠳᠠᠭᠠᠨ ᠣᠭᠢᠶᠠᠵᠤ ᠭᠡᠷᠴᠢᠨ ᠂ ᠬᠠᠭᠤᠷᠴᠤ ᠬᠠᠭᠠᠷᠢᠬᠤ ᠳᠤ ᠪᠠᠯᠡᠭᠡᠨ ᠪᠣᠯᠭᠠᠵᠤ ᠳᠠᠯᠪᠢᠪᠠ ᠃ ᠵᠢᠭᠠᠬᠠᠨ ᠠᠮᠢᠰᠬᠤᠯ ᠠᠪᠬᠤ ᠰᠠᠨ ᠭᠡᠤᠨ ᠭᠠᠷ ᠶᠢᠡᠨ ᠠᠷᠴᠢᠨ ᠬᠤᠷᠮᠣᠢ᠌ᠪᠴᠢ ᠪᠠᠨ ᠳᠠᠢ᠌ᠯᠳᠠᠯ᠎ᠠ ᠭᠠᠳᠠᠨ᠎ᠠ ᠡᠴᠡ ᠭᠦᠮᠦᠰ ᠤᠨ ᠢᠨᠢᠶᠡᠯᠳᠦᠭᠦ ᠳᠠᠭᠤᠨ ᠂ ᠭᠦᠩᠭᠦᠷ ᠳᠦᠩᠭᠦᠷ ᠶᠠᠷᠢᠯᠴᠠᠬᠤ ᠳᠠᠭᠤᠨ ᠰᠤᠨᠤᠰᠳᠠᠵᠤ ᠂ ᠵᠤᠴᠢᠤᠨ ᠮᠤᠷᠢᠯᠠᠨ ᠰᠠᠭᠠᠳᠠᠯ᠎ᠠ ᠃

ᠭᠦᠭ᠍ᠰᠢᠨ ᠰᠠᠠᠳᠤᠷᠴᠤ ᠬᠤᠷᠮᠣᠢ᠌ᠪᠴᠢ ᠪᠠᠨ ᠳᠠᠭᠢᠨ ᠠᠪᠴᠤ ᠪᠦᠰᠡᠯᠡᠭᠡᠤᠨ ᠳᠤᠭᠤᠭ᠎ᠠ ᠰᠢᠨᠠᠭ᠎ᠠ ᠬᠤᠶᠠᠷ ᠢ ᠪᠠᠨ ᠭᠡᠷᠡᠯᠳᠦᠭᠦᠯᠵᠤ ᠡᠭᠢᠯᠡᠪᠡ ᠃ ᠰᠢᠷᠡᠭᠡᠨ ᠳᠡᠭᠡᠷ᠎ᠡ ᠬᠠᠯᠠᠭᠤᠨ ᠠᠭᠤᠷ ᠰᠠᠪᠰᠠᠨ ᠬᠤᠭᠤᠯᠠᠢ ᠭᠤᠪᠣᠭᠤᠨᠠᠭᠤᠯᠤᠮ᠎ᠠ ᠰᠠᠢ᠌ᠬᠠᠨ ᠦᠨᠦᠷ ᠬᠠᠩᠬᠤᠯᠤᠭᠰᠠᠨ ᠨᠤᠭᠤᠭ᠎ᠠ ᠵᠠᠭᠤᠰᠢ ᠥᠷᠦᠭ᠍ᠳᠡᠵᠤ ᠂ ᠭᠦᠤ ᠪᠠᠷᠢ ᠬᠤᠶᠠᠷ ᠨᠢ ᠡᠨᠡ ᠳᠠᠷᠠ ᠪᠠᠨ ᠡᠪᠯᠡᠭᠦᠯᠤᠨ ᠪᠦᠵᠢᠭ᠍ᠴᠡᠨ᠎ᠡ ᠃

ᠶᠠᠭᠤ ᠴᠤ ᠭᠡᠰᠡᠨ ᠬᠠᠭᠠᠰ ᠴᠠᠭ ᠮᠤᠩᠭ᠋ᠠᠨᠢᠭᠠᠤᠨ ᠠᠷᠪᠠᠨ ᠬᠠᠭᠤᠷᠤᠯᠭ᠎ᠠ ᠬᠤᠶᠠᠷ ᠴᠢᠨᠠᠯᠭ᠎ᠠ ᠪᠦᠷᠢᠳᠦᠯ᠎ᠡ ᠃ ᠭᠦᠭ᠍ᠰᠢᠨ ᠤ ᠮᠠᠩᠨᠠᠢ ᠳᠤ ᠪᠣᠷᠴᠠᠭ ᠤᠨ ᠭᠦᠯᠦᠰᠤ ᠮᠤᠠᠴᠤᠭᠯᠠᠵᠤ ᠂ ᠪᠦᠭᠦ ᠪᠠᠶ᠎ᠠ ᠨᠢ ᠳᠠᠮᠢᠷ ᠠᠯᠳᠠᠷᠠᠨ ᠡᠪᠦᠳᠦᠭ᠌ ᠶᠢᠡᠷ ᠨᠢ ᠨᠤᠭᠤᠷᠠᠵᠤ ᠪᠠᠢ᠌ᠪᠠ ᠃ ᠳᠤᠯᠤᠭᠠᠢ ᠨᠢ ᠡᠷᠭᠢᠨ ᠨᠢᠳᠤ ᠨᠢ ᠪᠠᠯᠠᠷᠳᠠᠭᠠᠤᠨ ᠡᠰᠡ ᠯᠠ ᠣᠢ᠌ᠴᠢᠬᠤ ᠰᠢᠬᠠᠬᠤ ᠳᠠᠭᠠᠨ ᠳᠡᠷᠭᠡᠳᠡᠭᠢ ᠵᠤᠤᠬᠠᠨ ᠤ ᠢᠷᠮᠡᠭ᠌ ᠲᠦᠰᠢᠨ ᠳᠦᠩᠭᠡᠵᠢ ᠪᠠᠶ᠎ᠠ ᠪᠠᠨ ᠳᠤᠭᠳᠠᠭᠠᠰᠭᠢᠯ᠎ᠠ ᠃

ᠡᠨᠡ ᠦᠶ᠎ᠡ ᠭᠦᠤ ᠨᠢ ᠣᠷᠤᠵᠤ ᠢᠷᠡᠭᠡᠤᠨ ᠄

᠊᠊᠊᠊᠊᠊᠊᠊᠊᠊᠊᠊᠊᠊᠊ ᠡᠵᠢ ᠡ᠂ ᠳᠠ ᠪᠠᠰᠠ ᠰᠢᠷᠡᠭᠡᠤᠨ ᠳᠤ ᠰᠠᠭᠤᠴᠢᠬ᠎ᠠ ᠭᠡᠵᠤ ᠱᠠᠯᠠᠯ᠎ᠠ᠃

᠊᠊᠊᠊᠊᠊᠊᠊᠊᠊᠊᠊᠊᠊᠊ ᠭᠦᠤ ᠮᠢᠨᠢ ᠂ ᠴᠢ ᠣᠷᠤᠭᠠᠤᠨ ᠵᠤᠴᠢᠨ ᠶᠢᠡᠨ ᠰᠠᠢ᠌ᠬᠠᠨ ᠳᠠᠢ᠌ᠯᠠ︕ ᠡᠵᠢ ᠨᠢ ᠰᠠᠭᠤᠬᠤ ᠦᠭᠡᠶ ᠳᠤ ᠴᠤ ᠶᠠᠭᠠᠭᠢᠬᠤ ᠪᠣᠢ︖ ᠳᠡᠭᠡᠭᠦ ᠶᠢᠨ ᠣᠷᠤᠨ ᠳᠤ ᠵᠢᠭᠠᠬᠠᠨ ᠬᠠᠵᠠᠭᠤᠯᠠᠭᠠᠤᠨ ᠠᠪᠣᠶ᠎ᠠ ᠭᠡᠪᠠᠯ ᠭᠦᠤ ᠨᠢ ᠬᠠᠷᠢᠨ ᠡᠵᠢ ᠶᠢ ᠪᠠᠨ ᠴᠢᠩᠭ᠋ᠠᠭᠠᠬᠤ ᠲᠡᠶ ᠳᠠᠳᠠᠬᠤ ᠲᠡᠶ ᠵᠤᠴᠢᠯᠠᠭ᠎ᠠ ᠶᠢᠨ ᠥᠷᠦᠭᠡᠨ ᠳᠡᠭᠡᠨ ᠠᠪᠣᠭᠠᠤᠨ ᠣᠷᠤᠭᠠᠤᠨ ᠢᠷᠡᠭᠦ ᠶᠤᠮ ᠪᠢᠯᠠ ᠃

ᠭᠦᠭ᠍ᠰᠢᠨ ᠠᠷᠭ᠎ᠠ ᠪᠣᠰᠤ ᠰᠢᠷᠡᠭᠡᠨ ᠳᠤ ᠰᠠᠭᠤᠪᠠ ᠃ ᠰᠢᠷᠡᠭᠡᠨ ᠳᠤ ᠰᠠᠭᠤᠭᠰᠠᠨ ᠭᠦᠮᠦᠰ ᠡᠴᠡ ᠪᠠᠷᠢ ᠶᠢᠨ ᠭᠢᠨᠢ ᠳᠤᠪᠴᠢᠶᠠᠨ ᠳᠠᠷᠤᠭ᠎ᠠ ᠂ ᠳᠠᠳ᠋ ᠳᠠᠷᠤᠭ᠎ᠠ ᠂ ᠰᠠᠯᠠᠭᠠᠨ ᠳᠠᠷᠤᠭ᠎ᠠ ᠵᠡᠷᠭᠡ ᠭᠦᠮᠦᠰ ᠪᠠᠢ᠌ᠯᠴᠠᠵᠤ ᠂ ᠭᠦᠤ ᠶᠢᠨ ᠭᠢᠨᠢ ᠪᠠᠢ᠌ᠭᠤᠯᠤᠯᠭ᠎ᠠ ᠡᠴᠡ ᠪᠠᠰᠠ ᠭᠡᠳᠤᠨ ᠪᠠᠭᠰᠢ ᠰᠠᠭᠤᠯᠴᠠᠪᠠ ᠃

ᠳᠤᠪᠴᠢᠶᠠᠨ ᠳᠠᠷᠤᠭ᠎ᠠ ᠣᠷᠢᠤᠨ ᠶᠢᠡᠷ ᠬᠤᠭᠤᠯᠠᠢ ᠵᠠᠰᠠᠰᠭᠢᠵᠤ ᠬᠤᠠᠳᠠᠭ᠎ᠠ ᠪᠠᠨ ᠡᠷᠭᠦᠭᠡᠤᠨ ᠂ ᠭᠤᠶᠤ ᠰᠠᠢ᠌ᠬᠠᠨ ᠬᠤᠪᠴᠠᠰᠤ ᠡᠮᠦᠰᠦᠭᠡᠤᠨ ᠠᠮᠠ ᠬᠠᠮᠭᠢᠯ ᠦᠭᠡᠶ ᠪᠠᠶᠠᠷᠯᠠᠵᠤ ᠂ ᠡᠭᠡ ᠶᠢᠨ ᠶᠢᠡᠨ ᠡᠪᠦᠷ ᠳᠡᠭᠡᠷ᠎ᠡ ᠡᠷᠭᠡᠯᠡᠨ ᠰᠠᠭᠤᠭ᠎ᠠ ᠪᠢᠴᠢᠬᠠᠨ ᠨᠠᠭᠢᠶ᠎ᠠ ᠶᠢ ᠥᠭᠦᠭᠡᠷᠳᠤᠨ ᠬᠠᠷᠠᠭᠰᠠᠨ ᠶᠢᠡᠨ᠄

᠊᠊᠊᠊᠊᠊᠊᠊᠊᠊᠊᠊᠊᠊᠊ ᠵᠠ ᠂ ᠦᠨᠦᠳᠤᠷ ᠪᠢᠳᠠ ᠴᠢᠨᠢ ᠢᠷᠦᠭᠡᠯ ᠲᠡᠶ ᠳᠠᠭᠠᠨ ᠵᠤᠯᠭᠠᠵᠤ ᠢᠷᠤᠭᠠᠷ ᠲᠡᠶ ᠳᠠᠭᠠᠨ ᠳᠤᠭᠳᠠᠵᠠᠢ ᠭᠡᠳᠡᠭ᠌ ᠶᠢᠡᠷ ᠪᠢᠴᠢᠬᠠᠨ ᠨᠠᠭᠢᠶ᠎ᠠ ᠶᠢᠨ ᠭᠤᠷᠪᠠᠨ ᠨᠠᠰᠤᠨ ᠤ ᠣᠢ ᠶᠢᠨ ᠪᠠᠶᠠᠷ ᠳᠡᠭᠡᠷ᠎ᠡ ᠢᠩᠭᠢᠵᠤ ᠰᠢᠷᠡᠭᠡ ᠳᠦᠭᠦᠷᠭᠡᠨ ᠰᠠᠭᠠᠳᠠᠵᠠᠭᠠᠯ᠎ᠠ ᠃ ᠳᠠᠢ᠌ᠮᠤ ᠪᠠᠷ ᠶᠢᠡᠨ ᠪᠢᠳᠠ ᠪᠦᠭᠦᠳᠡᠭᠡᠷ ᠭᠡᠦᠭᠡᠨ ᠤ ᠪᠠᠨ ᠡᠷᠡᠭᠦᠯ ᠡᠩᠭᠡ ᠪᠠᠷ ᠦᠰᠦᠨ ᠪᠣᠢ᠌ᠵᠢᠵᠤ ᠂ ᠬᠤᠵᠢᠮ ᠬᠣᠢ᠌ᠰᠢᠳᠠ ᠶᠢᠨ ᠰᠠᠢ᠌ᠨ ᠰᠠᠢ᠌ᠬᠠᠨ ᠢ ᠨᠢ ᠪᠠᠯᠭᠡᠳᠡᠭᠡᠤᠨ ᠬᠤᠠᠳᠠᠭ᠎ᠠ ᠪᠠᠨ ᠮᠥᠷᠭᠦᠯᠳᠦᠭᠦᠯᠵᠡᠭᠡᠶ᠎ᠡ ᠭᠡᠯ᠎ᠡ ᠃

ᠣᠯᠠᠨ ᠬᠤᠠᠳᠠᠭ᠎ᠠ ᠬᠠᠩᠭᠢᠷ ᠴᠢᠩᠭᠢᠷ ᠮᠥᠷᠭᠦᠯᠳᠤᠨ ᠳᠤᠭᠰᠢᠨ ᠬᠠᠷ᠎ᠠ ᠬᠤᠳᠤᠭᠤᠳᠤ ᠣᠷᠤᠭᠤ ᠳᠤᠪᠳᠤᠯᠤᠨ ᠣᠷᠤᠨ᠎ᠠ ᠃ ᠳᠤᠪᠴᠢᠶᠠᠨ ᠳᠠᠷᠤᠭ᠎ᠠ ᠬᠤᠭᠤᠰᠤᠨ ᠬᠤᠠᠳᠠᠭ᠎ᠠ ᠪᠠᠨ ᠡᠮᠦᠨ᠎ᠡ ᠪᠠᠨ ᠳᠠᠯᠪᠢᠵᠤ ᠬᠠᠷᠮᠠᠨ ᠡᠴᠡ ᠪᠠᠨ ᠳᠠᠪᠢᠳᠤ ᠶᠢᠨ ᠳᠡᠪᠢᠰᠭᠡᠷ ᠭᠠᠷᠭᠠᠨ ᠰᠢᠷᠡᠭᠡᠨ ᠳᠡᠭᠡᠷ᠎ᠡ ᠳᠠᠯᠪᠢᠵᠤ ᠄

᠊᠊᠊᠊᠊᠊᠊᠊᠊᠊᠊᠊᠊᠊᠊ ᠮᠢᠨᠤ ᠭᠡᠦᠭᠡᠨ ᠵᠤᠭᠤᠰᠤᠨ ᠳᠤ ᠠᠳᠠᠯᠢ ᠪᠦᠭᠡ ᠶᠠᠪᠣᠬᠤ ᠶᠤᠮ ᠡ ᠭᠡᠤᠨ ᠣᠯᠠᠨ ᠢ ᠳᠤᠭᠤᠷᠢᠭᠤᠯᠤᠨ ᠬᠠᠷᠠᠵᠤ ᠠᠪᠣᠪᠠ ᠃ ᠪᠣᠰᠤᠳ ᠭᠦᠮᠦᠰ ᠴᠤ ᠬᠣᠢ᠌ᠨ᠎ᠠ ᠬᠣᠢ᠌ᠨ᠎ᠠ ᠡᠴᠡ ᠪᠠᠨ ᠪᠣᠰᠴᠤ ᠂ ᠬᠤᠪᠢ ᠬᠤᠪᠢᠨ ᠤ ᠪᠠᠯᠳᠤ ᠢᠷᠦᠭᠡᠯ ᠶᠢᠡᠨ ᠬᠠᠢ᠌ᠷᠠᠯᠠᠵᠤ ᠂ ᠥᠭ᠍ᠳᠡᠭ᠌ ᠪᠠᠷᠢᠴᠠ ᠪᠠᠨ ᠡᠷᠭᠦᠭ᠍ᠰᠡᠭᠡᠷ ᠨᠢᠭᠡ ᠮᠡᠳᠡᠭᠦ ᠳᠤ ᠰᠦᠩᠵᠢᠤᠠᠮ᠎ᠠ ᠶᠢᠨ ᠡᠮᠦᠨ᠎ᠡ ᠳᠠᠪᠢᠳᠤ ᠶᠢᠨ ᠳᠡᠪᠢᠰᠭᠡᠷ ᠣᠪᠣᠭᠠᠷᠠᠵᠠᠢ ᠃

ᠭᠡᠳᠤᠨ ᠬᠤᠠᠳᠠᠭ᠎ᠠ ᠶᠠᠪᠣᠭᠤᠯᠤᠭᠰᠠᠨ ᠲᠡᠶ᠂ ᠶᠠᠳᠠᠷᠠᠯ ᠵᠦᠳᠠᠷᠠᠯ ᠳᠡᠭᠡᠨ ᠳᠡᠢ᠌ᠯᠥᠭᠳᠡᠭᠰᠡᠨ ᠭᠦᠭ᠍ᠰᠢᠨ ᠰᠢᠷᠡᠭᠡᠨ ᠳᠡᠭᠡᠷ᠎ᠡ ᠪᠠᠨ ᠥᠷᠭᠡᠯᠡᠪᠡ ᠃

᠊᠊᠊᠊᠊᠊᠊᠊᠊᠊᠊᠊᠊᠊᠊ ᠡᠵᠢ ᠡ ︕ ᠭᠡᠭᠦ ᠭᠦᠤ ᠶᠢᠨ ᠶᠢᠡᠨ ᠳᠠᠭᠤᠳᠠᠬᠤ ᠳᠠᠭᠤ ᠪᠠᠷ ᠨᠣᠢ᠌ᠷ ᠡᠴᠡ ᠰᠡᠷᠭᠦᠰᠭᠢᠵᠤ ᠂ ᠭᠠᠷᠴᠤ ᠶᠠᠪᠣᠬᠤ ᠶᠢ ᠵᠠᠪᠳᠤᠳᠠᠯ᠎ᠠ ᠡᠭᠦᠳᠡ ᠨᠡᠭᠡᠭᠡᠭ᠍ᠳᠡᠵᠤ ᠮᠦᠯᠠᠨ ᠭᠢᠭᠡᠤᠨ ᠴᠢᠮᠡᠭ᠌ ᠭᠡᠳᠡᠭ᠌ ᠬᠤᠶᠠᠷ ᠨᠠᠢ᠌ᠵᠠ ᠨᠢ ᠭᠠᠷ ᠲᠠᠭᠠᠨ ᠰᠢᠪᠠᠭᠤᠨ ᠰᠢᠩᠭᠡᠯᠢᠭ᠌ ᠳᠡᠭᠦᠵᠢᠯᠡᠭ᠍ᠰᠡᠭᠡᠷ ᠣᠷᠤᠵᠤ ᠢᠷᠡᠭᠡᠤᠨ ᠄

᠊᠊᠊᠊᠊᠊᠊᠊᠊᠊᠊᠊᠊᠊᠊ ᠡᠭᠡᠴᠢ ᠡ ᠂ ᠳᠠ ᠭᠡᠳᠥᠢ᠌ᠨ ᠡᠴᠡ ᠡᠢ᠌ᠮᠤ ᠨᠢᠭᠡ ᠰᠢᠪᠠᠭᠤ ᠳᠡᠵᠢᠭᠡᠭᠦ ᠶᠤᠮᠰᠠᠨ ᠭᠡᠵᠤ ᠪᠠᠢ᠌ᠭᠰᠠᠨ ᠪᠢᠰᠢᠤ ⁈ ᠵᠢᠷᠠᠨ ᠨᠠᠰᠤᠨ ᠤ ᠳᠦᠷᠦᠭ᠍ᠰᠡᠨ ᠡᠳᠦᠷ ᠤᠨ ᠪᠠᠶᠠᠷ ᠲᠤ ᠴᠢᠨᠢ ᠪᠢᠳᠠ ᠬᠤᠶᠠᠭᠤᠯᠠ ᠡᠨᠡ ᠭᠦ ᠪᠠᠯᠡᠭ᠌ ᠢ ᠠᠪᠣᠭᠠᠤᠨ ᠢᠷᠠᠯ᠎ᠠ ᠃ ᠡᠭᠡᠴᠢ ᠳᠠ ᠥᠨᠡᠭᠡᠷ ᠪᠣᠶᠠᠨ ᠲᠡᠶ ᠭᠦᠮᠤᠨ ᠡ ︕ ᠦᠷ᠎ᠡ ᠭᠡᠦᠭᠡᠤᠨ ᠴᠢᠨᠢ ᠭᠡᠴᠢᠨᠡᠨ ᠠᠴᠢᠯᠠᠯᠳᠠᠢ ᠪᠠᠢ᠌ᠨ᠎ᠠ ᠪᠣᠢ ︖ ᠭᠡᠪᠡ ᠃

ᠭᠦᠤ ᠪᠣᠯᠤᠨ ᠪᠠᠷᠢ ᠶᠢᠨ ᠭᠢᠨᠢ ᠴᠢᠷᠠᠢ ᠭᠡᠰᠡᠭ᠌ ᠴᠠᠢ᠌ᠷᠠᠵᠤ ᠭᠡᠰᠡᠭ᠌ ᠣᠯᠠᠢ᠌ᠨ᠎ᠠ ᠃

ᠰᠢᠷᠡᠭᠡᠨ ᠳᠤ ᠰᠠᠭᠤᠭᠰᠠᠨ ᠵᠤᠴᠢᠤᠨ ᠤᠨ ᠴᠢᠷᠠᠢ ᠳᠤ ᠬᠠᠴᠢᠨ ᠵᠢᠭ᠍ᠳᠡᠢ ᠢᠯᠠᠷᠠᠯ ᠳᠤᠳᠤᠷᠠᠭᠠᠤᠨ ᠠᠷᠢᠭᠢᠨ ᠰᠢᠷᠡᠭᠡ ᠨᠠᠮ ᠨᠠᠮᠵᠢᠭᠤᠨ ᠪᠣᠯᠪᠠ ᠃

ᠭᠦᠭ᠍ᠰᠢᠨ ᠥᠭᠡ ᠳᠤᠤᠭᠠᠷᠤᠯ ᠦᠭᠡᠶ ᠡᠭᠦᠳᠡ ᠪᠠᠨ ᠳᠦᠯᠭᠢᠨ ᠠᠶᠠᠷᠬᠠᠨ ᠭᠠᠷᠴᠤ ᠶᠠᠪᠣᠯ᠎ᠠ ᠁


ᠵᠤᠬᠢᠶᠠᠭᠴᠢ᠄ ᠳ᠋ᠦ᠋ᠩ ᠴᠢᠩ
ᠢᠷᠡᠯᠲᠡ᠄
ᠳᠠᠷᠤᠮ᠄ 3626
ᠴᠠᠭ᠄ 2005 ᠤᠨ ᠤ 08 ᠰᠠᠷ᠎ᠠ ᠶᠢᠨ 04
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠥᠭᠥᠯᠡᠯᠭᠡ - ᠪᠠᠶᠠᠷ ᠤᠨ ᠡᠳᠦᠷ ᠤᠨ ᠪᠡᠯᠡᠭ