ᠬᠤᠶᠠᠷ ᠭᠦᠤ ᠳᠤ ᠪᠠᠨ

ᠭᠦᠳᠡᠭᠡ ᠠᠢ᠌ᠯ ᠤᠨ ᠪᠣᠷᠤ ᠭᠡᠷ ᠲᠤ ᠪᠠᠨ

ᠭᠦᠤ ᠮᠢᠨᠢ ᠳᠠ ᠬᠤᠶᠠᠭᠤᠯᠠ ᠵᠠᠶᠠᠭᠠᠵᠤ

ᠭᠦᠷᠦᠩᠭᠡ ᠨᠢᠮᠭᠡᠨ ᠣᠠᠳᠤᠷᠤᠯ ᠤᠨ ᠳᠤᠮᠳᠠ

ᠭᠦᠴᠢᠷ ᠢ ᠡᠳ᠋ᠯᠡᠵᠤ ᠥᠰᠦᠭ᠍ᠰᠡᠨ ᠶᠤᠮ᠃

ᠠᠷᠠᠤᠨ ᠡᠴᠠ ᠡᠷᠭᠢᠯᠡᠭ᠍ᠰᠡᠨ ᠪᠠᠭᠰᠢ ᠡᠵᠢ ᠴᠢᠨᠢ

ᠠᠳᠠᠭ ᠤᠨ ᠳᠤᠤᠷ᠎ᠠ ᠴᠠᠯᠢᠩ ᠲᠡᠶ ᠪᠠᠢ᠌ᠭᠰᠠᠨ ᠡᠴᠠ

ᠠᠷᠪᠠᠨ ᠮᠥᠩᠭᠦ ᠶᠢ ᠴᠤ ᠦᠭ‍ᠭᠦᠨᠤ ᠪᠠᠢ᠌ᠨᠤ ᠭᠡᠵᠤ

ᠠᠩᠭ᠋᠎ᠠ ᠬᠤᠶᠠᠷ ᠢ ᠪᠠᠨ ᠭᠠᠴᠢᠭᠳᠠᠭᠤᠯᠵᠤ ᠥᠰᠭᠡᠭ᠍ᠰᠡᠨ ᠶᠤᠮ


ᠭᠡᠳᠤᠨ ᠭᠠᠵᠠᠷ ᠤᠨ ᠰᠤᠷᠭᠠᠭᠤᠯᠢ ᠶᠢᠨ ᠵᠠᠮ ᠢ

ᠭᠦᠯ ᠶᠢᠡᠷ ᠶᠢᠡᠨ ᠳᠠᠪᠭᠢᠳᠠᠭ ᠪᠠᠢ᠌ᠭᠰᠠᠨ ᠡᠴᠠ

ᠭᠡᠮᠵᠢᠶ᠎ᠡ ᠬᠤᠭᠤᠴᠠᠭ᠎ᠠ ᠳᠤ ᠨᠢ ᠮᠥᠮᠦᠭᠦᠯᠵᠤ ᠳᠡᠢ᠌ᠯᠳᠡᠭ᠌ ᠥᠭᠡᠢ

ᠭᠦᠭᠡᠷᠦᠭᠦᠢ ᠬᠤᠶᠠᠷ ᠢ ᠪᠠᠨ ᠣᠭᠢᠯᠠᠭᠤᠯᠵᠤ ᠪᠣᠢ᠌ᠵᠢᠭᠤᠯᠤᠭᠰᠠᠨ ᠶᠤᠮ᠂


ᠵᠢᠭᠡ ᠪᠠᠨ ᠭᠡᠳᠡᠯ᠎ᠡ ᠠᠴᠢ ᠪᠠᠨ ᠭᠡᠵᠤ

ᠵᠢᠭ᠌ ᠪᠣᠯᠵᠤ ᠨᠢᠭᠡ ᠭᠡᠷ ᠰᠠᠭᠤᠯᠭᠠᠭᠠᠤᠨ

ᠵᠦᠷᠢᠭᠦᠤ ᠪᠣᠷᠤᠭᠤ ᠭᠡᠷᠡᠭ᠌ ᠰᠢᠦᠡᠭᠡᠵᠤ

ᠵᠥᠩᠳᠡᠭᠡᠨ ᠳᠠ ᠨᠡᠷ ᠢ ᠵᠤᠳᠤᠳᠠᠭ ᠪᠠᠢ᠌ᠭᠰᠠᠨ ᠶᠤᠮ᠃


ᠬᠡᠦᠬᠡᠳ ᠤᠨ ᠰᠠᠢ᠌ᠬᠠᠨ ᠳᠤᠭᠯᠠᠭᠠᠮ ᠭᠡᠵᠤ

ᠭᠦᠤ ᠬᠤᠶᠠᠷ ᠲᠤ ᠮᠢᠨᠢ ᠪᠠᠢ᠌ᠭᠰᠠᠨ ᠥᠭᠡᠢ

ᠭᠡᠳᠤᠨ ᠶᠠᠩᠵᠤ ᠶᠢᠨ ᠪᠦᠰ ᠶᠢᠡᠷ ᠭᠢᠭ᠍ᠰᠡᠨ

《ᠭᠡᠳᠦᠷᠭᠡᠢ ᠰᠠᠢ᠌ᠬᠠᠨ》 ᠬᠤᠪᠴᠠᠰᠤ ᠯᠠ ᠪᠠᠢ᠌ᠭᠰᠠᠨ᠃


ᠳᠦᠷᠦᠭ᠍ᠰᠡᠨ ᠡᠳᠦᠷ ᠤᠨ ᠪᠠᠶᠠᠷ ᠢ ᠴᠢᠨᠢ ᠭᠡᠵᠤ

ᠳᠡᠭᠡᠵᠤ ᠨᠢᠭᠡᠴᠤ ᠥᠩᠭᠡᠷᠡᠭᠡ ᠥᠭᠡᠢ

ᠳᠡᠨᠡᠭ᠌ ᠮᠤᠨᠤᠭ ᠲᠤ ᠪᠠᠨ ᠪᠢᠰᠢ ᠴᠤ ᠡᠵᠢ ᠴᠢᠨᠢ

ᠳᠡᠭ‍ᠭᠡᠭᠡ ᠦᠭᠡᠶ ᠳᠤ ᠪᠠᠨ ᠪᠠᠢ᠌ᠭᠰᠠᠨ ᠯᠠ ᠪᠢᠵᠠ︖


ᠰᠤᠷᠭᠠᠭᠤᠯᠢ ᠭᠡᠷ ᠤᠨ ᠶᠢᠡᠨ ᠬᠤᠭᠤᠷᠤᠠᠳᠤ

ᠰᠤᠭᠤᠨᠠᠭ ᠳᠠᠳᠠᠳᠠᠭ ᠶᠠᠭᠠᠷᠠᠤ ᠡᠵᠢ ᠴᠢᠨᠢ

ᠰᠤᠷᠤᠯᠭ᠎ᠠ ᠰᠤᠶᠤᠯ ᠤᠨ ᠴᠢᠨᠢ ᠡ᠊ᠨᠳᠡᠭᠦᠤ ᠳᠠᠰᠢᠶ᠎ᠠ ᠵᠢ

ᠰᠤᠷᠭᠠᠵᠤ ᠳᠤᠳᠤᠮᠳᠠᠭᠰᠠᠨ ᠶᠢᠡᠷ ᠳᠤᠳᠠᠮᠠᠭ ᠳ᠋ᠠ᠂


ᠦᠷ᠎ᠡ ᠰᠤᠷᠤᠭᠴᠢ ᠳᠤ ᠪᠠᠨ ᠡᠶᠡᠯᠳᠡᠭ᠌ ᠵᠢᠭᠠᠨ᠎ᠠ

ᠦᠪᠡᠷ ᠤᠨ ᠬᠡᠦᠬᠡᠳ ᠳᠤ ᠪᠠᠨ ᠳᠠᠪᠴᠢᠶᠠᠷᠢ ᠠᠯᠳᠠᠨ᠎ᠠ

ᠭᠡᠳᠤᠨ ᠥᠰᠦᠭ᠌ ᠶᠢᠡᠨ ᠵᠢᠭᠠᠯ ᠥᠭᠡᠢ

《ᠭᠡᠷᠡᠭᠦᠯ》 ᠪᠣᠯᠤᠭᠠᠤᠨ ᠵᠤᠭᠰᠤᠨ᠎ᠠ᠃


ᠬᠡᠦᠬᠡᠳ ᠶᠢᠡᠨ ᠰᠠᠢ᠌ᠨ ᠰᠤᠷᠭᠠᠬᠤ ᠦᠭᠡᠶ ᠪᠣᠯ

ᠭᠦᠮᠤᠨ ᠤ ᠬᠡᠦᠬᠡᠳ ᠢ ᠶᠠᠭᠠᠭᠢᠵᠤ ᠭᠡᠯᠡᠨ᠎ᠡ ᠭᠡᠵᠤ

ᠭᠡᠯᠡᠭᠦ᠂ ᠭᠡᠯᠡᠭᠦ ᠦᠭᠡᠶ ᠣᠯᠠᠨ ᠥᠭᠡ ᠵᠢ

ᠭᠡᠨ ᠤ ᠴᠤ ᠡᠮᠤᠨ᠎ᠡ ᠶᠠᠩᠰᠢᠨ᠎ᠠ᠃


ᠶᠠᠯᠢᠮ ᠦᠭᠡᠶ ᠪᠠᠭ᠎ᠠ ᠶᠠᠪᠣᠳᠠᠯ ᠳᠤ ᠴᠤ

ᠶᠠᠰᠤᠨ ᠳᠤ ᠴᠢᠨᠢ ᠣᠷᠤᠳᠠᠯ᠎ᠠ ᠰᠢᠭᠦᠮᠵᠢᠯᠡᠨ᠎ᠡ᠂

ᠶᠤᠰᠤ ᠵᠢᠷᠤᠮ ᠢ ᠴᠢᠩᠭ᠋᠎ᠠ ᠴᠢᠩᠭ᠋ᠠᠯᠠᠵᠤ

ᠭᠢᠯᠭᠠᠰᠤᠨ ᠳᠡᠭᠡᠭᠦᠷ ᠭᠦᠶ‍ᠦᠯᠭᠡᠨ᠎ᠡ᠃


ᠠᠯᠪᠠᠨ ᠤ ᠠᠵᠢᠯ ᠶᠠᠭᠠᠷᠠᠤ ᠭᠡᠵᠤ

ᠠᠳᠠᠯ ᠭᠡᠷ ᠶᠢᠡᠨ ᠠᠷᠤ ᠳᠤ ᠪᠠᠨ ᠬᠠᠶᠠᠨ᠎ᠠ᠂

ᠠᠷᠪᠠᠨ ᠨᠠᠰᠤ ᠭᠦᠷᠭᠦ ᠡᠴᠠ ᠴᠢᠨᠢ ᠡᠮᠤᠨ᠎ᠡ

ᠠᠶᠠᠭ᠎ᠠ ᠰᠢᠨᠠᠭ᠎ᠠ ᠵᠥᠭᠡᠭᠡᠯᠭᠡᠨ᠎ᠡ᠃


ᠭᠦᠴᠢᠷ ᠢ ᠡᠳ᠋ᠯᠡᠭᠦᠯᠵᠤ ᠵᠢᠷᠭᠠᠯ ᠢ ᠮᠡᠳᠡᠭᠦᠯᠤᠨ᠎ᠡ ᠭᠡᠵᠤ

ᠭᠦᠡᠳᠤ ᠠᠵᠢᠯ ᠳᠤ ᠴᠠᠭᠠᠷᠠᠭᠤᠯᠤᠨ᠎ᠠ᠂

ᠭᠦᠯᠦᠭ᠌ ᠤᠨ ᠨᠢᠷᠤᠭᠤᠨ ᠳᠤ ᠡᠷ᠎ᠡ ᠪᠣᠯᠭᠠᠬᠤ ᠭᠡᠵᠤ

ᠭᠦᠭᠯᠡᠵᠤ ᠳᠠᠨᠤᠰ ᠲᠤ ᠣᠠᠳᠤᠭᠤᠴᠠᠨ᠎ᠠ᠃


ᠠᠯᠤᠰ ᠶᠠᠪᠣᠵᠤ ᠬᠤᠯᠠ ᠰᠤᠷᠤᠯᠴᠠᠬᠤ ᠳ᠋ᠤ

ᠠᠷᠤ ᠡᠴᠠ ᠴᠢᠨᠢ ᠣᠴᠢᠭᠰᠠᠨ ᠮᠠᠨᠢ ᠴᠥᠭᠡᠨ

ᠠᠩᠭ᠋᠎ᠠ ᠮᠢᠨᠢ ᠶᠠᠭᠠᠭᠢᠵᠤ ᠪᠠᠢ᠌ᠭ᠎ᠠ ᠪᠣᠯ ᠳ᠋ᠠ ᠭᠡᠵᠤ

ᠠᠰᠠᠭᠤᠵᠤ ᠯᠠᠪᠯᠠᠭᠰᠠᠨ ᠮᠢᠨᠢ ᠬᠤᠮᠰᠠ᠃


ᠡᠳᠦᠭᠡ ᠡᠷᠪᠠᠢ ᠳᠠ ᠬᠤᠶᠠᠷ ᠮᠢᠨᠢ

ᠡᠭᠡ ᠭᠡᠯᠡ ᠪᠠᠷ ᠶᠢᠡᠨ ᠮᠡᠳᠡᠯᠭᠡ ᠭᠦᠷᠳᠡᠵᠤ

ᠣᠶᠤᠳᠠᠨ ᠤ ᠡᠡᠭ᠍ᠨᠡᠭᠡᠨ ᠳᠤ ᠮᠦᠷᠯᠠᠨ ᠵᠢᠭᠰᠠᠵᠤ

ᠣᠶᠤᠨ ᠪᠢᠯᠢᠭ᠌ ᠶᠢᠡᠨ ᠨᠡᠭᠡᠭᠡᠵᠤ ᠶᠠᠪᠣᠨ᠎ᠠ᠃


ᠰᠤᠷᠭᠠᠭᠤᠯᠢ ᠶᠢᠨ ᠴᠢᠨᠢ ᠡᠭᠦᠳᠡᠨ ᠳᠤ ᠭᠦᠷᠭᠡᠵᠤ ᠣᠴᠢᠭᠠᠤᠨ

ᠰᠤᠭᠳᠤᠭᠤᠷᠠᠵᠤ ᠡᠵᠢ ᠴᠢᠨᠢ ᠵᠤᠭᠰᠤᠭᠰᠠᠨ ᠶᠤᠮ᠂

ᠰᠤᠷᠬᠤ ᠶᠢᠨ ᠰᠠᠢ᠌ᠬᠠᠨ ᠳᠤ ᠪᠠᠨ ᠣᠯᠵᠤ ᠠᠶᠠᠯᠠᠭᠰᠠᠨ ᠦᠭᠡᠶ ᠵᠠᠮ ᠢ

ᠬᠤᠶᠠᠷ ᠭᠦᠤ ᠮᠢᠨᠢ ᠡᠯᠭᠦᠯ᠎ᠡ ᠭᠡᠵᠤ ᠬᠠᠢ᠌ᠯᠠᠵᠤ ᠵᠠᠪᠳᠤᠭᠰᠠᠨ ᠶᠤᠮ᠃


ᠵᠠᠯᠠᠭᠤ ᠨᠠᠰᠤ ᠭᠡᠭ᠍ᠴᠢ ᠪᠠᠶ᠎ᠠ ᠪᠠᠷ ᠶᠢᠡᠨ ᠡᠷᠳᠡᠨᠢ

ᠵᠠᠪᠳᠤᠨ ᠰᠤᠷᠤᠯᠴᠠᠬᠤ ᠦᠭᠡᠶ ᠪᠣᠯ ᠳᠠᠷᠡ ᠬᠠᠢ᠌ᠷᠠᠨ

ᠵᠠᠢ᠌ᠳᠠᠩ ᠳᠠᠯᠪᠢᠵᠤ ᠳᠤᠷ᠎ᠠ ᠪᠠᠷ ᠪᠣᠤ ᠶᠠᠩᠪᠠᠷᠬ᠎ᠠ

ᠵᠢᠦᠡᠭᠦᠵᠤ ᠶᠠᠪᠣᠪᠠᠯ ᠥᠵᠦᠭᠦᠷ ᠲᠤ ᠨᠢ ᠨᠢᠭᠡ ᠭᠠᠷᠬᠤ ᠶᠤᠮ᠃


ᠮᠡᠳᠡᠯᠭᠡ ᠭᠡᠵᠤ ᠭᠢᠵᠠᠭᠠᠷ ᠥᠭᠡᠢ

ᠮᠥᠩᠭᠦᠨ ᠣᠷᠭᠢᠯ ᠳᠤ ᠨᠢ ᠭᠠᠷᠤᠭᠰᠠᠨ ᠭᠦᠮᠤᠨ ᠠᠯᠠᠭ᠎ᠠ

ᠮᠥᠴᠢᠦᠡᠭᠡᠨ ᠡᠵᠡᠮᠰᠢᠭ᠍ᠰᠡᠨ ᠳᠤ ᠪᠠᠨ ᠰᠡᠳᠭᠢᠯ ᠪᠣᠤ ᠬᠠᠨᠤ

ᠮᠦᠷᠳᠡᠯᠡᠭᠡ ᠭᠢᠵᠤ ᠨᠠᠰᠤ ᠪᠠᠷ ᠶᠢᠡᠨ ᠬᠣᠢ᠌ᠨ᠎ᠠ ᠡᠴᠠ ᠨᠢ ᠨᠡᠭᠡ︕


ᠭᠦᠮᠤᠨ ᠪᠣᠯᠵᠤ ᠳᠦᠷᠦᠭ᠍ᠰᠡᠨ ᠤ ᠪᠠᠨ ᠪᠣᠶᠠᠨ ᠳ᠋ᠤ

ᠭᠦᠮᠤᠨ ᠨᠠᠷ᠎ᠠ ᠪᠠᠨ ᠪᠢᠳᠡᠭᠡᠢ ᠭᠤᠳᠠᠭ᠎ᠠ

ᠭᠦᠰᠡᠯᠡᠩ ᠲᠡᠶ ᠬᠠᠷᠠᠯᠳᠠ ᠲᠡᠶ ᠰᠤᠷᠤᠯᠴᠠᠨ ᠪᠠᠢ᠌ᠵᠤ

ᠬᠤᠷᠸ᠎ᠠ ᠳᠡᠯᠡᠭᠡᠢ ᠳᠤ ᠪᠠᠨ ᠭᠦᠴᠤ ᠪᠠᠨ ᠡᠷᠭᠦ᠃


ᠥᠭᠡ ᠭᠡᠯᠡ ᠥᠰᠦᠭ᠌ ᠪᠢᠴᠢᠭ᠌ ᠴᠢᠨᠢ ᠭᠡᠵᠤ

ᠭᠡᠯᠡ ᠣᠷᠤᠭᠤᠯᠵᠤ ᠭᠦᠯ ᠣᠷᠭᠤᠭᠤᠯᠤᠭᠰᠠᠨ ᠠᠴᠢᠳᠠᠨ

ᠡᠴᠢᠭᠡ ᠪᠠᠨ ᠪᠣᠳᠤᠪᠠᠯ ᠳᠠᠷᠠ ᠬᠤᠶᠠᠷ ᠢ ᠪᠠᠨ ᠪᠣᠳᠤᠵᠤ

ᠦᠶ᠎ᠡ ᠶᠢᠨ ᠦᠶ᠎ᠡ ᠳᠤ ᠪᠠᠨ ᠣᠯᠠᠮᠵᠢᠯᠠᠵᠤ ᠶᠠᠪᠣ᠃


ᠨᠠᠮ᠂ ᠡᠭᠡ ᠣᠷᠤᠨ ᠭᠡᠵᠤ

ᠨᠠᠷᠠ ᠲᠡᠶ ᠠᠳᠠᠯᠢ ᠳᠠᠨ ᠢ ᠢᠪᠠᠭᠡᠭ᠍ᠰᠡᠨ

ᠨᠠᠮ᠎ᠠ ᠶᠢ ᠰᠠᠨᠠᠳᠠᠭ ᠪᠣᠯ ᠳᠠᠷᠠ ᠬᠤᠶᠠᠷ ᠢ ᠪᠠᠨ ᠰᠠᠨᠠᠵᠤ

ᠨᠠᠰᠤᠨ ᠳᠤᠷᠰᠢᠳᠠ ᠪᠠᠨ ᠵᠢᠦᠡᠭᠦᠵᠤ ᠶᠠᠪᠣᠭᠠᠷᠠᠢ︕


ᠦᠷ᠎ᠡ ᠪᠠᠨ ᠭᠡᠰᠡᠨ ᠡᠵᠢ ᠶᠢᠨ ᠴᠢᠨᠢ ᠭᠦᠰᠡᠯ

ᠥᠭᠡᠷ᠎ᠡ ᠦᠭᠡᠶ ᠡᠨᠡ ᠯᠠ ᠪᠢᠵᠠ᠂

ᠡᠨᠡ ᠬᠤᠶᠠᠷ ᠢ ᠪᠠᠨ ᠪᠠᠶᠡᠯᠡᠭᠦᠯᠵᠤ ᠶᠠᠪᠣᠪᠠᠯ

ᠡᠵᠢ ᠳᠤ ᠪᠠᠨ ᠬᠠᠷᠢᠭᠤᠯᠤᠭᠰᠠᠨ ᠠᠴᠢᠯᠠᠯ ᠴᠢᠨᠢ ᠪᠢᠵᠠ︕ᠵᠤᠬᠢᠶᠠᠭᠴᠢ ᠶᠢᠨ ᠬᠠᠶ‍ᠢᠭ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠠᠳᠤᠭᠤᠴᠢᠨ ᠰᠤᠮᠤ ᠶᠢᠨ ᠡᠮᠡᠭᠡᠯ ᠳᠤᠮᠳᠠᠳᠤ ᠰᠤᠷᠭᠠᠭᠤᠯᠢ

ᠵᠤᠬᠢᠶᠠᠭᠴᠢ᠄ ᠬᠦᠬᠡ᠊ᠭᠠᠯ ᠳᠦᠷᠠᠯᠵᠠᠨ᠎ᠡ
ᠬᠠᠷᠢᠶ᠎ᠠ᠄ ᠰᠢᠯᠦᠭ
ᠳᠠᠷᠤᠮ᠄ 1748
ᠴᠠᠭ᠄ 2010 ᠤᠨ ᠤ 06 ᠰᠠᠷ᠎ᠠ ᠶᠢᠨ 13