ᠳᠡᠭ᠍ᠷᠢ ᠶᠢᠨ ᠨᠢᠳᠤ

ᠳᠡᠭ᠍ᠷᠢ ᠶᠢᠨ ᠨᠢᠳᠤ ᠭᠠᠵᠠᠷ ᠲᠠᠭᠠᠨ ᠣᠭᠢᠯᠠᠪᠠ

ᠳᠡᠷᠳᠡᠭᠡ ᠠᠯᠤᠰ ᠣᠳᠤᠳ ᠶᠢᠡᠨ ᠬᠠᠷᠠᠵᠤ

ᠳᠡᠰᠭᠡᠯ ᠦᠭᠡᠶ ᠮᠠᠯᠮᠠᠷᠠᠳᠠᠯ᠎ᠠ ᠣᠭᠢᠯᠠᠪᠠ

ᠭᠠᠷ ᠲᠠᠭᠠᠨ ᠴᠢᠯᠠᠭᠤ ᠲᠡᠶ ᠭᠦᠮᠦᠰ ᠤᠨ ᠠᠯᠠᠭᠠᠨ ᠳᠤ

ᠭᠠᠳᠠ ᠮᠠᠢ᠌ᠷᠠᠨ ᠰᠢᠭ ᠶᠢᠡᠨ ᠰᠢᠳᠠᠵᠤ ᠣᠭᠢᠯᠠᠪᠠ

ᠳᠡᠭ᠍ᠷᠢ ᠳᠡᠭᠡᠨ ᠦᠭᠡᠶ ᠣᠳᠤᠳ ᠤᠨ ᠳᠠᠯᠠᠢ ᠳᠤ

ᠳᠠᠮᠤᠵᠢᠨ ᠨᠠᠷ᠎ᠠ ᠪᠠᠨ ᠳᠡᠮᠳᠡᠷᠢᠭ᠍ᠰᠡᠭᠡᠷ ᠣᠭᠢᠯᠠᠪᠠ

ᠳᠡᠭ᠍ᠷᠢ ᠶᠢᠨ ᠨᠢᠳᠤ ᠭᠠᠵᠠᠷ ᠲᠠᠭᠠᠨ ᠣᠭᠢᠯᠠᠪᠠ

ᠳᠠᠰ ᠬᠠᠯᠢᠭᠰᠠᠨ ᠠᠭᠤᠯᠠᠰ ᠪᠠᠨ ᠮᠠᠷᠳᠠᠩᠬᠠᠨ

ᠳᠠᠯ᠎ᠠ ᠰᠥᠷᠦᠭ᠌ ᠶᠢᠡᠨ ᠥᠭᠡᠢ᠌ᠯᠡᠭ᠍ᠰᠡᠭᠡᠷ ᠣᠭᠢᠯᠠᠪᠠ

ᠳᠠᠪᠤᠨ ᠳᠠᠷᠢᠶ᠎ᠠ ᠪᠠᠷ ᠬᠠᠯᠢᠭᠤᠷᠠᠳᠠᠯ᠎ᠠ ᠣᠭᠢᠯᠠᠪᠠ

ᠡᠯᠡᠰᠤᠨ ᠴᠦᠯ ᠵᠥᠭ᠌ ᠡᠷᠳᠡ ᠳᠠᠴᠢᠭᠢᠨᠠᠬᠤ

ᠡᠯᠢᠭᠡ ᠣᠷᠤᠭᠤ ᠠᠠᠵᠢᠰᠤ ᠪᠠᠷ ᠣᠭᠢᠯᠠᠪᠠ

ᠳᠡᠭ᠍ᠷᠢ ᠶᠢᠨ ᠨᠢᠳᠤ ᠳᠡᠭ᠍ᠷᠢ ᠳᠡᠭᠡᠨ ᠣᠭᠢᠯᠠᠪᠠ

ᠳᠡᠵᠢᠭᠡᠭ᠍ᠰᠡᠨ ᠠᠴᠢ ᠶᠢ ᠰᠠᠨᠠᠭᠠᠯᠵᠠᠨ

ᠳᠡᠷᠭᠡᠨ ᠳᠡᠭᠡᠷ᠎ᠡ ᠪᠠᠨ ᠰᠠᠵᠢᠭᠳᠠᠵᠤ ᠣᠭᠢᠯᠠᠪᠠ

ᠳᠠᠪᠠᠷᠢ ᠪᠠᠭᠳᠠᠮ᠎ᠠ ᠠᠮᠢᠳᠤᠷᠠᠯ ᠤᠨ ᠣᠶᠠᠭᠠᠨ ᠳᠤ

ᠳᠡᠦᠭᠡ ᠦᠨᠡᠨ ᠢ ᠬᠤᠭᠵᠢᠷᠠᠳᠠᠯ᠎ᠠ ᠣᠭᠢᠯᠠᠪᠠ

ᠳᠡᠭ᠍ᠷᠢ ᠶᠢᠨ ᠨᠢᠳᠤ ᠳᠡᠭ᠍ᠷᠢ ᠳᠡᠭᠡᠨ ᠣᠭᠢᠯᠠᠪᠠ

ᠳᠡᠮᠡᠭᠡᠨ ᠳᠡᠭᠡᠷ᠎ᠡ ᠪᠠᠨ ᠠᠴᠢᠭᠳᠠᠵᠤ ᠣᠭᠢᠯᠠᠪᠠ

ᠳᠠᠪᠠᠷᠢ ᠳᠤ ᠨᠢ ᠣᠷᠭᠤᠬᠤ ᠦᠭᠡᠶ ᠮᠥᠩᠭᠡ ᠶᠢᠨ ᠨᠢᠳᠤ ᠶᠢ

ᠲᠦᠮᠡᠨ ᠠᠷᠠᠤᠨ ᠲᠠᠭᠠᠨ ᠳᠤᠰᠢᠶᠠᠵᠤ ᠣᠭᠢᠯᠠᠪᠠ᠃


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ

ᠵᠤᠬᠢᠶᠠᠭᠴᠢ᠄ ᠭᠠᠯ
ᠬᠠᠷᠢᠶ᠎ᠠ᠄ ᠰᠢᠯᠦᠭ
ᠳᠠᠷᠤᠮ᠄ 1745
ᠴᠠᠭ᠄ 2009 ᠤᠨ ᠤ 12 ᠰᠠᠷ᠎ᠠ ᠶᠢᠨ 10