ᠴᠡᠷᠢᠭ᠌ ᠡᠷ᠎ᠡ

ᠭᠠᠷ ᠲᠤ ᠪᠠᠨ ᠨᠦᠵᠢ ᠲᠡᠶ ᠳᠦᠷᠦᠭ᠍ᠰᠡᠨ

ᠡᠵᠡᠨ ᠴᠢᠩᠭᠢᠰ ᠤᠨ ᠣᠳᠤᠮ

ᠭᠠᠠᠵᠤᠭ᠎ᠠ ᠶᠢᠨ ᠰᠤᠷ ᠰᠢᠭ ᠡᠷᠴᠢᠮᠯᠢᠭ᠌

ᠣᠳᠤᠮᠳᠤ ᠮᠤᠩᠭ᠋ᠤᠯ ᠤᠨ ᠦᠷ᠎ᠡ

ᠭᠠᠯ ᠳᠤ ᠰᠢᠳᠠᠵᠤ ᠣᠨᠠᠭᠰᠠᠨ ᠴᠤ

ᠰᠦᠯᠳᠡ ᠪᠠᠨ ᠡᠷᠢᠵᠤ ᠮᠥᠯᠭᠦᠳᠡᠭ᠌

ᠭᠠᠷᠮᠠᠭᠠᠢ ᠮᠤᠩᠭ᠋ᠤᠯ ᠤᠨ ᠭᠦᠤ

ᠨᠤᠳᠤᠭ ᠶᠢᠡᠨ ᠳᠠᠭᠤᠳᠠᠵᠤ ᠮᠥᠯᠭᠦᠳᠡᠭ᠌

ᠰᠠᠴᠤᠯᠢ ᠡᠷᠭᠦᠭ᠍ᠰᠡᠨ ᠡᠵᠢ ᠳᠤ ᠪᠠᠨ

ᠰᠠᠷᠠᠭᠤᠯ ᠭᠦᠷᠭᠦ ᠰᠠᠤᠠᠭᠢᠯ

ᠰᠠᠷᠬᠤᠤᠨ ᠠᠮᠳᠠᠯᠠᠨ ᠵᠤᠯᠭᠠᠵᠤ

ᠰᠠᠢ᠌ᠬᠠᠨ ᠥᠨᠦᠰᠦᠭᠦᠯᠭᠦ ᠭᠦᠰᠡᠯ

ᠰᠠᠭᠠᠯᠢ ᠶᠢᠨ ᠦᠨᠦᠷ ᠲᠡᠶ ᠭᠡᠷ ᠤᠨ ᠶᠢᠡᠨ

ᠬᠣᠢ᠌ᠮᠤᠷ ᠢ ᠨᠢ ᠳᠦᠭᠦᠷᠭᠡᠭᠦ ᠰᠠᠤᠠᠭᠢᠯ

ᠰᠠᠨᠠᠵᠤ ᠭᠦᠯᠢᠶᠡᠭ᠍ᠰᠡᠨ ᠠᠪᠣ ᠶᠢᠨ ᠶᠢᠡᠨ

ᠰᠠᠨᠠᠭ᠎ᠠ ᠶᠢ ᠨᠢ ᠪᠠᠶᠠᠰᠬᠠᠬᠤ ᠭᠦᠰᠡᠯ

ᠭᠦᠯᠦᠭ᠌ ᠤᠨ ᠨᠢᠷᠤᠭᠤᠨ ᠳᠤ ᠮᠤᠷᠳᠠᠵᠤ

ᠭᠢᠯᠢ ᠶᠢᠨ ᠳᠡᠭᠡᠰᠤ ᠬᠠᠢ᠌ᠭᠰᠠᠨ

ᠭᠦᠳᠡᠭᠡ ᠶᠢᠨ ᠪᠣᠷᠤ ᠭᠦᠤ ᠶᠢᠨ

ᠭᠦᠳᠦᠰᠤᠨ ᠳᠠᠪᠠᠯ ᠲᠡᠶ ᠠᠮᠢᠳᠤᠷᠠᠯ

ᠠᠮᠠᠷᠠᠭ ᠶᠢᠡᠨ ᠣᠷᠭᠢᠭᠠᠤᠨ ᠶᠠᠪᠣᠭᠰᠠᠨ ᠴᠤ

ᠠᠷᠤ ᠭᠡᠷ ᠶᠢᠡᠨ ᠡᠷᠭᠢᠭᠦ ᠶᠢ ᠮᠠᠷᠳᠠᠭᠰᠠᠨ ᠦᠭᠡᠶ

ᠡᠭᠡ ᠣᠷᠤᠨ ᠤ ᠪᠠᠨ ᠭᠢᠯᠢ ᠶᠢ ᠰᠠᠭᠢᠵᠤ

ᠡᠪᠦᠭᠡᠤᠨ ᠤᠨ ᠨᠤᠳᠤᠭ ᠶᠢᠡᠨ ᠮᠠᠷᠳᠠᠭᠰᠠᠨ ᠦᠭᠡᠶ

ᠴᠠᠰᠤᠳᠤ ᠡᠪᠦᠯ᠂   ᠰᠢᠭᠤᠷᠭᠠᠳᠤ ᠡᠳᠦᠷ

ᠴᠠᠭ ᠤᠨ ᠵᠤᠷᠰᠢᠯ ᠶᠢᠡᠷ ᠭᠢᠯᠢ ᠪᠠᠨ ᠮᠠᠨᠠᠭᠰᠠᠨ

ᠴᠠᠢ᠌ᠯᠭᠠᠨ ᠡᠵᠢ ᠶᠢᠨ ᠵᠢᠷᠤᠮᠳᠤ ᠭᠦᠤ ᠶᠢᠨ

ᠴᠢᠭ᠍ᠴᠢ ᠦᠨᠡᠨ ᠥᠭ᠍‍ᠭᠢᠶᠡᠮᠦᠷ ᠰᠠᠤᠠᠭᠢᠯ

ᠣᠯᠤᠰ ᠭᠡᠷ ᠶᠢᠡᠨ ᠬᠠᠮᠠᠭᠠᠯᠠᠬᠤ ᠪᠠᠷ

ᠡᠷᠡᠯᠭᠡᠭᠯᠡᠨ ᠪᠣᠰᠤᠭᠰᠠᠨ ᠮᠤᠩᠭ᠋ᠤᠯ ᠭᠦᠤ

ᠠᠷᠤ ᠭᠡᠷ ᠶᠢᠡᠨ ᠵᠢᠷᠭᠠᠭᠤᠯᠬᠤ ᠪᠠᠷ

ᠣᠷᠤᠭᠰᠢᠯᠠᠨ ᠳᠠᠪᠰᠢᠭᠰᠠᠨ ᠮᠤᠩᠭ᠋ᠤᠯ ᠡᠷ᠎ᠡ

ᠠᠭᠳᠠ ᠶᠢᠨ ᠨᠢᠷᠤᠭᠤᠨ ᠡᠴᠡ

ᠣᠷᠴᠢᠯᠠᠩ ᠳᠤ ᠨᠢᠰᠤᠨ᠎ᠠ ᠭᠡᠰᠡᠨ

ᠣᠷᠤᠭᠰᠢ ᠪᠠᠨ ᠪᠦᠭᠦᠢᠭ᠍ᠰᠡᠨ ᠵᠦᠷᠢᠭ᠌

ᠡᠭᠡ ᠶᠢᠨ ᠡᠪᠦᠷ ᠡᠴᠡ

ᠠᠷᠠᠤᠨ ᠲᠤ ᠪᠠᠨ ᠪᠣᠴᠠᠨ᠎ᠠ ᠭᠡᠰᠡᠨ

ᠥᠷᠯᠢᠭ᠌ ᠮᠤᠩᠭ᠋ᠤᠯ ᠰᠠᠤᠠᠭᠢᠯ

ᠽᠠᠮᠪᠣᠯᠢᠩ ᠤᠨ ᠳᠤᠭᠤᠰᠤ ᠭᠦᠡᠳᠡᠨ

ᠰᠠᠳᠠᠷᠠᠵᠤ ᠪᠠᠭᠤᠭᠰᠠᠨ ᠮᠦᠨᠳᠤᠷ

ᠰᠠᠢ᠌ᠬᠠᠨ ᠡᠵᠢ ᠳᠤ ᠪᠠᠨ ᠡᠷᠭᠢᠭᠦ ᠪᠠᠷ

ᠲ᠋ᠠᠯ᠎ᠠ ᠳᠤ ᠪᠠᠨ ᠪᠠᠭᠤᠭᠰᠠᠨ ᠰᠠᠷᠠ

ᠴᠡᠷᠢᠭ᠌ ᠡᠷ᠎ᠡ︕


ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ  ᠤᠨ ᠬᠤᠷᠢᠶ᠎ᠠ

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠰᠠᠮᠪᠠᠷ᠎ᠠ ᠡᠴᠡ ᠰᠢᠯᠢᠪᠠ
ᠬᠠᠷᠢᠶ᠎ᠠ᠄ ᠰᠢᠯᠦᠭ
ᠳᠠᠷᠤᠮ᠄ 3545
ᠴᠠᠭ᠄ 2007 ᠤᠨ ᠤ 06 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁