ᠵᠠᠯᠠᠭᠤ ᠨᠠᠰᠤ

ᠵᠠᠯᠠᠭᠤ ᠨᠠᠰᠤ︕ ᠵᠠᠯᠠᠭᠤ ᠨᠠᠰᠤ︕

ᠶ‍ᠢᠷᠳᠢᠠᠴᠤ ᠳᠤ ᠳᠦᠷᠦᠭ᠍ᠰᠡᠨ ᠮᠢᠨᠢ ᠪᠠᠶ᠎ᠠ

ᠢᠳᠠᠷ ᠨᠠᠰᠤ ᠵᠠᠯᠠᠭᠤ ᠨᠠᠰᠤ

ᠶᠡᠭᠡ ᠣᠢ᠌ᠯᠠᠰ ᠲᠤ ᠭᠦᠴᠤ ᠡᠷᠭᠦᠭᠦ ᠨᠠᠰᠤ

ᠵᠤᠯ ᠲᠡᠶ ᠨᠠᠰᠤ ᠭᠠᠯ ᠲᠡᠶ ᠣᠨ

ᠬᠤᠪᠢᠰᠬᠤ ᠣᠯᠠᠷᠢᠯ ᠤᠨ ᠡᠭᠡᠯᠵᠢᠶᠡᠨ ᠵᠢᠠᠷ

ᠬᠤᠩᠭ᠋ᠤᠷ ᠨᠠᠰᠤ ᠮᠢᠨᠢ ᠭᠦᠷᠦᠭᠡᠳ ᠢᠷᠠᠵᠠᠢ

ᠬᠤᠭᠤᠰᠤᠨ ᠰᠠᠭᠤᠵᠤ ᠥᠩᠭᠡᠷᠡᠭᠦᠯᠪᠠᠯ

ᠬᠤᠪᠣᠷᠬᠠᠨ ᠦᠶ᠎ᠡ ᠣᠬᠤᠷᠬᠠᠨ ᠨᠠᠰᠤ

ᠬᠠᠷᠠᠮᠰᠠᠬᠤ ᠨᠠᠰᠤ ᠭᠡᠮᠰᠢᠭᠦ ᠣᠨ

ᠥᠰᠭᠦ ᠭᠦᠮᠤᠨ ᠥᠳᠡᠯᠭᠦ ᠭᠦᠮᠤᠨ

ᠡᠮᠦᠨ᠎ᠡ ᠬᠣᠢ᠌ᠨ᠎ᠠ ᠡᠴᠠ ᠳᠠᠮᠠᠤᠯᠠᠨ ᠭᠦᠰᠡᠭᠦ

ᠡᠷᠴᠢᠮᠨᠡᠭ᠍ᠰᠡᠨ ᠭᠦᠴᠤ ᠢᠳᠠ ᠴᠢᠳᠠᠯ ᠳᠠᠢ

ᠠᠮᠢᠳᠤᠷᠠᠯ ᠤᠨ ᠬᠤᠪᠣᠷᠬᠠᠨ ᠦᠶ᠎ᠡ

ᠡᠷᠭᠢᠭᠦ ᠦᠭᠡᠶ ᠨᠠᠰᠤ ᠣᠯᠳᠠᠬᠤ ᠦᠭᠡᠶ ᠣᠨ

ᠳᠠᠢ᠌ᠮᠤ ᠰᠠᠢ᠌ᠬᠠᠨ ᠨᠠᠰᠤ ᠪᠠᠨ

ᠳᠤᠷᠭᠤᠵᠤ ᠬᠤᠴᠤᠷᠠᠭᠠᠬᠤ ᠵᠤᠷᠢᠭ ᠮᠢᠨᠢ ᠪᠠᠢ᠌ᠨ᠎ᠠ

ᠳᠠ ᠨᠡᠷ ᠪᠣᠤ ᠡᠯᠡᠭᠯᠨ ᠨᠠᠳᠠ ᠪᠠᠨ

ᠳᠠᠮᠢᠷ ᠭᠦᠴᠤ ᠢᠳᠠ ᠴᠢᠳᠠᠯ ᠮᠢᠨᠢ ᠪᠠᠢ᠌ᠨ᠎ᠠ

ᠪᠦᠳᠦᠭᠡᠯ ᠨᠠᠰᠤ ᠳᠤᠷᠠᠰᠬᠠᠯ ᠣᠨ

ᠣᠴᠢᠷ ᠨᠢ ᠵᠠᠯᠠᠭᠤ ᠦᠶ᠎ᠡ ᠶᠢᠨ ᠣᠶᠤᠨ

ᠣᠠᠳᠤᠷᠠᠯ ᠨᠠᠰᠤᠨ ᠤ ᠪᠠᠯᠡᠭ᠌

ᠪᠦᠳᠦᠭᠡᠯ ᠭᠡᠵᠢᠶ᠎ᠡ ᠭᠡᠷᠡᠭ᠍ᠴᠠᠭᠡᠳᠠᠢ ᠦᠶ᠎ᠡ ᠳ᠋ᠤ

ᠨᠠᠰᠤ ᠳᠡᠭᠦᠨ ᠳᠤ ᠰᠢᠩᠭᠡᠵᠤ ᠣᠷᠤᠰᠢᠨ᠎ᠠ

ᠪᠣᠳᠠ ᠨᠠᠰᠤ ᠪᠠᠨ ᠳᠤᠭᠠᠯᠠ ᠣᠨ ᠢ


ᠵᠤᠬᠢᠶᠠᠭᠴᠢ ᠶᠢᠨ ᠬᠠᠶ‍ᠢᠭ᠄ ᠰᠢᠠᠵᠠᠶᠠᠩ ᠪᠠᠶᠠᠠᠭᠤᠤᠯ ᠵᠸᠤ ᠡᡁᠸᠵᠢᠩ ᠰᠢᠶᠠᠨ ᠤ ᠪᠠᠶᠠᠠᠭᠤᠤᠯ ᠰᠤᠮᠤᠨ ᠤ ᠮᠠᠯ ᠡᠮᠴᠢ ᠶᠢᠨ ᠦᠷᠳᠡᠭᠡᠨ

ᠵᠤᠬᠢᠶᠠᠭᠴᠢ᠄ ᠮᠥᠩᠭᠡᠳᠡᠯᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 2310
ᠴᠠᠭ᠄ 2010 ᠤᠨ ᠤ 09 ᠰᠠᠷ᠎ᠠ ᠶᠢᠨ 10
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ