ᠭᠦᠢᠳᠡᠮᠰᠦᠭ᠌ ᠬᠤᠷᠸ᠎ᠠ

ᠵᠡᠪᠠᠭᠦᠨ ᠰᠠᠯᠭᠢ ᠭᠡᠵᠢᠭᠡ ᠰᠠᠪᠰᠠᠯᠵᠠᠭᠤᠯᠤᠨ ᠱᠤᠤᠭᠢᠨ᠎ᠠ᠂

ᠵᠡᠭᠦᠳᠤᠨ ᠬᠠᠢ᠌ᠷ᠎ᠠ ᠰᠡᠳᠭᠢᠯ ᠰᠢᠮᠰᠢᠷᠡᠭᠦᠯᠤᠨ ᠵᠤᠪᠠᠭᠠᠨ᠎ᠠ᠂

ᠭᠦᠮᠦᠰ ᠤᠨ ᠬᠠᠷᠢᠴᠠᠭ᠎ᠠ ᠵᠤᠭᠤᠰ ᠤᠨ ᠨᠥᠭᠡ ᠪᠠᠷ ᠣᠯᠠᠢ᠌ᠷᠠᠨ᠎ᠠ᠂

ᠭᠦᠢᠳᠡᠮᠰᠦᠭ᠌ ᠬᠤᠷᠸ᠎ᠠ ᠵᠥᠨᠦᠭ᠍ᠰᠡᠨ ᠵᠥᠭ᠌ ᠲᠡᠭᠡᠨ ᠳᠠᠩᠭ᠋ᠠᠢ᠌ᠨ᠎ᠠ ᠁


ᠦᠨᠳᠦᠷ ᠠᠰᠠᠷ ᠬᠠᠷᠠᠭ᠎ᠠ ᠬᠠᠯᠬᠠᠯᠠᠨ ᠳᠤᠩᠭ᠋ᠣᠢ᠌ᠨ᠎ᠠ᠂

ᠣᠢ᠌ᠯᠠ ᠲᠡᠶ ᠵᠠᠶᠠᠭ᠎ᠠ ᠴᠡᠭᠡᠵᠢ ᠰᠢᠨᠠᠯᠭᠠᠨ ᠳᠠᠷᠴᠢᠯᠠᠭᠠᠨ᠎ᠠ᠂

ᠨᠥᠭᠦᠤᠨ ᠤᠨ ᠬᠤᠯᠪᠣᠭ᠎ᠠ ᠠᠷᠢᠭᠢᠨ ᠰᠢᠷᠡᠭᠡᠨ ᠳᠤ ᠦᠷᠭᠦᠯᠵᠢᠯᠡᠨ᠎ᠡ᠂

ᠨᠢᠭᠦᠯᠡᠰᠦᠩᠭᠦᠢ ᠬᠤᠷᠸ᠎ᠠ ᠢᠨᠢᠶᠠᠳᠤ ᠠᠯᠳᠠᠨ ᠬᠤᠯᠠᠳᠤᠨ᠎ᠠ ᠁


ᠠᠯᠤᠰ ᠤᠨ ᠭᠦᠰᠡᠯ ᠳᠤᠭᠳᠠᠮᠵᠢ ᠠᠯᠳᠠᠨ ᠳᠠᠮᠳᠠᠷᠭᠢᠯᠠᠨ᠎ᠡ᠂

ᠠᠮᠢᠳᠤᠷᠠᠯ ᠤᠨ ᠵᠠᠮ ᠶᠠᠪᠣᠬᠤ ᠳᠤᠰᠤᠮ ᠢᠪᠴᠤᠷᠠᠨ᠎ᠠ᠂

ᠵᠤᠯᠪᠣᠭᠠᠳᠤ ᠮᠡᠳᠡᠯᠭᠡ ᠠᠷᠤ ᠶᠢᠨ ᠡᠭᠦᠳᠡ ᠪᠠᠷ ᠰᠢᠭ᠍ᠰᠢᠭ᠍ᠳᠡᠨ᠎ᠡ᠂

ᠵᠤᠪᠠᠭᠤᠷᠢᠳᠠᠢ ᠳᠠᠪᠢᠯᠠᠩ ᠠᠮᠢᠰᠬᠤᠭ᠎ᠠ ᠬᠤᠷᠢᠶᠠᠨ ᠭᠦᠮᠦᠷᠡᠨ᠎ᠡ ᠁


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠭᠤᠤᠯᠮᠤᠳ ᠬᠤᠳᠠ

ᠵᠤᠬᠢᠶᠠᠭᠴᠢ᠄ ᠪᠣᠷᠵᠢᠭᠢᠨ ᠨᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1268
ᠴᠠᠭ᠄ 2012 ᠤᠨ ᠤ 03 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁