ᠶᠠᠮᠠᠷ ᠶᠠᠯ᠎ᠠ ᠭᠢᠪᠠ

ᠭᠤᠸᠠᠠᠵᠠ ᠶᠢᠨ ᠡᠭᠦᠳᠡᠨ ᠳ᠋ᠤ

ᠵᠢᠫᠣ ᠮᠠᠰᠢᠨ ᠶᠠᠳᠠᠷᠠᠭ᠎ᠠ ᠲᠡᠶ ᠵᠤᠭᠰᠤᠨ᠎ᠠ

ᠭᠠᠳᠠᠨ᠎ᠡ ᠳᠡᠯᠭᠡᠭ᠍ᠰᠡᠨ ᠬᠤᠨᠢᠨ ᠠᠷᠠᠰᠤ

ᠭᠤᠨᠢᠭ ᠲᠡᠶ ᠬᠠᠷᠠᠭᠳᠠᠨ᠎ᠠ

ᠭᠠᠯ ᠳᠤᠭᠤᠭᠠᠨ ᠤ ᠭᠡᠷ ᠡᠴᠠ

ᠰᠤᠳᠤᠬᠠᠨ ᠮᠢᠬᠠᠨ ᠤ ᠱᠦᠯᠦ ᠠᠩᠭᠢᠯᠤᠨ᠎ᠠ

ᠭᠠᠯᠵᠠᠭᠤ ᠣᠯᠠᠭᠠᠨ ᠨᠢᠳᠤᠯᠠᠵᠤ

《ᠮᠠᠯᠵᠢᠬᠤ ᠶᠢ ᠴᠠᠭᠠᠵᠢᠯᠠᠭᠴᠢᠳ》 ᠬᠤᠷᠤᠭᠤ ᠵᠢᠮᠠᠯᠴᠠᠨ᠎ᠡ

ᠭᠤᠮᠪᠣ ᠠᠪᠣ ᠭᠠᠷ ᠶᠢᠡᠨ ᠨᠤᠬᠤᠯᠠᠵᠤ

ᠰᠡᠭᠦᠷᠡᠰᠤ ᠠᠯᠳᠠᠨ᠎ᠡ

ᠭᠠᠵᠠᠷ ᠭᠡᠪᠳᠡᠭᠦ ᠬᠤᠨᠢᠨ ᠠᠷᠠᠰᠤ

ᠵᠢᠷᠦᠭᠡ ᠶᠢ ᠨᠢ ᠭᠦᠡᠳᠡᠨ᠎ᠡ

ᠦᠶ᠎ᠡ ᠦᠶ᠎ᠡ ᠪᠠᠷ ᠶᠢᠡᠨ ᠪᠠᠯᠴᠢᠵᠤ ᠢᠷᠡᠭ᠍ᠰᠡᠨ ᠰᠦᠷᠦᠭ᠌ ᠶᠤᠮᠰᠠᠨ

ᠣᠨ ᠣᠨ ᠳᠠᠭᠠᠨ ᠥᠮᠴᠢᠷᠭᠡᠵᠤ ᠶᠠᠪᠣᠭᠰᠠᠨ ᠳᠠᠯ᠎ᠠ ᠶᠤᠮᠰᠠᠨ

ᠢᠳᠠᠵᠤ ᠴᠠᠳᠪᠠᠯ ᠭᠡᠪᠢᠵᠤ ᠠᠮᠠᠷᠠᠳᠠᠭ ᠠᠮᠢᠳᠠᠨ ᠶᠤᠮᠰᠠᠨ

ᠡᠳ᠋ ᠲᠤ ᠰᠢᠨᠤᠵᠤ ᠣᠢ ᠴᠠᠪᠴᠢᠳᠠᠭ ᠳᠡᠩᠭᠡᠭᠡ ᠦᠭᠡᠶ ᠶᠤᠮᠰᠠᠨ

ᠭᠠᠰᠢᠭᠤᠨ ᠡᠪᠠᠰᠤ ᠯᠠ ᠳᠠᠰᠤᠳᠠᠵᠤ ᠥᠰᠳᠡᠭ᠌

ᠬᠠᠯᠠᠭᠤᠨ ᠬᠤᠰᠢᠭᠤᠳᠤ ᠶᠤᠮᠰᠠᠨ

ᠭᠠᠵᠠᠷ ᠤᠨ ᠭᠦᠷᠦᠰᠤ ᠶᠢ ᠭᠦᠷᠪᠠᠭᠦᠯᠵᠤ ᠴᠢᠳᠠᠳᠠᠭ

ᠳᠠᠮᠤᠷ ᠬᠤᠰᠢᠭᠤᠳᠤ ᠪᠢᠰᠢ ᠶᠤᠮᠰᠠᠨ

ᠬᠤᠷ᠎ᠠ ᠪᠣᠷᠤᠭᠠᠨ ᠤ ᠠᠴᠢ ᠪᠠᠷ

ᠭᠦᠭᠡᠷᠡᠵᠤ ᠴᠡᠯᠭᠡᠷᠡᠳᠡᠭ᠌ ᠨᠤᠳᠤᠭ ᠶᠤᠮᠰᠠᠨ

ᠬᠤᠨᠢ ᠮᠠᠯ ᠤᠨ ᠶᠢᠡᠨ ᠭᠦᠯ ᠵᠢᠠᠷ

ᠨᠤᠷᠮᠠᠰᠢᠵᠤ ᠳᠠᠢ᠌ᠷᠳᠠᠳᠠᠭ ᠦᠭᠡᠶ ᠳᠠᠯ᠎ᠠ ᠶᠤᠮᠰᠠᠨ

ᠨᠠᠮ ᠤᠨ ᠶᠢᠡᠨ ᠳᠤᠭ ᠢ ᠡᠷᠭᠦᠵᠤ ᠶᠠᠪᠣᠭᠰᠠᠨ

ᠨᠤᠮᠤᠬᠠᠨ ᠠᠷᠠᠤᠨ ᠶᠤᠮᠰᠠᠨ

ᠨᠡᠭᠦᠳᠡᠯ ᠬᠠᠢ᠌ᠪᠠᠴᠤ ᠭᠦᠮᠤᠨ ᠤ ᠭᠠᠵᠠᠷ ᠲᠤ ᠳᠦᠷᠦᠭ᠍ᠰᠡᠨ

ᠬᠤᠯᠠᠭᠠᠢ ᠪᠢᠰᠢ ᠶᠤᠮᠰᠠᠨ

ᠡᠪᠠᠰᠤ ᠣᠷᠭᠤᠵᠤ ᠢᠮᠠᠭ᠎ᠠ ᠭᠡᠪᠢᠨ ᠭᠦᠮᠤᠨ ᠠᠮᠢᠳᠤᠷᠠᠳᠠᠭ ᠨᠢ

ᠪᠠᠢ᠌ᠭᠠᠯᠢ ᠶ‍ᠢᠷᠳᠢᠠᠴᠤ ᠶᠢᠨ ᠣᠤᠭᠠᠯ ᠵᠢᠮ᠎ᠠ ᠪᠢᠰᠢ ᠤᠤ

ᠶᠠᠭᠠᠭᠢᠬᠤᠯᠠᠷ ᠢᠮᠠᠭ᠎ᠠ ᠶᠠᠯ᠎ᠠ ᠳᠤ ᠣᠷᠤᠵᠤ

ᠢᠮᠠᠭ᠎ᠠ ᠲᠡᠶ ᠣᠯᠤᠰ ᠬᠤᠷᠢᠭᠳᠠᠯ ᠪᠣᠯᠪᠠ︖

ᠴᠢᠨᠤ ᠠᠮᠠ ᠶᠢ ᠳᠤᠰᠤᠳᠠᠬᠤ ᠶᠢᠨ ᠣᠷᠤᠨ ᠳ᠋ᠤ

ᠴᠢᠨ᠋ᠸ᠎ᠠ ᠶᠢᠨ ᠬᠤᠩᠰᠢᠶᠠᠷ ᠢ ᠮᠢᠯᠢᠶᠠᠶ᠎ᠠ ᠳ᠋ᠠ

ᠰᠠᠷᠠᠭᠤᠯ ᠳᠠᠯ᠎ᠠ ᠮᠢᠨᠢ ᠪᠠᠶᠠᠯᠢᠭᠵᠢᠵᠤ

ᠰᠦᠷᠦᠭ᠌ ᠤᠨ ᠭᠡᠰᠢᠭ᠌ ᠪᠠᠳᠠᠷᠠᠬᠤ ᠦᠭᠡᠶ ᠦᠦ ᠳ᠋ᠠ᠃


2008.4.21 〈ᠪᠠᠶᠠᠠᠠᠭᠤᠯᠠᠨ᠎ᠠ〉


ᠵᠤᠬᠢᠶᠠᠭᠴᠢ ᠶᠢᠨ ᠬᠠᠶ‍ᠢᠭ᠄ ᠣᠯᠠᠭᠠᠠᠬᠠᠳᠠ ᠬᠤᠳᠠ ᠶᠢᠨ ᠪᠠᠭᠠᠷᠢᠨ ᠵᠡᠭᠦᠨ ᠬᠤᠰᠢᠭᠤ

ᠵᠤᠬᠢᠶᠠᠭᠴᠢ᠄ ᠪᠠᠳᠤᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1372
ᠴᠠᠭ᠄ 2010 ᠤᠨ ᠤ 09 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁