ᠰᠤᠶᠤᠯ ᠶᠢᠠᠨ ᠳᠡᠭᠡᠳᠦᠯᠡᠭᠰᠡᠨ ᠰᠤᠳᠤᠨ ᠪᠦᠰᠡᠭᠦᠢ
᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠤᠬᠢᠶᠠᠯᠴᠢ ᠰᠡᠷᠵᠢᠮ᠎ᠠ ᠨᠠᠰᠤᠳᠠᠨ ᠤ ᠳᠠᠯᠠᠨ ᠭᠤᠷᠪᠠᠨ ᠨᠠᠰᠤᠨ ᠤ ᠵᠢᠯ ᠤᠨ ᠪᠠᠶᠠᠷ ᠲᠤ


ᠨᠡᠷ᠎ᠡ ᠠᠯᠳᠠᠷ ᠢ ᠨᠢ ᠠᠰᠠᠭᠤᠪᠠᠰᠤ
        ᠵᠠᠷᠤᠳᠴᠤᠳ ᠪᠦᠷ ᠮᠡᠳᠡᠨ᠎ᠡ
ᠨᠡᠢ᠌ᠲᠡᠯᠡᠭᠳᠡᠭᠰᠡᠨ ᠵᠤᠬᠢᠶᠠᠯ ᠢ ᠨᠢ ᠦᠵᠡᠪᠡᠰᠦ
        ᠤᠩᠰᠢᠭᠴᠢᠳ ᠪᠦᠷ ᠱᠠᠭᠰᠢᠨ᠎ᠠ


ᠵᠠᠯᠠᠭᠤ ᠪᠠᠭ᠎ᠠ ᠨᠠᠰᠤᠨ᠎ᠠ
ᠪᠢᠯᠢᠭ᠌ ᠤᠨ ᠬᠦᠷᠦᠰᠦᠨ᠎ᠡ ᠴᠡᠴᠡᠭ ᠤᠮᠳᠠᠯᠠᠵᠤ
ᠵᠠᠷᠤᠳ ᠤᠨ ᠨᠢᠭᠡᠲᠦᠮᠡᠯ ᠹᠷᠤᠨᠲ ᠤᠨ ᠬᠡᠯᠲᠡᠰ ᠲᠤ
ᠬᠤᠷᠢ ᠰᠢᠬᠠᠮ ᠵᠢᠯ ᠠᠵᠢᠯᠯᠠᠪᠠᠢ


ᠰᠡᠷᠵᠢᠮ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊
        ᠠᠯᠳᠠᠷ ᠬᠦᠨᠳᠦᠳᠦ ᠠᠷᠠᠳ ᠤᠨ ᠪᠠᠭᠰᠢ
ᠰᠡᠷᠵᠢᠮ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊
        ᠠᠯᠪᠠᠨ ᠪᠠᠢ᠌ᠭᠤᠯᠭ᠎ᠠ ᠶᠢᠨ ᠵᠢᠱᠢᠶᠡᠴᠢ ᠠᠯᠪᠠᠳᠠᠨ


ᠤᠭ᠍ᠶᠤ ᠬᠡᠯᠬᠢᠵᠤ ᠱᠢᠷᠦ ᠬᠤᠯᠪᠤᠭᠰᠠᠨ
        ᠡᠭᠡᠮᠦᠭ ᠰᠦᠢᠬᠡᠳᠡᠨ
ᠤᠲᠠᠰᠤ ᠲᠠᠭᠠᠷᠠᠭᠤᠯᠵᠤ ᠡᠮᠵᠢᠶᠡᠷᠢ ᠳᠠᠷᠤᠭᠤᠯᠤᠭᠰᠠᠨ
        ᠤᠷᠠᠨ ᠬᠠᠳᠬᠤᠮᠠᠯᠴᠢᠨ
ᠦᠯᠵᠡᠢ᠌ᠮᠦ᠋ᠷᠡᠨ ᠳᠤ ᠡᠷᠦᠬᠡ ᠪᠡᠨ ᠰᠡᠭᠦᠭᠰᠡᠨ
        ᠮᠠᠯᠴᠢᠨ ᠪᠦᠰᠡᠭᠦᠢ
ᠦᠨᠡᠲᠦ ᠰᠤᠪᠤᠳ ᠶᠢᠠᠷ ᠰᠤᠨᠳᠤᠷ ᠬᠡᠯᠭᠢᠭᠰᠡᠨ
        ᠨᠠᠢ᠌ᠷᠠᠭᠤᠯᠤᠯ ᠤᠨ ᠵᠤᠬᠢᠶᠠᠯᠴᠢ


ᠰᠡᠷᠵᠢᠮ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊
        ᠰᠤᠶᠤᠯ ᠭᠡᠭᠡᠷᠡᠯ ᠤᠨ ᠰᠤᠳᠤᠨ ᠪᠠᠢ᠌ᠯᠳᠤᠭᠴᠢ
ᠰᠡᠷᠵᠢᠮ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊
        ᠤᠳᠬ᠎ᠠ ᠤᠶᠠᠩᠭ᠎ᠠ ᠶᠢᠨ ᠤᠷᠠᠨ ᠳᠠᠷᠬᠠᠨ


ᠠᠯᠳᠠᠨ ᠲᠦᠷᠦ ᠳᠤ ᠪᠠᠨ ᠵᠢᠳᠭᠦᠭᠰᠡᠨ
ᠢᠳᠡᠭᠡᠯ ᠤᠨ ᠬᠠᠯᠠᠭᠤᠨ ᠮᠦᠷ ᠲᠡᠢ
ᠠᠷᠠᠳ ᠲᠦᠮᠡᠨ ᠳᠤ ᠪᠡᠨ ᠡᠷᠭᠦᠭᠰᠡᠨ
ᠰᠡᠳᠬᠢᠯ ᠤᠨ ᠳᠤᠯᠠᠭᠠᠨ ᠰᠦᠷ ᠲᠡᠢ
ᠠᠮᠠᠷᠠᠭ ᠬᠠᠢ᠌ᠷ᠎ᠠ ᠪᠠᠨ ᠨᠡᠪᠴᠢᠭᠦᠯᠦᠭᠰᠡᠨ
ᠳᠤᠷᠠᠳᠬᠠᠯ ᠤᠨ ᠳᠦᠷᠪᠡᠨ ᠵᠤᠬᠢᠶᠠᠯ ᠲᠠᠢ
ᠠᠯᠠᠭᠠᠨ ᠳᠡᠭᠡᠷ᠎ᠡ ᠪᠡᠨ ᠳᠡᠪᠰᠢᠭᠦᠯᠦᠭᠰᠡᠨ
ᠠᠷᠪᠠᠨ ᠲᠡᠭᠦᠪᠦᠷᠢ ᠵᠤᠬᠢᠶᠠᠯ ᠲᠠᠢ


ᠰᠡᠷᠵᠢᠮ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊
        ᠨᠠᠮ ᠤᠨ ᠰᠤᠨᠢᠨ ᠤ ᠰᠠᠢ᠌ᠨ ᠤᠬᠠᠭᠤᠯᠤᠭᠴᠢ
ᠰᠡᠷᠵᠢᠮ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊
        ᠨᠠᠢ᠌ᠷᠠᠭᠤᠯᠤᠯ ᠤᠨ ᠵᠤᠬᠢᠶᠠᠯ ᠤᠨ ᠨᠡᠷᠡᠲᠦ ᠲᠤᠭᠤᠷᠪᠢᠭᠴᠢ


《ᠵᠠᠷᠤᠳ ᠮᠤᠩᠭᠤᠯᠴᠤᠳ ᠤᠨ ᠬᠤᠪᠴᠠᠰᠤ ᠵᠠᠰᠠᠯ ᠤᠨ ᠬᠠᠳᠬᠤᠮᠠᠯ ᠤᠷᠠᠯᠠᠯ》
《ᠵᠠᠷᠤᠳ ᠮᠤᠩᠭᠤᠯᠴᠤᠳ ᠤᠨ ᠬᠠᠳᠬᠤᠮᠠᠯ ᠤᠷᠠᠯᠠᠯ ᠤᠨ ᠦᠯᠢᠭᠡᠷ ᠵᠢᠷᠤᠭ》
《ᠵᠠᠷᠤᠳ ᠮᠤᠩᠭᠤᠯᠴᠤᠳ ᠤᠨ ᠤᠶᠤᠳᠠᠯ ᠤᠷᠠᠯᠠᠯ》
《ᠵᠠᠷᠤᠳ ᠮᠤᠩᠭᠤᠯᠴᠤᠳ ᠤᠨ ᠵᠠᠩ ᠦᠢᠯᠡ》ᠵᠡᠷᠭᠡ ᠲᠡᠭᠦᠪᠦᠷᠢ ᠨᠤᠭᠦᠳ ᠨᠢ
ᠵᠠᠳᠠᠷᠠᠨ ᠳᠡᠯᠭᠡᠷᠡᠭᠰᠡᠨ ᠪᠤᠳᠠᠰ ᠤᠨ ᠪᠤᠰᠤ
ᠰᠤᠶᠤᠯ ᠤᠨ ᠴᠡᠴᠡᠭᠡᠰ ᠪᠤᠶᠤ
《ᠨᠠᠪᠴᠢᠨ ᠤ ᠰᠢᠪᠡᠨᠡᠭᠡ》᠂《ᠡᠪᠡᠰᠦᠨ ᠤ ᠴᠢᠨᠠᠷ》
《ᠨᠤᠭᠤᠭᠠᠨ ᠤ ᠤᠨᠢᠶᠠᠷ》ᠬᠡᠮᠡᠬᠦ ᠨᠠᠢ᠌ᠷᠠᠭᠤᠯᠤᠯ ᠤᠨ ᠰᠤᠩᠭᠤᠮᠠᠯ ᠨᠢ
ᠨᠠᠢ᠌ᠷᠠᠭ ᠰᠢᠯᠦᠭᠯᠡᠯ ᠤᠨ ᠬᠢᠨᠢ ᠰᠦ᠋ ᠠᠮᠲᠠᠯᠠᠭᠳᠠᠭᠰᠠᠨ
ᠦᠭᠬᠢᠶᠡᠮᠦᠷ ᠱᠠᠬᠢᠮ᠎ᠠ ᠬᠤᠷ᠎ᠠ ᠪᠤᠯᠠᠢ
《ᠠᠷᠠᠳ ᠤᠨ ᠠᠮᠠᠨ ᠵᠤᠬᠢᠶᠠᠯ ᠤᠨ ᠰᠢᠯᠢᠮᠡᠯ》(ᠪᠤᠰᠤᠳ ᠲᠠᠢ ᠬᠠᠮᠳᠤᠷᠠᠭᠰᠠᠨ)
《ᠵᠦᠢᠷ ᠰᠡᠴᠡᠨ ᠦᠭᠡᠰ ᠤᠨ ᠴᠢᠭᠤᠯᠭᠠᠨ》
《ᠮᠤᠩᠭᠤᠯ ᠴᠡᠭᠡᠷ ᠶᠤᠰᠤᠨ》ᠬᠡᠬᠦ ᠨᠤᠮ ᠤᠳ ᠨᠢ
ᠦᠪ ᠰᠤᠶᠤᠯ ᠤᠨ ᠦᠨ᠎ᠡ ᠴᠡᠨ᠎ᠡ ᠪᠦᠬᠦᠢ
ᠦᠯᠢᠭᠡᠷ ᠪᠤᠯᠤᠭᠰᠠᠨ ᠳᠡᠪᠳᠡᠷ ᠤᠳ ᠠᠵᠤᠭᠤ


ᠰᠡᠷᠵᠢᠮ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊
        ᠪᠤᠳᠠᠰ ᠤᠨ ᠪᠤᠰᠤ ᠰᠤᠶᠤᠯ ᠤᠨ ᠤᠯᠠᠮᠵᠢᠯᠠᠭᠴᠢ
ᠰᠡᠷᠵᠢᠮ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊
        ᠪᠤᠯᠳᠤ ᠤᠯᠠᠨ ᠡᠮᠡᠭᠲᠡᠢ᠌ᠴᠦᠳ ᠤᠨ ᠦᠯᠢᠭᠡᠷ ᠳᠠᠭᠤᠷᠢᠶᠠᠯ


ᠤᠯᠠᠭᠠᠨ ᠰᠠᠷᠠᠨ᠎ᠠ ᠰᠢᠭ ᠭᠤᠶᠤᠬᠠᠨ
ᠳᠦᠷᠪᠡᠨ ᠬᠡᠦᠬᠡᠳ ᠶᠢᠡᠨ ᠬᠦᠮᠦᠵᠢᠭᠦᠯᠵᠦ
ᠤᠷᠭᠤᠭ᠎ᠠ ᠨᠠᠷᠠᠰᠤ ᠰᠢᠭ ᠢᠳᠡᠷᠭᠦᠨ
ᠤᠯᠤᠰ ᠤᠨ ᠠᠯᠪᠠᠳᠠᠨ ᠪᠤᠯᠭᠠᠪᠠᠢ
ᠤᠰᠤᠨ ᠯᠢᠩᠬᠤ᠎ᠠ ᠰᠢᠭ ᠰᠠᠢ᠌ᠬᠠᠨ
ᠮᠤᠩᠭᠤᠯ ᠬᠡᠦᠬᠡᠳ ᠶᠢᠡᠨ ᠬᠠᠯᠠᠮᠵᠢᠯᠠᠵᠤ
ᠤᠯᠠᠮᠵᠢᠯᠠᠨ ᠦᠪᠯᠡᠬᠦ ᠬᠦᠷᠦᠩᠭᠡ ᠪᠤᠯᠭᠠᠨ
ᠮᠢᠩᠭᠠᠨ ᠳᠡᠪᠲᠡᠷ ᠪᠡᠯᠡᠭᠯᠡᠪᠡᠢ


ᠰᠡᠷᠵᠢᠮ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊
        ᠦᠭᠬᠢᠶᠡᠮᠦᠷ ᠴᠠᠢ᠌ᠯᠭᠠᠨ ᠮᠤᠩᠭᠤᠯ ᠡᠬᠡ
ᠰᠡᠷᠵᠢᠮ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊
        ᠦᠨᠳᠦᠰᠦᠲᠡᠨ ᠳᠤ ᠪᠠᠨ ᠬᠠᠢ᠌ᠷᠠᠲᠠᠢ ᠦᠷᠯᠦᠭ ᠡᠵᠢ


ᠪᠤᠯᠪᠠᠰᠤᠨ ᠬᠢᠨᠠᠭᠤᠷ ᠠᠭᠠᠯᠢ ᠠᠷᠠᠨᠰᠢᠨ ᠨᠢ
ᠲᠦᠮᠡᠨ ᠤ ᠳᠠᠭᠤᠷᠢᠶᠠᠯ ᠪᠤᠯᠤᠮᠠᠷ
ᠪᠤᠷᠬᠠᠨᠰᠠᠭ ᠪᠤᠶᠠᠨᠰᠠᠭ ᠳᠦᠷᠢ ᠳᠦᠷᠬᠦ ᠨᠢ
ᠪᠤᠰᠤᠳ ᠤᠨ ᠬᠦᠨᠳᠦᠳᠭᠡᠯ ᠢ ᠤᠯᠤᠮᠠᠷ
ᠳᠡᠭᠡ ᠶᠢᠨ ᠬᠠᠨ ᠤ ᠤᠮᠤᠭ ᠪᠤᠯᠤᠭᠰᠠᠨ
ᠠᠰᠬ᠎ᠠ ᠨᠢᠭᠡᠨ ᠤᠷᠭᠢᠯ ᠪᠢᠯᠡ
ᠲᠡᠮᠦᠵᠢᠨ ᠡᠵᠡᠨ ᠤ ᠬᠤᠢ᠌ᠴᠢᠰ ᠪᠤᠯᠤᠭᠰᠠᠨ
ᠠᠰᠢᠳᠠ ᠨᠢᠭᠡᠨ ᠪᠤᠷᠬᠢᠯ ᠪᠢᠯᠡ


ᠰᠡᠷᠵᠢᠮ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊
        ᠬᠡᠰᠢᠭ ᠬᠤᠷᠤᠢ᠌ᠯᠠᠭᠰᠠᠨ ᠪᠢᠴᠢᠭᠲᠡᠨ ᠪᠠᠭᠰᠢ
ᠰᠡᠷᠵᠢᠮ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊
        ᠬᠡᠢ᠌ᠮᠤᠷᠢ ᠳᠡᠭᠳᠡᠭᠰᠡᠨ ᠮᠤᠩᠭᠤᠯ ᠪᠦᠰᠡᠭᠦᠢ


ᠲᠡᠭᠰᠢᠬᠡᠨ ᠵᠠᠶᠠᠭᠠᠳᠤ ᠭᠡᠷ ᠤᠨ ᠶᠢᠡᠨ
ᠨᠤᠭᠤᠷᠠᠰᠢ ᠦᠭᠡᠢ ᠨᠢᠷᠤᠭᠤ ᠨᠢ ᠪᠢᠯᠡ
ᠲᠡᠩᠬᠡᠯᠢᠭ ᠬᠠᠲᠠᠭᠤ ᠠᠮᠢᠳᠤᠷᠠᠯ ᠤᠨ ᠶᠢᠠᠨ
ᠬᠤᠭᠤᠷᠠᠰᠢ ᠦᠭᠡᠢ ᠲᠤᠯᠭᠠᠭᠤᠷᠢ ᠨᠢ ᠪᠢᠯᠡ
ᠡᠪ ᠨᠠᠢ᠌ᠷᠠᠮᠳᠠᠭᠤ ᠪᠦᠯᠢ ᠶᠢᠨ ᠶᠢᠡᠨ
ᠭᠡᠷᠡᠯ ᠲᠤᠶᠠᠭᠠᠲᠤ ᠨᠠᠷᠠ ᠨᠢ ᠪᠢᠯᠡ
ᠡᠶ᠎ᠡ ᠵᠤᠬᠢᠴᠠᠯᠳᠤ ᠨᠡᠢ᠌ᠭᠡᠮ ᠤᠨ ᠶᠢᠡᠨ
ᠭᠡᠭᠡᠨ ᠲᠤᠩᠭᠠᠯᠠᠭ ᠰᠠᠷᠠ ᠨᠢ ᠪᠢᠯᠡ


ᠰᠡᠷᠵᠢᠮ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊
        ᠲᠠᠯ᠎ᠠ ᠶᠢᠨ ᠮᠠᠯᠴᠢᠳ ᠤᠨ ᠡᠷᠡᠯᠬᠡᠭ ᠳᠦᠷᠢ
ᠰᠡᠷᠵᠢᠮ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊
        ᠳᠠᠪᠤᠨ ᠮᠦᠰᠦ ᠶᠢᠨ ᠦᠯᠢᠭᠡᠷ ᠳᠦᠷᠢᠮ


ᠨᠠᠢ᠌ᠵᠠ ᠲᠠᠨ ᠤ ᠤᠷᠢᠯᠭ᠎ᠠ ᠪᠡᠷ
ᠨᠠᠢ᠌ᠷ ᠲᠤ ᠴᠢᠨᠢ ᠰᠠᠭᠠᠳᠠᠭᠰᠠᠨ ᠠᠬ᠎ᠠ ᠴᠢᠨᠢ
ᠨᠠᠢ᠌ᠷᠠᠭ ᠰᠢᠯᠦᠭ ᠤᠨ ᠳᠡᠭᠡᠵᠢ ᠪᠡᠨ
ᠨᠠᠰᠤᠨ ᠪᠠᠶᠠᠷ ᠲᠤ ᠴᠢᠨᠢ ᠡᠷᠭᠦᠨᠡᠮ
ᠨᠠᠮ ᠵᠠᠰᠠᠭ ᠤᠨ ᠰᠠᠢ᠌ᠨ ᠶᠢᠠᠷ
ᠨᠠᠰᠤᠨ ᠤ ᠨᠠᠮᠤᠷ ᠲᠤ ᠪᠡᠨ ᠵᠢᠷᠭᠠᠭᠠᠷᠠᠢ
ᠨᠠᠮᠲᠠᠷ ᠲᠡᠦᠬᠡ ᠴᠢᠨᠢ ᠵᠤᠵᠠᠭᠠᠳᠴᠤ
ᠨᠠᠷᠠᠲᠤ ᠶᠢᠨ ᠵᠢᠷᠭᠠᠯ ᠢ ᠡᠳ᠋ᠯᠡᠭᠡᠷᠡᠢ
ᠬᠤᠷᠤᠢ ᠬᠤᠷᠤᠢ᠂ ᠬᠤᠨᠳᠠᠭ᠎ᠠ ᠪᠠᠨ ᠡᠷᠭᠦᠵᠦ ᠨᠠᠢ᠌ᠷᠠᠯᠠᠶ᠎ᠠ
ᠬᠤᠷᠤᠢ ᠬᠤᠷᠤᠢ ᠬᠤᠷᠤᠢ ᠬᠤᠲᠤᠭ ᠤᠷᠤᠰᠢᠬᠤ ᠪᠤᠯᠳᠤᠭᠠᠢ︕


ᠬᠠ‍‌ᠶᠢᠭ᠄ ᠵᠠᠷᠤᠳ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠶᠡᠬᠡ ᠬᠤᠷᠠᠯ ᠤᠨ ᠪᠠᠢ᠌ᠩᠭᠤ ᠶᠢᠨ ᠬᠤᠷᠢᠶ᠎ᠠ
ᠵᠤᠬᠢᠶᠠᠭᠴᠢ᠄ ᠮᠢᠵᠢᠳᠰᠠᠩᠪᠦ
ᠢᠷᠡᠯᠲᠡ᠄ ᠵᠤᠬᠢᠶᠠᠭᠴᠢ ᠬᠠᠩᠭᠠᠪᠠ
ᠬᠠᠷᠢᠶ᠎ᠠ᠄ ᠰᠢᠯᠦᠭ
ᠳᠠᠷᠤᠮ᠄ 2176
ᠴᠠᠭ᠄ 2018 ᠤᠨ ᠤ 03 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁