ᠨᠤᠳᠤᠭ ᠤᠨ ᠡᠮᠵᠡᠭ᠍ᠭᠡᠨ ᠬᠠᠢ᠌ᠯᠠᠯ

        1

ᠵᠤᠨ ᠤ ᠠᠭᠤᠷ ᠳᠤ

ᠵᠤᠪᠴᠠᠭ᠎ᠠ ᠡᠴᠠ ᠪᠠᠨ ᠰᠠᠯᠳᠠᠭ ᠥᠭᠡᠢ

ᠮᠢᠨᠤ ᠨᠤᠳᠤᠭ ᠳᠤ

ᠣᠯᠠᠭᠠᠨ ᠨᠢᠴᠦᠭᠦᠨ ᠰᠠᠯᠭᠢ

ᠠᠭᠤᠯᠠᠰ ᠤᠨ ᠣᠷᠤᠢ ᠪᠠᠷ

ᠥᠭ᠍ᠰᠤᠨ ᠣᠷᠤᠭᠤᠳᠠᠨ ᠮᠥᠯᠭᠦᠨ᠎ᠡ᠃

ᠬᠤᠷ᠎ᠠ ᠭᠦᠰᠡᠭ᠍ᠰᠡᠨ

ᠬᠠᠯᠠᠭᠠᠢ ᠨᠤᠭᠤᠭ᠎ᠠ

ᠬᠠᠩᠭ᠋ᠠᠢ ᠲᠦᠰᠢᠵᠤ ᠥᠡᠳᠡᠢ᠌ᠭᠦ ᠳ᠋ᠤ

ᠬᠠᠮᠬᠤᠤᠯ ᠪᠠ ᠠᠯᠠᠭᠳᠠᠭ᠎ᠠ

ᠬᠠᠮᠳᠤ ᠳᠤ ᠨᠢ ᠮᠥᠩᠭᠡᠷᠡᠨ᠎ᠡ᠃

ᠠᠭᠤᠯᠠ ᠪᠠᠨ ᠠᠯᠳᠠᠭᠰᠠᠨ ᠳᠠᠤᠯᠠᠢ

ᠣᠰᠤᠨ ᠨᠢᠳᠦᠯᠡᠭᠦ ᠳ᠋ᠤ

ᠣᠯᠠ ᠪᠠ ᠵᠤᠯᠠ ᠨᠢ

ᠪᠦᠭᠦᠵᠤ ᠣᠳᠤᠨ᠎ᠠ᠃

ᠳᠠᠤᠯᠠᠢ ᠵᠢᠨ

ᠡᠮᠭᠦᠵᠤ ᠪᠠᠭᠳᠠᠬᠤ ᠥᠭᠡᠢ

ᠡᠮᠳᠡᠷᠭᠡᠢ ᠣᠷᠤᠭᠤᠯ ᠪᠠ

ᠦᠵᠡᠵᠤ ᠬᠠᠨᠤᠰᠢ ᠥᠭᠡᠢ

ᠣᠯᠠᠭᠠᠨ ᠨᠢᠳᠤ ᠨᠢ

ᠥᠩᠭᠡ ᠮᠥᠩᠭᠦ ᠵᠢᠨ

ᠦᠨᠢᠳᠠ ᠶᠢᠨ ᠴᠢᠨᠠᠷ ᠢ ᠪᠠᠳᠤᠯᠠᠨ᠎ᠠ᠃

         2

ᠨᠠᠭᠤᠷ ᠤᠨ ᠣᠰᠤᠨ ᠳᠤ ᠰᠠᠷᠠ

ᠨᠣᠢ᠌ᠳᠠᠨ ᠪᠣᠳᠤᠯ ᠲᠡᠶ ᠴᠤᠭ

ᠨᠦᠰᠠᠷ ᠨᠤᠷᠠᠨ᠎ᠠ

ᠨᠣᠢ᠌ᠷ

ᠵᠢᠮ᠎ᠠ ᠪᠠᠨ ᠠᠯᠳᠠᠵᠤ

ᠥᠩᠭᠡᠷᠡᠭ᠍ᠰᠡᠨ ᠪᠠ ᠦᠨᠦᠳᠤᠷ ᠤᠨ ᠳᠤᠬᠠᠢ

ᠥᠭᠦᠯ ᠪᠠ ᠮᠥᠩᠭᠡ ᠶᠢᠨ ᠳᠤᠬᠠᠢ

ᠦᠨᠡᠨ ᠤ ᠳᠤᠮᠤᠭ ᠳᠠᠢ

ᠵᠡᠭᠦᠳᠤ ᠮᠠᠨᠠᠨ᠎ᠠ᠃

         3

ᠣᠳᠠᠨ ᠤ ᠮᠦᠴᠢᠷ ᠲᠤ ᠵᠠᠭᠠᠭᠯᠠᠭᠳᠠᠭᠰᠠᠨ

ᠣᠳᠤᠨ ᠮᠠᠴᠢᠳ

ᠣᠷᠴᠢᠯᠠᠩ ᠤᠨ ᠴᠤᠭᠴᠠᠰ ᠪᠣᠯᠬᠤ ᠪᠠ

ᠡᠰᠡᠭᠦᠯ᠎ᠡ

ᠰᠤᠯᠢᠷᠵᠢᠬᠤ ᠵᠠᠶᠠᠭ᠎ᠠ ᠪᠠᠨ ᠲᠦᠰᠢᠵᠤ

ᠳᠡᠯᠡᠭᠡᠢ ᠶᠢᠨ ᠪᠦᠮᠪᠦᠷᠴᠡᠭ᠌ ᠤᠨ ᠳᠤᠬᠠᠢ

ᠳᠡᠭᠡᠷᠡᠭᠢ ᠭᠦᠮᠤᠨ ᠵᠤᠨ ᠤ ᠭᠢᠨᠢ ᠳᠤᠬᠠᠢ

ᠳᠡᠭᠡᠳᠤ ᠶᠢᠨ ᠴᠠᠳᠢᠭ ᠥᠭᠡᠢ

ᠱᠠᠰᠳᠢᠷ ᠳᠡᠯᠭᠡᠨ᠎ᠡ᠃

        4

ᠦᠶᠡᠷ ᠵᠢᠯ ᠤᠨ ᠨᠠᠷᠠ

ᠡᠪᠠᠰᠤᠨ ᠰᠡᠭᠦᠳᠡᠷ ᠳᠤ

ᠡᠪᠭᠡᠷᠡᠵᠤ ᠭᠡᠪᠳᠡᠨ᠎ᠡ

ᠦᠯᠦᠨ ᠰᠠᠯᠭᠢ ᠳᠡᠭᠦᠨ ᠤ ᠳᠡᠭᠡᠭᠦᠷ

ᠥᠩᠭᠦᠷᠢᠵᠤ ᠭᠠᠷᠤᠨ᠎ᠠ᠃

ᠦᠴᠦᠭᠡᠳᠦᠷ ᠤᠨ ᠰᠠᠯᠭᠢ

ᠥᠡᠳᠦᠷᠯᠢᠭ᠌ ᠥᠭ᠍ᠰᠦᠵᠤ

ᠨᠡᠭᠦᠳᠡᠯᠯᠡᠵᠤ ᠪᠠᠢ᠌ᠯ᠎ᠠ

ᠦᠨᠦᠳᠤᠷ ᠤᠨ ᠰᠠᠯᠭᠢ

ᠥᠯᠢᠶᠡᠭ᠍ᠳᠡᠭ᠍ᠰᠡᠭᠡᠷ ᠥᠯᠢᠶᠡᠭ᠍ᠳᠡᠭ᠍ᠰᠡᠭᠡᠷ

ᠡᠪᠦᠭᠡᠳ ᠤᠨ ᠬᠠᠭᠤᠴᠢᠨ ᠪᠠᠭᠤᠷᠢ ᠳᠡᠭᠡᠷ᠎ᠡ

ᠳᠤᠰᠤᠯ ᠨᠢᠯᠪᠣᠰᠤ ᠪᠣᠯᠵᠤ

ᠳᠤᠭᠣᠢ᠌ᠷᠠᠵᠤ ᠪᠠᠭᠤᠨ᠎ᠠ

ᠥᠨᠡ᠊ᠨᠳᠡᠭᠡᠨ ᠡᠭᠦᠯᠡᠨ ᠤ ᠳᠦᠰᠢᠭ᠌ ᠨᠢ

ᠥᠡᠳᠦᠷᠯᠢᠭ᠌ ᠯᠠ ᠪᠠᠢ᠌ᠵᠠᠢ ᠡ ︕


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠬᠠᠷᠢᠶ᠎ᠠ᠄ ᠰᠢᠯᠦᠭ
ᠳᠠᠷᠤᠮ᠄ 1867
ᠴᠠᠭ᠄ 2011 ᠤᠨ ᠤ 09 ᠰᠠᠷ᠎ᠠ ᠶᠢᠨ 29