ᠮᠥᠩᠭᠡ ᠳᠡᠭ᠍ᠷᠢ ᠪᠣᠯᠤᠨ ᠪᠦᠭᠡ ᠮᠥᠷᠭᠦᠯ ᠤᠨ ᠦᠵᠡᠯᠳᠠᠨ ᠤ ᠢᠯᠭᠠᠭ᠎ᠠ

1᠂ ᠪᠦᠭᠡ ᠮᠥᠷᠭᠦᠯ ᠪᠣᠯ ᠣᠪᠣᠭ ᠠᠢ᠌ᠮᠠᠭ ᠤᠨ ᠰᠢᠳᠦᠯᠭᠡ ᠪᠢᠰᠢᠷᠠᠯ ᠪᠠᠢ᠌ᠵᠤ᠂ ᠮᠥᠩᠭᠡ ᠳᠡᠭ᠍ᠷᠢ ᠪᠣᠯ ᠣᠯᠤᠰ ᠦᠨᠳᠦᠰᠦᠳᠠᠨ ᠤ ᠱᠠᠰᠢᠨ ᠪᠠᠢ᠌ᠭᠰᠠᠨ᠃

2᠂ ᠪᠦᠭᠡ ᠮᠥᠷᠭᠦᠯ ᠪᠣᠯ ᠣᠷᠤᠨ ᠨᠤᠳᠤᠭ ᠤᠨ ᠰᠢᠳᠦᠯᠭᠡ ᠪᠢᠰᠢᠷᠠᠯ ᠪᠠᠢ᠌ᠵᠤ᠂ ᠮᠥᠩᠭᠡ ᠳᠡᠭ᠍ᠷᠢ ᠪᠣᠯ ᠳᠡᠯᠡᠭᠡᠢ ᠨᠠᠢ᠌ᠳᠠ ᠶᠢᠨ ᠱᠠᠰᠢᠨ ᠪᠠᠢ᠌ᠭᠰᠠᠨ᠃

3᠂ ᠪᠦᠭᠡ ᠮᠥᠷᠭᠦᠯ ᠪᠣᠯ ᠡᠷᠳᠡᠨ ᠤ ᠰᠢᠳᠦᠯᠭᠡ ᠪᠢᠰᠢᠷᠠᠯ ᠪᠠᠢ᠌ᠵᠤ᠂ ᠮᠥᠩᠭᠡ ᠳᠡᠭ᠍ᠷᠢ ᠪᠣᠯ ᠬᠠᠷᠢᠴᠠᠩᠭ᠋ᠤᠢ ᠵᠠᠯᠠᠭᠤ᠂ ᠣᠢ᠌ᠷ᠎ᠠ ᠦᠶ᠎ᠡ ᠶᠢᠨ ᠱᠠᠰᠢᠨ᠃

4᠂ ᠪᠦᠭᠡ ᠮᠥᠷᠭᠦᠯ ᠪᠣᠯ ᠴᠠᠪᠠᠷ ᠪᠠᠢ᠌ᠭᠠᠯᠢ ᠶᠢᠨ ᠰᠢᠳᠦᠯᠭᠡ ᠪᠢᠰᠢᠷᠠᠯ ᠪᠠᠢ᠌ᠵᠤ᠂ ᠮᠥᠩᠭᠡ ᠳᠡᠭ᠍ᠷᠢ ᠪᠣᠯ ᠡᠭᠦᠰᠦᠮᠡᠯ ᠱᠠᠰᠢᠨ ᠪᠣᠯᠤᠨ᠎ᠠ᠃

5᠂ ᠪᠦᠭᠡ ᠮᠥᠷᠭᠦᠯ ᠳᠤ ᠪᠣᠯ ᠭᠤᠤᠯᠳᠠᠭᠤ ᠪᠦᠭᠡᠯᠡᠵᠤ ᠰᠦᠨᠠᠰᠤ ᠣᠩᠭ᠋ᠤᠳ ᠲᠡᠶ ᠪᠣᠯ᠂ ᠮᠥᠩᠭᠡ ᠳᠡᠭ᠍ᠷᠢ ᠱᠠᠰᠢᠨ ᠳᠤ ᠪᠣᠯ ᠮᠥᠩᠭᠡ ᠳᠡᠭ᠍ᠷᠢ ᠭᠡᠮᠡᠭᠦ ᠪᠦᠳᠦᠭᠡᠭ᠍ᠴᠢ ᠪᠣᠷᠬᠠᠨ ᠲᠡᠶ ᠬᠠᠷᠢᠴᠠᠳᠠᠭ ᠠᠵᠠᠢ᠃

6᠂ ᠪᠦᠭᠡ ᠮᠥᠷᠭᠦᠯ ᠨᠢ ᠪᠦᠭᠡᠯᠡᠭᠦ ᠳᠡᠭᠡᠨ ᠪᠠᠶ᠎ᠠ ᠶᠢᠨ ᠹᠢᠽᠢᠺ ᠭᠦᠴᠤ ᠶᠢ ᠠᠰᠢᠭᠯᠠᠳᠠᠭ ᠪᠣᠯ᠂ ᠮᠥᠩᠭᠡ ᠳᠡᠭ᠍ᠷᠢ ᠶᠢᠨ ᠱᠠᠰᠢᠨ ᠵᠠᠯᠪᠠᠷᠢᠬᠤ ᠳᠠᠭᠠᠨ ᠣᠶᠤᠨ ᠣᠬᠠᠭᠠᠨ ᠤ ᠭᠦᠴᠤ ᠶᠢ ᠢᠯᠡᠭᠦᠤ ᠡᠷᠭᠢᠮᠯᠡᠳᠡᠭ᠌ ᠪᠠᠢ᠌ᠨ᠎ᠠ᠃

7᠂ ᠪᠦᠭᠡ ᠮᠥᠷᠭᠦᠯ ᠨᠢ ᠶ‍ᠢᠷᠳᠢᠠᠴᠤ ᠶᠢ ᠥᠵᠡᠭᠦ ᠦᠵᠡᠯ ᠤᠨ ᠬᠤᠪᠢ ᠳᠤ ᠠᠬᠤᠢ ᠳᠠᠯ᠎ᠠ ᠡᠴᠡ ᠶ‍ᠢᠷᠳᠢᠠᠴᠤ ᠶᠢ ᠭᠦᠯᠢᠶᠡᠵᠤ ᠠᠪᠳᠠᠭ ᠪᠣᠯ ᠮᠥᠩᠭᠡ ᠳᠡᠭ᠍ᠷᠢ ᠶᠢᠨ ᠱᠠᠰᠢᠨ ᠨᠢ ᠹᠢᠽᠢᠤᠯᠤᠭᠢ ᠳᠠᠯ᠎ᠠ ᠡᠴᠡ ᠨᠢ ᠳᠠᠢ᠌ᠯᠪᠤᠷᠢᠯᠠᠳᠠᠭ᠃

8᠂ ᠪᠦᠭᠡ ᠮᠥᠷᠭᠦᠯ ᠳᠤ ᠮᠤᠩᠭ᠋ᠤᠯᠴᠤᠳ ᠤᠨ ᠭᠠᠷᠤᠯ ᠡᠭᠦᠰᠦᠯ ᠢ ᠳᠤᠲ᠋ᠸᠮ ᠲᠡᠶ ᠬᠤᠯᠪᠤᠨ ᠥᠵᠡᠳᠡᠭ᠌ ᠪᠣᠯ ᠮᠥᠡᠭᠡ ᠳᠡᠭ᠍ᠷᠢ ᠶᠢᠨ ᠱᠠᠰᠢᠨ ᠳᠤ ᠳᠡᠭᠡᠳᠤ ᠳᠡᠭ᠍ᠷᠢ ᠡᠴᠡ ᠢᠵᠠᠭᠤᠷ ᠲᠡᠶ ᠭᠡᠵᠤ ᠨᠤᠮᠯᠠᠳᠠᠭ ᠪᠠᠢ᠌ᠨ᠎ᠠ᠃

ᠶᠠᠷᠤ ᠨᠢ ᠪᠦᠭᠦ ᠶᠠᠭᠤᠮ᠎ᠠ ᠭᠦᠳᠡᠯᠭᠡᠭᠡᠨ ᠳᠤ ᠣᠷᠤᠰᠢᠵᠤ ᠣᠯᠠᠮᠵᠢᠯᠠᠭᠳᠠᠬᠤ ᠭᠦᠷᠦᠰᠤ ᠰᠠᠭᠤᠷᠢᠨ ᠳᠡᠭᠡᠷ᠎ᠡ ᠮᠥᠩᠭᠡ ᠳᠡᠭ᠍ᠷᠢ ᠶᠢᠨ ᠱᠠᠰᠢᠨ ᠣᠯᠠᠮᠵᠢᠯᠠᠭᠳᠠᠨ ᠰᠢᠨᠡᠴᠢᠯᠡᠭ᠍ᠳᠡᠵᠤ ᠪᠣᠢ ᠪᠣᠯᠤᠭᠰᠠᠨ ᠪᠠᠢ᠌ᠨ᠎ᠠ᠃ ᠪᠦᠭᠡ ᠮᠥᠷᠭᠦᠯ ᠦᠭᠡᠶ ᠪᠠᠷ ᠮᠥᠩᠭᠡ ᠳᠡᠭ᠍ᠷᠢ ᠶᠢᠨ ᠱᠠᠰᠢᠨ ᠨᠢ ᠣᠭᠳᠤ ᠳᠦᠰᠦᠭᠡᠯᠡᠭ᠍ᠳᠡᠭᠦ ᠶᠢᠨ ᠠᠷᠭ᠎ᠠ ᠦᠭᠡᠶ ᠶᠤᠮ᠃ ᠮᠥᠩᠭᠡ ᠳᠡᠭ᠍ᠷᠢ ᠶᠢᠨ ᠱᠠᠰᠢᠨ ᠨᠢ ᠪᠦᠭᠡ ᠮᠥᠷᠭᠦᠯ ᠡᠴᠡ ᠶᠡᠭᠡᠭᠡᠨ ᠵᠣᠢ᠌ᠯ ᠢ ᠦᠪᠯᠠᠨ ᠠᠪᠴᠠᠢ᠃ ᠮᠥᠩᠭᠡ ᠳᠡᠭ᠍ᠷᠢ ᠶᠢᠨ ᠱᠠᠰᠢᠨ ᠨᠢ ᠣᠯᠠᠮᠵᠢᠯᠠᠭᠳᠠᠨ ᠰᠢᠨᠡᠴᠢᠯᠡᠭ᠍ᠳᠡᠭ᠍ᠰᠡᠨ ᠱᠠᠰᠢᠨ ᠣᠴᠢᠷ ᠡᠴᠡ ᠪᠦᠭᠡ ᠮᠥᠷᠭᠦᠯ ᠡᠴᠡ ᠪᠦᠭᠦ ᠳᠠᠯ᠎ᠠ ᠪᠠᠷ ᠭᠦᠭ᠍ᠵᠢᠨ ᠳᠠᠪᠰᠢᠭᠳᠠᠭᠰᠠᠨ ᠭᠡᠳᠡᠭ᠌ ᠨᠢ ᠣᠢ᠌ᠯᠭᠠᠮᠵᠢᠳᠠᠢ ᠶᠤᠮ᠃ ᠮᠤᠩᠭ᠋ᠤᠯᠴᠤᠳ ᠮᠥᠩᠭᠡ ᠳᠡᠭ᠍ᠷᠢ ᠶᠢ ᠰᠢᠳᠤᠵᠤ ᠪᠠᠢ᠌ᠭᠰᠠᠨ ᠳᠤᠬᠠᠢ 《ᠮᠤᠩᠭ᠋ᠤᠯ ᠤᠨ ᠨᠢᠭᠤᠴᠠ ᠳᠤᠪᠴᠢᠶᠠᠨ》 ᠳᠤ ᠮᠠᠰᠢ ᠣᠯᠠᠨ ᠪᠠᠷᠢᠮᠳᠠ ᠤᠳ ᠪᠠᠢ᠌ᠳᠠᠭ ᠶᠤᠮ᠃


(ᠮᠤᠩᠭ᠋ᠤᠯ ᠤᠨ 《ᠮᠥᠩᠭᠡ ᠳᠡᠭ᠍ᠷᠢ ᠶᠢᠨ ᠰᠢᠳᠦᠯᠭᠡ ᠶᠢᠨ ᠳᠤᠬᠠᠢ》 ᠰᠤᠳᠤᠯᠭᠠᠨ ᠤ ᠥᠭᠦᠯᠡᠯ ᠤᠳ ᠡᠴᠡ ᠱᠥᠭᠦᠪᠡ)

ᠢᠷᠡᠯᠲᠡ᠄ ᠥᠭᠡᠯᠡᠳ ᠭᠠᠯᠳᠠᠨ ᠬᠠᠩᠭ᠋ᠠᠪᠠ
ᠬᠠᠷᠢᠶ᠎ᠠ᠄ ᠮᠤᠩᠭᠤᠯ ᠲᠡᠦᠬᠡ
ᠳᠠᠷᠤᠮ᠄ 3936
ᠴᠠᠭ᠄ 2009 ᠤᠨ ᠤ 05 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ