ᠪᠠᠭᠰᠢ ᠶᠢᠨ ᠠᠯᠳᠠᠷ

ᠴᠡᠴᠡᠭ᠌ ᠠᠳᠠᠯᠢ ᠰᠤᠷᠭᠤᠭ

ᠴᠢᠷᠮᠠᠢ᠌ᠯᠳᠠ ᠰᠠᠢ᠌ᠳᠠᠢ ᠰᠤᠷᠤᠭᠴᠢᠳ ᠳᠠᠭᠠᠨ

ᠴᠢᠳᠠᠪᠣᠷᠢ ᠮᠡᠳᠡᠯᠭᠡ ᠡᠵᠡᠮᠰᠢᠭᠦᠯᠭᠦ ᠪᠠᠷ

ᠴᠢᠳᠠᠯ ᠳᠠᠮᠢᠷ ᠶᠢᠡᠨ ᠭᠠᠷᠭᠠᠳᠠᠭ᠃

ᠮᠠᠨ ᠤ ᠪᠠᠭᠰᠢ ᠶᠢᠨ ᠠᠯᠳᠠᠷ

ᠮᠡᠷᠭᠡᠳ ᠤᠨ ᠰᠤᠳᠤᠷ ᠤᠨ ᠳᠡᠭᠡᠵᠢ᠃

ᠬᠡᠦᠬᠡᠳ ᠤᠨ ᠰᠠᠳᠭᠢᠴᠠ ᠪᠣᠢ᠌ᠵᠢᠭᠤᠯᠬᠤ

ᠭᠦᠮᠦᠵᠢᠯ ᠭᠢᠵᠤ ᠶᠠᠭᠠᠷᠠᠳᠠᠭ᠂

ᠭᠦᠨᠡᠰᠤ ᠳᠡᠵᠢᠭᠡᠯ ᠪᠣᠯᠤᠮᠠᠷ

ᠭᠦᠨ ᠶᠤᠰᠤ ᠶᠢ ᠮᠡᠳᠡᠭᠦᠯᠳᠡᠭ᠌᠃

ᠮᠠᠨ ᠤ ᠪᠠᠭᠰᠢ ᠶᠢᠨ ᠠᠯᠳᠠᠷ

ᠮᠤᠩᠭ᠋ᠤᠯ ᠳᠠᠭᠤᠨ ᠤ ᠬᠠᠩᠭᠢᠨᠠᠭ᠎ᠠ᠃

ᠨᠤᠮ ᠡᠴᠡ ᠮᠡᠳᠡᠯᠭᠡ ᠣᠯᠭᠤᠵᠤ

ᠨᠤᠮᠴᠢ ᠪᠣᠯᠭᠠᠬᠤ ᠪᠠᠷ ᠵᠢᠦᠡᠭᠦᠨ᠎ᠡ᠂

ᠥᠢᠯᠡᠳᠦᠯᠭᠡ ᠡᠴᠡ ᠰᠤᠷᠭᠠᠮᠵᠢ ᠭᠦᠷᠳᠡᠭᠡᠵᠤ

ᠣᠢ᠌ᠯᠠᠰᠴᠢ ᠶᠢᠨ ᠮᠥᠷᠳᠡᠯᠭᠡ ᠳᠠᠰᠬᠠᠨ᠎ᠠ᠃

ᠮᠠᠨ ᠤ ᠪᠠᠭᠰᠢ ᠶᠢᠨ ᠠᠯᠳᠠᠷ

ᠮᠤᠷᠢᠨ ᠬᠤᠭᠤᠷ ᠤᠨ ᠣᠶᠠᠩᠭ᠋ᠠᠷᠠᠯ᠃

ᠡᠪᠠᠦᠡᠴᠢᠳᠡᠨ ᠤ ᠣᠷᠤᠨ ᠳᠡᠭᠡᠷ᠎ᠡ ᠪᠣᠯᠪᠠᠴᠤ

ᠥᠵᠡᠳᠡᠭ᠌ ᠨᠢ ᠵᠢᠭᠠᠬᠤ ᠪᠢᠴᠢᠭ᠌᠃

ᠠᠮᠠᠷᠠᠭᠠᠤᠨ ᠭᠡᠷ ᠲᠡᠭᠡᠨ ᠰᠠᠭᠤᠭᠰᠠᠨ ᠴᠤ

ᠦᠨᠡᠨ ᠰᠡᠳᠭᠢᠯ ᠨᠢ ᠬᠡᠦᠬᠡᠳ ᠲᠤ᠃

ᠮᠠᠨ ᠤ ᠪᠠᠭᠰᠢ ᠤᠨ ᠠᠯᠳᠠᠷ

ᠮᠤᠩ ᠦᠭᠡᠶ ᠣᠯᠠᠨ ᠤ ᠪᠢᠰᠢᠷᠠᠯ᠃

ᠪᠢᠴᠢᠭᠡᠳ ᠳᠠᠯᠪᠢᠭᠰᠠᠨ ᠺᠤᠠᠰᠫᠧᠺᠲ᠋ ᠨᠢ

ᠪᠢᠯᠢᠭ᠌ ᠴᠤᠭᠤᠷᠤᠭᠤᠯᠠᠬᠤ1 ᠬᠤᠷᠢᠶᠠᠮᠵᠢ᠂

ᠵᠠᠰᠠᠵᠤ ᠴᠤᠬᠤᠯᠠᠭᠰᠠᠨ ᠳᠠᠰᠬᠠᠯ ᠨᠢ

ᠵᠠᠳᠠᠯᠵᠤ ᠳᠤᠯᠢᠯᠠᠭᠤᠯᠠᠬᠤ ᠣᠬᠠᠭᠠᠮᠵᠢ᠃

ᠮᠠᠨ ᠤ ᠪᠠᠭᠰᠢ ᠶᠢᠨ ᠠᠯᠳᠠᠷ

ᠮᠥᠩᠭᠡ ᠴᠠᠰᠤᠳᠤ ᠶᠢᠨ ᠭᠠᠪᠣᠷ 2᠃

ᠬᠡᠦᠬᠡᠳ ᠴᠠᠭ ᠲᠤ ᠭᠡᠯᠡᠭ᠍ᠰᠡᠨ

ᠭᠡᠭᠡᠨ ᠥᠭᠡ ᠨᠢ ᠳᠤᠷᠠᠰᠤᠭᠳᠠᠨᠠᠮ᠃

ᠭᠡᠵᠢᠶ᠎ᠡ ᠭᠡᠵᠢᠶ᠎ᠡ ᠴᠤ ᠰᠤᠷᠤᠭᠴᠢᠳ ᠳᠠᠭᠠᠨ

ᠭᠡᠭᠡᠷᠡᠯ ᠳᠠᠭᠤᠳᠠᠵᠤ ᠰᠢᠵᠢᠷᠳᠠᠨᠠᠮ᠃

ᠮᠠᠨ ᠤ ᠪᠠᠭᠰᠢ ᠶᠢᠨ ᠠᠯᠳᠠᠷ

ᠮᠢᠩᠭ᠋ᠠᠨ ᠭᠠᠯᠪᠠ ᠶᠢᠨ ᠮᠠᠭᠳᠠᠭᠠᠯ ︕


*** ᠳᠠᠢ᠌ᠯᠪᠣᠷᠢ᠄ 1. ᠴᠤᠭᠤᠷᠤᠭᠤᠯᠬᠤ ᠊᠊᠊᠊᠊᠊᠊᠊᠊᠊᠊᠊᠊᠊᠊ ᠨᠡᠭᠡᠭᠡᠭ᠍ᠳᠡᠭᠦᠯᠭᠦ

2 . ᠭᠠᠪᠣᠷ ᠊᠊᠊᠊᠊᠊᠊᠊᠊᠊᠊᠊᠊᠊᠊ ᠵᠢᠯ ᠤᠨ ᠳᠤᠷᠰᠢ ᠴᠠᠰᠤᠨ ᠳᠤ ᠬᠤᠴᠢᠭᠳᠠᠵᠤ ᠪᠠᠢ᠌ᠳᠠᠭ ᠠᠭᠤᠯᠠ ᠶᠢ ᠮᠥᠩᠭᠡ ᠴᠠᠰᠤᠳᠤ ᠬᠠᠢ᠌ᠷᠬᠠᠨ ᠭᠡᠵᠤ ᠮᠠᠨ ᠤ ᠣᠢ᠌ᠷᠠᠤᠨ ᠨᠤᠳᠤᠭ ᠤᠨ ᠭᠦᠮᠦᠰ ᠭᠡᠯᠡᠳᠡᠭ᠌᠃ ᠭᠠᠪᠣᠷ ᠭᠡᠭ᠍ᠴᠢ ᠪᠣᠯ ᠣᠳᠠᠭᠠᠨ ᠵᠢᠯ ᠬᠠᠢ᠌ᠯᠠᠭᠠᠤᠨ ᠦᠭᠡᠶ ᠮᠥᠩᠭᠡ ᠴᠠᠰᠤᠨ ᠤ ᠳᠡᠭᠡᠷ᠎ᠡ ᠳᠤᠭᠳᠠᠭᠰᠠᠨ ᠨᠢᠮᠭᠡᠨ ᠬᠠᠯᠢᠰᠤᠯᠢᠭ ᠴᠠᠭᠠᠨ ᠪᠠᠶᠠᠳᠤ ᠶᠢ ᠭᠡᠯᠡᠳᠡᠭ᠌᠃ ᠳᠠᠷᠠ ᠨᠢ ᠰᠡᠷᠢᠭᠦᠨ ᠴᠢᠨᠠᠷᠳᠠᠢ᠂ ᠮᠤᠩᠭ᠋ᠤᠯ ᠲᠦᠪᠡᠳ ᠡᠮ ᠳᠤ ᠣᠷᠤᠨ᠎ᠠ᠃ ᠮᠠᠨ ᠤ ᠨᠤᠳᠤᠭ ᠲᠤ ᠭᠠᠪᠣᠷ ᠭᠡᠳᠡᠭ᠌᠂ ᠳᠠᠨ ᠤ ᠦᠪᠣᠷ ᠮᠤᠩᠭ᠋ᠤᠯ ᠳᠤ ᠶᠠᠭᠤ ᠭᠡᠳᠡᠭ᠌ ᠢ ᠮᠡᠳᠡᠭᠦ ᠦᠭᠡᠶ᠂ ᠪᠠᠷᠤᠭ ᠥᠭᠡᠷ᠎ᠡ ᠭᠡᠯᠡᠯᠭᠡ ᠪᠠᠷ ᠨᠡᠷᠡᠯᠡᠳᠡᠭ᠌ ᠪᠠᠢ᠌ᠵᠤ ᠮᠠᠭᠠᠤᠨ᠃

*** ᠪᠢ ᠭᠢᠴᠢᠶᠠᠮᠵᠢ ᠦᠭᠡᠶ ᠡᠴᠡ ᠪᠣᠯᠵᠤ ᠵᠤᠬᠢᠶᠠᠯ ᠳᠠᠭᠠᠨ ᠪᠣᠷᠤᠭᠤ ᠥᠰᠦᠭ᠌ ᠠᠷᠪᠢᠨ ᠪᠢᠴᠢᠵᠠᠢ᠃ ᠪᠠᠰᠠ ᠨᠢᠭᠡ ᠳᠠᠯ᠎ᠠ ᠪᠠᠷ ᠣᠢ᠌ᠷᠠᠤᠨ ᠠᠶᠠᠯᠭᠤ ᠪᠠᠷ ᠪᠢᠴᠢᠭᠦ ᠶᠢ ᠣᠷᠤᠯᠳᠤᠭᠰᠠᠨ ᠡᠴᠡ ᠡᠢ᠌ᠮᠤ ᠪᠠᠢ᠌ᠳᠠᠯ ᠭᠠᠷᠴᠠᠢ᠃ ᠨᠠᠢ᠌ᠷᠠᠭᠤᠯᠤᠭᠴᠢ ᠨᠥᠭᠦᠷ ᠮᠠᠨ ᠤ ᠰᠢᠠᠵᠢᠶᠠᠩᠴᠤᠳ ᠲᠤ ᠰᠠᠨᠠᠭ᠎ᠠ ᠣᠷᠭᠢᠬᠤ ᠶᠢ ᠭᠦᠰᠡᠶ᠎ᠡ ︕

ᠵᠤᠬᠢᠶᠠᠭᠴᠢ᠄ ᠳ᠋·ᠨᠠᠮᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2663
ᠴᠠᠭ᠄ 2009 ᠤᠨ ᠤ 06 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁