ᠰᠤᠷᠤᠭᠴᠢᠳ ᠮᠢᠨᠢ ᠪᠠᠶᠠᠷᠳᠠᠢ

ᠬᠤᠶᠠᠷ ᠵᠢᠯ ᠤᠨ ᠬᠠᠮᠳᠤ ᠶᠢᠨ ᠠᠮᠢᠳᠤᠷᠠᠯ ᠬᠤᠷᠤᠮᠬᠠᠨ᠎ᠠ ᠳᠠᠭᠤᠰᠴᠤ

ᠬᠤᠨᠤᠭᠰᠢᠵᠤ ᠳᠠᠰᠤᠭᠰᠠᠨ ᠡᠮᠡᠭᠡᠯ ᠰᠤᠷᠭᠠᠭᠤᠯᠢ ᠡᠴᠠ ᠪᠠᠨ ᠳᠠ ᠨᠡᠷ ᠰᠠᠯᠤᠭᠠᠤᠨ

ᠬᠤᠷᠸ᠎ᠠ ᠶᠢᠨ ᠵᠢᠮ᠎ᠠ ᠶᠢ ᠮᠦᠷᠳᠠᠨ ᠰᠢᠨ᠎ᠡ ᠠᠶᠠᠨ ᠢ ᠡᠯᠭᠦᠵᠤ

ᠬᠤᠰᠢᠭᠤᠨ ᠲᠦᠪ ᠭᠠᠠᠵᠤᠭ᠎ᠠ ᠳᠤ ᠪᠠᠨ ᠰᠢᠯᠭᠠᠯᠳᠠ ᠳᠤ ᠮᠤᠷᠳᠠᠬᠤ ᠪᠣᠯᠤᠯ᠎ᠠ᠃


ᠪᠠᠢ᠌ᠷᠢ ᠶᠢᠨ ᠪᠠᠭᠰᠢ ᠴᠢᠨᠢ ᠡᠭ᠍ᠳᠡᠭᠦᠤ ᠳᠠᠢ

ᠪᠠᠷᠭᠢᠷᠠᠭ᠎ᠠ ᠭᠡᠳᠡᠭ᠌ ᠨᠢ ᠭᠡᠴᠡᠭᠦᠤ

ᠭᠡᠯᠡᠭᠡᠳ ᠠᠪᠣᠪᠠᠯ ᠵᠤᠭᠰᠤᠬᠤ ᠥᠭᠡᠢ

ᠭᠡᠯᠡᠮᠡᠳᠡᠭᠡᠢ ᠭᠡᠳᠡᠭ᠌ ᠨᠢ ᠠᠶᠤᠮᠠᠷ

ᠣᠠᠳᠠ ᠭᠡᠳᠡᠯ᠎ᠡ ᠠᠮᠠᠷᠠ ᠭᠡᠳ

ᠣᠯᠠᠨ ᠶᠠᠭᠤᠮ᠎ᠠ ᠨᠤᠷᠱᠤᠯ᠎ᠠ

ᠮᠤᠷᠠᠯ ᠭᠡᠳᠡᠯ᠎ᠡ ᠰᠤᠷᠳᠠᠯ ᠭᠡᠳ

ᠮᠤᠩ ᠦᠭᠡᠶ ᠣᠯᠠᠨ ᠳᠠᠪᠳᠠᠯ᠎ᠠ


ᠳᠦᠷᠢᠮ ᠭᠡᠳᠡᠯ᠎ᠡ ᠳᠤᠭᠳᠠᠭᠠᠯ ᠭᠡᠳ

ᠳᠡᠩᠳᠡᠭᠦᠤ ᠴᠢᠩᠭ᠎ᠠ ᠱᠠᠭᠠᠷᠳᠠᠯ᠎ᠠ

ᠳ᠋ᠸᠩ ᠶᠢᠡᠨ ᠭᠡᠳᠡᠯ᠎ᠡ ᠣᠰᠤ ᠪᠠᠨ ᠭᠡᠳ

ᠳᠡᠩᠰᠢᠭᠦᠯᠵᠤ ᠳᠠ ᠨᠡᠷ ᠢ ᠵᠤᠪᠠᠭᠠᠯ᠎ᠠ


ᠵᠦᠪ ᠪᠣᠷᠤᠭᠤ ᠳᠤᠩᠭ᠋ᠤᠳᠤᠭᠰᠠᠨ ᠢ ᠮᠢᠨᠢ

ᠵᠣᠢ᠌ᠴᠢᠵᠤ ᠰᠠᠳᠭᠢᠵᠤ ᠦᠵᠡ

ᠵᠥᠭᠡᠷ ᠪᠣᠯᠤᠮᠠᠷ ᠵᠠᠭᠢᠭᠰᠠᠨ ᠢ ᠮᠢᠨᠢ

ᠵᠥᠭᠡᠭᠡᠵᠤ ᠠᠪᠣᠭᠠᠤᠨ ᠶᠠᠪᠣ᠃


ᠡ᠊ᠨᠳᠡᠭᠦᠤ ᠪᠣᠷᠤᠭᠤ ᠶᠠᠷᠢᠭᠰᠠᠨ ᠢ ᠮᠢᠨᠢ

ᠡᠪᠯᠡᠵᠤ ᠳᠤᠩᠭ᠋ᠠᠵᠤ ᠦᠵᠡ

ᠡᠪ ᠦᠭᠡᠶ ᠮᠠᠭᠤᠬᠠᠢ ᠴᠠᠯᠴᠢᠭᠰᠠᠨ ᠢ ᠮᠢᠨᠢ

ᠡ᠊ᠨᠳᠡ ᠪᠠᠨ ᠬᠠᠶᠠᠭᠠᠤᠨ ᠣᠷᠭᠢ᠃

ᠡᠭᠡ ᠣᠷᠤᠨ ᠤ ᠪᠠᠨ ᠨᠠᠢ᠌ᠳᠠᠵᠤ ᠭᠦᠰᠡᠭ᠍ᠰᠡᠨ ᠤ ᠬᠠᠷᠢᠭᠤ

ᠡᠭᠡ ᠰᠤᠷᠭᠠᠭᠤᠯᠢ ᠶᠢᠨ ᠶᠢᠡᠨ ᠭᠦᠮᠦᠵᠢᠭᠦᠯᠵᠤ ᠰᠤᠷᠭᠠᠭᠰᠠᠨ ᠤ ᠪᠠᠨ ᠬᠠᠷᠢᠭᠤ

ᠡᠨᠡᠷᠢᠯᠳᠤ ᠪᠠᠭᠰᠢ ᠶᠢᠨ ᠶᠢᠡᠨ ᠵᠢᠦᠡᠭᠦᠵᠤ ᠴᠢᠷᠮᠠᠢ᠌ᠭᠰᠠᠨ ᠤ ᠬᠠᠷᠢᠭᠤ

ᠡᠴᠢᠭᠡ ᠡᠭᠡ ᠶᠢᠨ ᠶᠢᠡᠨ ᠰᠠᠨᠠᠵᠤ ᠰᠠᠷᠪᠠᠢ᠌ᠭᠰᠠᠨ ᠤ ᠬᠠᠷᠢᠭᠤ


ᠰᠢᠯᠭᠠᠯᠳᠠ ᠳᠤ ᠪᠠᠨ ᠰᠠᠢ᠌ᠬᠠᠨ ᠣᠷᠤᠯᠴᠠ

ᠴᠢᠳᠠᠭᠰᠠᠨ ᠤ ᠪᠠᠨ ᠭᠢᠷᠢ ᠪᠠᠷ ᠪᠣᠯᠭᠤᠮᠵᠢᠳᠠᠢ ᠬᠠᠷᠢᠭᠤᠯ

ᠰᠢᠷᠣᠢ᠌ᠳᠠᠭᠰᠠᠨ ᠴᠤ ᠭᠦᠶ‍ᠦᠭᠡᠳ ᠪᠣᠰᠤ

ᠴᠤᠴᠠᠯᠳᠠ ᠦᠭᠡᠶ ᠳᠠᠭᠢᠭᠠᠤᠨ ᠴᠢᠷᠮᠠᠢ

ᠬᠠᠮᠢᠭ᠎ᠠ ᠶᠠᠭᠤ ᠭᠢᠭ᠍ᠰᠡᠨ ᠴᠤ ᠬᠠᠳᠠᠭᠤ ᠵᠤᠷᠢᠭ ᠢ ᠪᠠᠷᠢ

ᠬᠠᠮᠤᠭ ᠣᠯᠠᠨ ᠤ ᠪᠠᠨ ᠳᠤᠮᠳᠠ ᠣᠳᠤ ᠨᠢ ᠪᠣᠯᠤᠨ ᠭᠡᠷᠡᠯᠳᠤ

ᠬᠠᠢ᠌ᠷ᠎ᠠ ᠶᠢᠨ ᠰᠠᠢ᠌ᠬᠠᠨ ᠳᠡᠯᠡᠭᠡᠢ ᠳᠤ ᠪᠠᠨ

ᠬᠠᠠᠳᠢᠪ ᠨᠠᠮᠠᠷᠢ ᠪᠠᠨ ᠥᠵᠡᠭᠦᠯ᠃


ᠰᠤᠷᠤᠭᠴᠢᠳ ᠮᠢᠨᠢ ᠪᠠᠶᠠᠷᠳᠠᠢ

ᠰᠤᠷᠬᠤ ᠶᠢᠨ ᠰᠠᠢ᠌ᠬᠠᠨ ᠤ ᠵᠢᠷᠭᠠᠯ ᠢ ᠡᠳ᠋ᠯᠡᠵᠤ ᠶᠠᠪᠣᠭᠠᠷᠠᠢ᠂

ᠰᠤᠷᠤᠭᠴᠢᠳ ᠮᠢᠨᠢ ᠪᠠᠶᠠᠷᠳᠠᠢ

ᠰᠠᠷᠠᠭᠤᠯ ᠢᠷᠡᠭᠡᠳᠦᠢ ᠳᠤ ᠪᠠᠨ ᠢᠳᠡᠭᠡᠯ ᠳᠦᠭᠦᠷᠡᠩ ᠶᠠᠪᠣᠭᠠᠷᠠᠢ᠃ᠵᠤᠬᠢᠶᠠᠭᠴᠢ ᠶᠢᠨ ᠬᠠᠶ‍ᠢᠭ᠄ ᠳᠤᠩᠯᠢᠶᠤᠤ ᠬᠤᠳᠠ᠂ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ᠂ ᠡᠮᠡᠭᠡᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠠᠶᠠᠭᠤᠳ ᠳᠡᠭᠦᠦᠵᠡᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1573
ᠴᠠᠭ᠄ 2010 ᠤᠨ ᠤ 08 ᠰᠠᠷ᠎ᠠ ᠶᠢᠨ 31
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ