ᠮᠠᠷᠳᠠᠬᠤ ᠶᠢᠨ ᠳᠤᠩᠬᠠᠭ

ᠣᠴᠠᠷᠠᠮᠠᠭᠴᠠ ᠵᠢᠷᠦᠭᠡᠨ ᠳᠤ ᠰᠢᠩᠭᠡᠭ᠍ᠰᠡᠨ ᠳᠦᠷᠢ ᠶᠢ ᠴᠢᠨᠢ ᠵᠢᠷᠤᠵᠤ

ᠥᠭᠡᠢ᠌ᠯᠡᠵᠤ ᠰᠠᠭᠤᠭᠰᠠᠨ ᠡᠳᠦᠷ ᠤᠨ ᠳᠤᠭ᠎ᠠ ᠪᠠᠨ ᠳᠤᠷᠠᠰᠤᠯ ᠶᠢᠡᠷ ᠭᠡᠯᠭᠢᠵᠤ

ᠴᠠᠰᠤ ᠲᠡᠶ ᠰᠦᠨᠢ ᠶᠢᠨ ᠨᠢᠭᠤᠴᠠᠬᠠᠨ ᠬᠠᠢ᠌ᠷ᠎ᠠ ᠶᠢᠨ ᠵᠡᠭᠦᠳᠤ ᠪᠠᠨ ᠳᠡᠭᠦᠵᠤ

ᠴᠠᠢ᠌ᠯᠭᠠᠨ ᠰᠡᠳᠭᠢᠯ ᠤᠨ ᠴᠢᠮ᠎ᠠ ᠪᠠᠨ ᠬᠠᠢ᠌ᠷᠠᠯᠠᠳᠠᠭ ᠲᠠᠭᠠᠨ ᠮᠠᠷᠳᠠᠶ᠎ᠠ ᠮᠠᠷᠳᠠᠶ᠎ᠠ


ᠣᠷᠤᠭᠤᠯ ᠤᠨ ᠴᠢᠨᠢ ᠦᠨᠦᠰᠤᠯᠳᠠ ᠶᠢᠨ ᠣᠷᠤᠮ ᠶᠠᠪᠣᠴᠢᠬᠠᠬᠤ ᠡᠴᠡ ᠠᠶᠤᠵᠤ

ᠣᠭᠵᠢᠯᠴᠠᠵᠤ ᠣᠤᠭᠤᠭᠰᠠᠨ ᠴᠠᠢ ᠶᠢᠨ ᠠᠮᠳᠠ ᠵᠢᠯᠢ᠌ᠴᠢᠭᠡᠭᠦ ᠡᠴᠡ ᠭᠢᠴᠢᠶᠠᠵᠤ

ᠣᠶᠠᠷᠠᠨ ᠴᠤᠪᠣᠷᠠᠭᠰᠠᠨ ᠨᠢᠯᠪᠣᠰᠤᠨ ᠳᠤᠰᠤᠯ ᠢ ᠴᠢᠨᠢ ᠦᠨᠦᠷᠯᠠᠨ ᠬᠠᠳᠠᠭᠠᠵᠤ

ᠦᠨᠡᠠᠴᠢ ᠬᠠᠢ᠌ᠷ᠎ᠠ ᠶᠢᠨ ᠰᠤᠭᠳᠤᠭᠤᠷᠠᠯ ᠳᠤ ᠵᠢᠷᠭᠠᠳᠠᠭ ᠲᠠᠭᠠᠨ ᠮᠠᠷᠳᠠᠶ᠎ᠠ ᠮᠠᠷᠳᠠᠶ᠎ᠠ


ᠡᠩᠭᠡᠷ ᠢ ᠮᠢᠨᠢ ᠳᠠᠢ᠌ᠯᠤᠭᠰᠠᠨ ᠦᠳᠡᠰᠢ ᠶᠢᠨ ᠣᠳᠤᠳ ᠢ ᠰᠤᠷᠮᠤᠰᠤ ᠪᠠᠷ ᠶᠢᠡᠨ ᠪᠠᠶᠠᠰᠬᠠᠵᠤ

ᠡᠨᠡᠷᠢᠵᠤ ᠥᠭᠦᠭᠡᠷᠳᠦᠭ᠍ᠰᠡᠨ ᠵᠥᠭᠡᠯᠡᠨ ᠢᠯᠪᠢᠯ ᠳᠤ ᠴᠢᠨᠢ ᠣᠬᠠᠭᠠᠨ ᠰᠠᠷᠠᠵᠤ

ᠡᠯᠢᠭᠡᠨ ᠳᠤ ᠴᠢᠨᠢ ᠬᠠᠢ᠌ᠯᠤᠭᠰᠠᠨ ᠠᠭᠤᠰᠤᠯ ᠶᠢᠡᠨ ᠵᠦᠪᠰᠢᠶᠠᠷᠠᠨ ᠰᠡᠮᠭᠡᠨ ᠮᠡᠭ᠍ᠰᠢᠵᠤ

ᠡᠩᠬᠦᠷᠡᠢ ᠴᠢᠮ᠎ᠠ ᠪᠠᠨ ᠳᠤᠷᠠᠰᠤᠨ ᠭᠠᠩᠰᠠᠷᠠᠳᠠᠭ ᠲᠠᠭᠠᠨ ᠮᠠᠷᠳᠠᠶ᠎ᠠ ᠮᠠᠷᠳᠠᠶ᠎ᠠ


ᠪᠣᠷᠤᠭᠠᠨ ᠲᠡᠶ ᠡᠳᠦᠷ ᠤᠨ ᠪᠣᠯᠵᠤᠭᠠᠨ ᠤ ᠳᠤᠭᠳᠤᠯᠤᠯ ᠡᠯᠢᠭᠡ ᠰᠠᠮᠠᠴᠠᠵᠤ

ᠪᠣᠴᠠᠬᠤ ᠦᠭᠡᠶ ᠪᠣᠯᠳᠠᠯ᠎ᠠ ᠰᠡᠳᠭᠢᠯ ᠶᠢᠡᠷ ᠬᠠᠨᠢᠰᠤᠨ ᠬᠠᠷᠠᠮᠨᠠᠨ ᠦᠪᠡᠷᠴᠢᠯᠠᠵᠤ

ᠳᠠᠪᠢᠯᠠᠩ ᠳᠦᠭᠡᠷᠢᠭ᠍ᠰᠡᠨ ᠶᠢᠡᠨ ᠪᠣᠭᠤᠷᠤᠯ ᠣᠷᠴᠢᠯᠠᠩ ᠳᠤ ᠨᠤᠭᠳᠠᠭᠤᠯᠤᠨ ᠳᠡᠨᠡᠭ᠍ᠰᠢᠵᠤ

ᠳᠠᠩᠭᠢᠯ ᠳᠠᠭᠤᠨ ᠢ ᠴᠢᠨᠢ ᠴᠢᠩᠨᠠᠨ ᠪᠠᠶᠠᠰᠳᠠᠭ ᠲᠠᠭᠠᠨ ᠮᠠᠷᠳᠠᠶ᠎ᠠ ᠮᠠᠷᠳᠠᠶ᠎ᠠ


ᠰᠠᠯᠭᠢ ᠢᠰᠭᠡᠷᠦᠭ᠍ᠰᠡᠨ ᠭᠦᠢᠳᠡᠨ ᠰᠦᠨᠢ ᠶᠢ ᠳᠠᠪᠠᠷᠠᠯᠴᠠᠨ ᠳᠤᠯᠠᠭᠠᠴᠠᠭᠤᠯᠵᠤ

ᠰᠠᠢ᠌ᠬᠠᠨ ᠪᠦᠭᠦᠨ ᠤ ᠣᠷᠭᠢᠯ ᠢ ᠮᠠᠳᠠᠷᠠᠯᠴᠠᠨ ᠬᠠᠨᠤᠨ ᠵᠢᠷᠭᠠᠵᠤ

ᠤᠬᠢᠯᠠᠭᠠᠤᠨ ᠰᠠᠯᠤᠭᠰᠠᠨ ᠣᠶᠠᠷᠠᠯᠳᠤ ᠮᠦᠴᠡ ᠪᠠᠨ ᠬᠤᠷᠸ᠎ᠠ ᠳᠤ ᠮᠥᠩᠭᠡᠯᠡᠵᠤ

ᠦᠷᠦᠭᠡᠯ ᠤᠨ ᠭᠡᠷᠭᠡᠢ ᠪᠣᠯᠤᠭᠰᠠᠨ ᠶᠢᠡᠨ ᠣᠬᠠᠭᠠᠷᠠᠵᠤ ᠮᠠᠷᠳᠠᠶ᠎ᠠ ᠮᠠᠷᠳᠠᠶ᠎ᠠ


ᠡᠭᠦᠷᠢᠳᠡ ᠬᠠᠮᠳᠤ ᠭᠡᠰᠡᠨ ᠣᠶᠠᠷᠠᠯ ᠤᠨ ᠨᠠᠮᠬᠠᠨ ᠰᠢᠪᠢᠨᠡᠭᠡ ᠶᠢ ᠴᠢᠨᠢ ᠴᠡᠭᠡᠵᠢᠯᠡᠵᠤ

ᠡᠭᠦᠳᠡᠨ ᠳᠡᠭᠡᠷ᠎ᠡ ᠮᠢᠨᠢ ᠢᠷᠠᠵᠤ ᠳᠤᠭᠰᠢᠬᠤ ᠰᠠᠨ ᠭᠡᠰᠡᠨ ᠭᠦᠯᠢᠶᠡᠯᠳᠡ ᠳᠡᠭᠡᠨ ᠬᠠᠭᠤᠷᠳᠠᠵᠤ

ᠦᠨᠡᠠᠴᠢ ᠬᠠᠢ᠌ᠷ᠎ᠠ ᠶᠢᠨ ᠵᠢᠷᠭᠠᠯ ᠢ ᠡᠳ᠋ᠯᠡᠭ᠍ᠰᠡᠨ ᠡᠳᠦᠷ ᠤᠳ ᠶᠢᠡᠨ ᠳᠤᠷᠠᠰᠴᠤ

ᠦᠨᠢᠳᠠ ᠴᠢᠮ᠎ᠠ ᠪᠠᠨ ᠮᠠᠷᠳᠠᠬᠤ ᠦᠭᠡᠶ ᠶᠢᠨ ᠲᠦᠯᠦᠭᠡ ᠮᠠᠷᠳᠠᠶ᠎ᠠ ᠮᠠᠷᠳᠠᠶ᠎ᠠ


ᠵᠤᠬᠢᠶᠠᠭᠴᠢ ᠶᠢᠨ ᠬᠠᠶ‍ᠢᠭ ᠄ ᠰᠢᠠᠵᠢᠶᠠᠩ ᠪᠠᠶᠠᠠᠭᠤᠤᠯ ᠵᠸᠤ ᠡᡁᠸᠵᠢᠩ ᠰᠢᠶᠠᠨ ᠤ ᠳᠦᠷᠪᠠᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠭ·ᠪᠠᠯᠵᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1593
ᠴᠠᠭ᠄ 2010 ᠤᠨ ᠤ 05 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ