ᠰᠤᠨᠤᠰᠬᠤ ᠴᠢᠬᠤᠯᠠ ᠲᠠᠢ ᠨᠢᠭᠡᠨ ᠬᠢᠴᠢᠶᠡᠯ
᠊᠊᠊᠊᠊᠊᠊᠊᠊᠊᠊᠊᠊᠊᠊ 《 ᠦᠨᠳᠦᠰᠦᠳᠠᠨ ᠤ ᠪᠠᠨ ᠢᠷᠡᠭᠡᠳᠦᠢ ᠶᠢᠨ ᠳᠦᠯᠦᠭᠡ ᠴᠢᠷᠮᠠᠢ᠌ᠶ᠎ᠠ 》 ᠭᠡᠭᠦ ᠶᠠᠷᠢᠶ᠎ᠠ

ᠮᠤᠩᠭ᠋ᠤᠯ ᠦᠨᠳᠦᠰᠦᠳᠠᠨ ᠪᠣᠯ ᠭᠢᠯᠠᠯᠵᠠᠭᠰᠠᠨ ᠳᠡᠦᠭᠡ ᠲᠡᠶ ᠦᠨᠳᠦᠰᠦᠳᠠᠨ ᠮᠦᠨ᠃ 13 ᠳ᠋ᠤᠭᠠᠷ ᠵᠠᠭᠤᠨ ᠳᠤ ᠮᠠᠨ ᠤ ᠡᠪᠦᠭᠡ ᠳᠡᠭᠡᠳᠦᠰ ᠠᠽᠢᠶ᠎ᠠ ᠧᠥᠷᠦᠫᠡ ᠢ ᠰᠤᠠᠳᠠᠯᠠᠭᠰᠠᠨ ᠭᠦᠮᠤᠨ ᠲᠦᠷᠦᠯᠭᠢᠳᠠᠨ ᠤ ᠳᠡᠦᠭᠡᠨ ᠳᠤ ᠭᠠᠷᠤᠭ᠎ᠠ ᠦᠭᠡᠶ ᠥᠷᠭᠡᠨ ᠠᠭᠤᠳᠠᠮ ᠨᠤᠳᠤᠭ ᠳᠡᠪᠢᠰᠭᠡᠷ ᠲᠡᠶ ᠮᠤᠩᠭ᠋ᠤᠯ ᠬᠠᠭᠠᠠᠳᠤ ᠣᠯᠤᠰ ᠢ ᠪᠠᠢ᠌ᠭᠤᠯᠵᠠᠢ᠃ ᠮᠤᠩᠭ᠋ᠤᠯ ᠬᠠᠭᠠᠠᠳᠤ ᠣᠯᠤᠰ ᠤᠨ ᠨᠤᠳᠤᠭ ᠳᠡᠪᠢᠰᠭᠡᠷ ᠨᠢ ᠣᠳᠤ ᠶᠢᠨ ᠬᠠᠮᠤᠭ ᠡᠴᠡ ᠥᠷᠭᠡᠨ ᠠᠭᠤᠳᠠᠮ ᠨᠤᠳᠤᠭ ᠳᠡᠪᠢᠰᠭᠡᠷ ᠲᠡᠶ ᠣᠯᠤᠰ ᠪᠣᠯᠬᠤ ᠣᠷᠤᠰ ᠤᠨ 1.9 ᠳᠠᠭᠢᠨ ᠪᠠᠢ᠌ᠵᠤ᠂ ᠪᠦᠭᠦᠢᠯᠡ ᠡᠭᠡ ᠬᠠᠭᠤᠷᠠᠢ ᠶᠢᠨ ᠳᠠᠯᠠᠪᠠᠢ ᠵᠢᠨ1/5 ᠲᠡᠶ ᠳᠡᠩᠴᠡᠭᠦᠤ ᠪᠠᠢ᠌ᠵᠠᠢ᠃ ᠳᠤᠬᠠᠢ ᠶᠢᠨ ᠦᠶ᠎ᠡ ᠶᠢᠨ ᠮᠤᠩᠭ᠋ᠤᠯᠴᠤᠳ ᠪᠣᠯ ᠳᠡᠯᠡᠭᠡᠢ ᠳᠡᠭᠡᠷᠡᠭᠢ ᠬᠠᠮᠤᠭ ᠤᠨ ᠭᠦᠴᠦᠷᠭᠡᠭ᠌ ᠭᠦᠴᠤᠨ ᠪᠠᠢ᠌ᠵᠠᠢ᠃ ᠡᠷᠳᠡᠨ ᠤ ᠮᠤᠩᠭ᠋ᠤᠯᠴᠤᠳ ᠣᠷᠤᠰ ᠢ 200 ᠢᠯᠡᠭᠦᠤ ᠵᠢᠯ ᠨᠤᠶᠠᠷᠬᠠᠵᠤ ᠡᠨᠡᠳᠭᠡᠭ᠌ ᠢ 300 ᠭᠠᠷᠤᠢ ᠵᠢᠯ ᠨᠤᠶᠠᠷᠬᠠᠵᠤ ᠥᠩᠭᠡᠷᠡᠭ᠍ᠰᠡᠨ ᠶᠢᠡᠷ ᠪᠠᠷᠠᠬᠤ ᠦᠭᠡᠶ ᠣᠳᠤ ᠶᠢᠨ ᠢᠷᠠᠺ᠂ ᠶ‍ᠸᠵᠢᠫᠲ᠋᠂ ᠬᠠᠩᠭ᠋ᠠᠷᠢ᠂ ᠰᠤᠯᠤᠩᠭ᠋ᠤᠰ᠂ ᠸᠢᠶ‍ᠸᠲ᠋ᠨᠠᠮ ᠵᠡᠷᠭᠡ ᠭᠠᠵᠠᠷ ᠣᠷᠤᠨ ᠢ ᠰᠢᠭᠤᠳ ᠵᠠᠭᠢᠷᠬᠤ ᠪᠣᠶᠤ ᠬᠠᠷᠢᠶᠠᠳᠤ ᠣᠯᠤᠰ ᠶᠢᠡᠨ ᠪᠣᠯᠭᠠᠵᠤ ᠪᠠᠢ᠌ᠵᠠᠢ᠃

ᠡᠭᠦᠨ ᠤ ᠳᠡᠭᠡᠷ᠎ᠡ ᠳᠤᠬᠠᠢ ᠶᠢᠨ ᠦᠶ᠎ᠡ ᠶᠢᠨ ᠮᠤᠩᠭ᠋ᠤᠯᠴᠤᠳ ᠪᠠᠰᠠ ᠳᠤᠷᠤᠨᠠᠳᠠᠭᠢᠨ ᠳᠤ ᠬᠠᠮᠤᠭ ᠤᠨ ᠪᠠᠶᠠᠨ ᠳᠠᠩᠰᠤᠭ ᠠᠮᠢᠳᠤᠷᠠᠯ ᠢ ᠥᠩᠭᠡᠷᠡᠭᠦᠯᠵᠤ ᠪᠠᠢ᠌ᠵᠠᠢ᠃ 1324 ᠣᠨ ᠳᠤ ᠶᠤᠸᠠᠨ ᠣᠯᠤᠰ ᠤᠨ ᠮᠤᠩᠭ᠋ᠤᠯᠴᠤᠳ ᠤᠨ ᠶᠠᠳᠠᠭᠤ ᠭᠦᠴᠢᠷᠳᠡᠢ ᠡᠷᠦᠭᠡ ᠶᠢᠨ ᠪᠠᠷᠢᠮᠵᠢᠶ᠎ᠠ ᠨᠢ ᠠᠳᠤᠭᠤ 20᠂ ᠬᠤᠨᠢ ᠢᠮᠠᠭ᠎ᠠ 50 ᠡᠷᠡᠤ ᠳᠤᠯᠤᠭᠠᠢ ᠲᠡᠶ ᠪᠠᠢ᠌ᠵᠠᠢ᠃ ᠥᠭᠡᠷ᠎ᠡ ᠪᠠᠷ ᠭᠡᠯᠡᠪᠠᠯ 700 ᠢᠯᠡᠭᠦᠤ ᠵᠢᠯ ᠤᠨ ᠡᠮᠦᠨ᠎ᠡ 20 ᠠᠳᠤᠭᠤ ᠲᠡᠶ᠂ 49 ᠬᠤᠨᠢ ᠢᠮᠠᠭ᠎ᠠ ᠲᠡᠶ ᠡᠷᠦᠭᠡ ᠰᠠ‍‌ᠶᠢ ᠶᠠᠳᠠᠭᠤ ᠡᠷᠦᠭᠡ ᠳᠤ ᠳᠤᠭᠠᠴᠠᠭᠳᠠᠵᠤ ᠪᠠᠢ᠌ᠵᠠᠢ᠃ ᠮᠠᠨ ᠤ ᠡᠪᠦᠭᠡ ᠳᠡᠭᠡᠳᠦᠰ ᠢᠩᠭᠢᠵᠤ ᠪᠠᠶᠠᠨ ᠭᠦᠴᠦᠷᠭᠡᠭ᠌ ᠠᠮᠢᠳᠤᠷᠠᠵᠤ ᠪᠠᠢ᠌ᠭᠰᠠᠨ ᠶᠢᠡᠷ ᠪᠠᠷᠠᠬᠤ ᠦᠭᠡᠶ ᠭᠦᠮᠤᠨ ᠲᠦᠷᠦᠯᠭᠢᠳᠠᠨ ᠤ ᠨᠡᠢ᠌ᠭᠡᠮ ᠤᠨ ᠭᠦᠭ᠍ᠵᠢᠯᠳᠡ ᠳᠤ ᠯᠤᠳᠤ ᠶᠡᠭᠡ ᠭᠠᠪᠢᠶ᠎ᠠ ᠵᠢᠦᠡᠭᠦᠯ ᠥᠵᠡᠭᠦᠯᠵᠡᠢ᠃ ᠵᠢᠱᠢᠶᠠᠯᠠᠪᠠᠯ᠂ ᠳᠤᠷᠤᠨᠠᠳᠤ ᠦᠷᠦᠨᠠᠳᠤ ᠶᠢᠨ ᠡᠭᠡ ᠬᠠᠭᠤᠷᠠᠢ ᠶᠢᠨ ᠵᠠᠮ ᠢ ᠨᠡᠭᠡᠭᠡᠭᠦ᠂ ᠴᠠᠭᠠᠰᠤᠨ ᠵᠤᠭᠤᠰ ᠢ ᠭᠦᠢᠯᠭᠡᠭᠡᠨ ᠳᠤ ᠭᠡᠷᠡᠭᠯᠡᠭᠦ᠂ ᠮᠤᠵᠢ ᠶᠢᠨ ᠳᠦᠷᠢᠮ ᠢ ᠡᠭᠢᠯᠡᠨ ᠭᠡᠷᠡᠭ᠍ᠵᠢᠭᠦᠯᠭᠦ᠂ ᠳᠤᠮᠳᠠᠳᠤ ᠪᠣᠯᠤᠨ ᠣᠷᠤᠰ ᠤᠨ ᠦᠨᠦᠳᠤᠷ ᠤᠨ ᠥᠷᠭᠡᠨ ᠠᠭᠤᠳᠠᠮ ᠨᠤᠳᠤᠭ ᠳᠡᠪᠢᠰᠭᠡᠷ ᠲᠡᠶ ᠣᠯᠠᠨ ᠦᠨᠳᠦᠰᠦᠳᠠᠨ ᠲᠡᠶ ᠨᠢᠭᠡᠳᠦᠮᠡᠯ ᠣᠯᠤᠰ ᠪᠣᠯᠵᠤ ᠭᠦᠭ᠍ᠵᠢᠭᠦ ᠶᠢᠨ ᠰᠠᠭᠤᠷᠢ ᠶᠢ ᠳᠠᠯᠪᠢᠵᠤ ᠦᠭ‍ᠭᠦ ᠵᠡᠷᠭᠡ ᠮᠠᠰᠢ ᠣᠯᠠᠨ ᠭᠡᠷᠡᠯ ᠰᠠᠴᠤᠷᠠᠩᠭ᠋ᠤᠢ ᠡᠭᠦᠳᠦᠯᠳᠡ᠂ ᠳᠡᠦᠭᠡᠨ ᠠᠴᠢ ᠬᠤᠯᠪᠣᠭᠳᠠᠯ ᠲᠡᠶ ᠭᠡᠷᠡᠭ᠌ ᠣᠴᠢᠷ ᠤᠳ ᠶᠢᠡᠷ ᠶᠢᠡᠨ ᠭᠦᠮᠤᠨ ᠲᠦᠷᠦᠯᠭᠢᠳᠠᠨ ᠤ ᠳᠡᠦᠭᠡᠨ ᠳᠠᠪᠴᠠᠩ ᠳᠤ ᠢᠳᠡᠷᠡᠭᠦᠨ ᠶᠢᠡᠷ ᠠᠯᠬᠤᠨ ᠭᠠᠷᠤᠭᠰᠠᠨ ᠪᠠᠢ᠌ᠨ᠎ᠠ᠃ ᠭᠡᠳᠡᠯ᠎ᠡ ᠦᠨᠦᠳᠤᠷ᠂ ᠡᠨᠡᠭᠦ ᠳᠡᠯᠡᠭᠡᠢ ᠶᠢ ᠳᠤᠩᠰᠤᠯᠭᠠᠵᠤ᠂ ᠳᠡᠯᠡᠭᠡᠢ ᠶᠢᠨ ᠳᠡᠷᠢᠭᠦᠨ ᠤ ᠡᠩᠨᠡᠭᠡᠨ ᠳᠤ ᠶᠠᠪᠣᠵᠤ ᠪᠠᠢ᠌ᠭᠰᠠᠨ ᠮᠤᠩᠭ᠋ᠤᠯᠴᠤᠳ ᠤᠨ ᠦᠷ᠎ᠡ ᠬᠣᠢ᠌ᠴᠢᠰ ᠪᠢᠳᠠᠨᠠᠷ ᠠᠵᠤ ᠠᠬᠤᠢ᠂ ᠰᠤᠶᠤᠯ ᠤᠨ ᠳᠠᠯ᠎ᠠ ᠪᠠᠷ ᠪᠣᠰᠤᠳ ᠡᠴᠡ ᠨᠠᠯᠢᠶᠠᠤᠨ ᠬᠤᠴᠤᠷᠴᠤ ᠪᠠᠢ᠌ᠨ᠎ᠠ᠃ ᠪᠣᠰᠤᠳ ᠦᠨᠳᠦᠰᠦᠳᠠᠨ ᠣᠷᠴᠢᠯᠠᠩ ᠤᠨ ᠨᠢᠰᠭᠦ ᠣᠩᠭ᠋ᠤᠴᠠ ᠭᠢᠵᠤ ᠪᠠᠢ᠌ᠬᠤ ᠳᠤ ᠮᠤᠩᠭ᠋ᠤᠯᠴᠤᠳ ᠠᠳᠠᠭ ᠲᠤ ᠪᠠᠨ ᠨᠢᠭᠡ ᠮᠤᠲ᠋ᠤᠷ ᠴᠤ ᠭᠢᠵᠤ ᠴᠢᠳᠠᠬᠤ ᠦᠭᠡᠶ ᠪᠠᠢ᠌ᠭᠰᠠᠭᠠᠷ᠃ ᠪᠣᠰᠤᠳ ᠦᠨᠳᠦᠰᠦᠳᠠᠨ ᠠᠲ᠋ᠤᠮ ᠤᠨ ᠮᠡᠷᠭᠡᠵᠢᠯ ᠢ ᠡᠵᠡᠮᠰᠢᠵᠤ᠂ Y ᠰᠠᠴᠤᠷᠠᠭ ᠢ ᠭᠡᠷᠡᠭᠯᠡᠮᠡᠷ ᠪᠠᠢ᠌ᠬᠤ ᠳᠤ ᠮᠤᠩᠭ᠋ᠤᠯᠴᠤᠳ ᠠᠳᠠᠭ ᠲᠠᠭᠠᠨ ᠨᠢᠭᠡ ᠫᠣᠤ ᠭᠢᠵᠤ ᠴᠢᠳᠠᠬᠤ ᠦᠭᠡᠶ ᠪᠠᠢ᠌ᠭᠰᠠᠭᠠᠷ᠃ ᠪᠣᠰᠤᠳ ᠦᠨᠳᠦᠰᠦᠳᠠᠨ ᠣᠳᠤᠭᠢᠴᠢᠯᠠᠭᠰᠠᠨ ᠰᠠᠢ᠌ᠬᠠᠨ ᠠᠮᠢᠳᠤᠷᠠᠯ ᠭᠢᠵᠤ ᠪᠠᠢ᠌ᠬᠤ ᠳᠤ ᠪᠠᠭ᠎ᠠ ᠪᠣᠰᠤ ᠳᠤᠭᠠᠨ ᠤ ᠮᠤᠩᠭ᠋ᠤᠯᠴᠤᠳ ᠶᠠᠳᠠᠭᠤ ᠡᠴᠡ ᠪᠠᠨ ᠮᠤᠯᠳᠤᠷᠠᠵᠤ ᠴᠢᠳᠠᠭᠠᠳᠤᠢ ᠪᠠᠢ᠌ᠭᠰᠠᠭᠠᠷ᠃ ᠥᠭᠡᠷ᠎ᠡ ᠪᠠᠷ ᠭᠡᠯᠡᠪᠠᠯ᠂ ᠣᠳᠤ ᠶᠢᠨ ᠮᠤᠩᠭ᠋ᠤᠯᠴᠤᠳ ᠤᠨ ᠪᠠᠶ᠎ᠠ ᠳᠡᠭᠡᠷ᠎ᠡ ᠥᠩᠭᠡᠷᠡᠭ᠍ᠰᠡᠨ ᠤ ᠮᠤᠩᠭ᠋ᠤᠯᠴᠤᠳ ᠤᠨ ᠡᠷᠴᠢ ᠵᠤᠷᠢᠭ᠂ ᠰᠥᠭ᠌ ᠰᠦᠯᠳᠡ᠂ ᠭᠡᠷᠡᠯ ᠭᠢᠯᠪᠠᠭ᠎ᠠ ᠬᠠᠷᠠᠭᠳᠠᠬᠤ ᠦᠭᠡᠶ ᠪᠣᠯᠵᠤ ᠪᠠᠢ᠌ᠨ᠎ᠠ᠃

ᠪᠦᠭᠦ ᠳᠡᠯᠡᠭᠡᠢ ᠳᠤ ᠮᠢᠩᠭ᠋ᠠᠨ ᠲᠦᠮᠡ ᠭᠠᠷᠤᠢ ᠮᠤᠩᠭ᠋ᠤᠯᠴᠤᠳ ᠪᠠᠢ᠌ᠵᠤ ᠳᠡᠯᠡᠭᠡᠢ ᠶᠢᠨ ᠡᠯ᠎ᠡ ᠭᠠᠵᠠᠷ ᠲᠤ ᠳᠠᠷᠬᠠᠨ ᠨᠤᠳᠤᠭᠰᠢᠵᠤ ᠪᠠᠢ᠌ᠭ᠎ᠠ ᠮᠤᠩᠭ᠋ᠤᠯᠴᠤᠳ ᠪᠦᠷ ᠬᠠᠷᠢᠴᠠᠩᠭ᠋ᠤᠢ ᠬᠤᠴᠤᠷᠠᠩᠭ᠋ᠤᠢ ᠪᠠᠢ᠌ᠳᠠᠯ ᠳᠤ ᠪᠠᠢ᠌ᠬᠤ ᠶᠤᠮ ᠡ᠃ ᠳᠤᠮᠳᠠᠳᠤ ᠣᠯᠤᠰ ᠪᠣᠯᠤᠨ ᠮᠤᠩᠭ᠋ᠤᠯ ᠣᠯᠤᠰ ᠪᠣᠯ ᠮᠤᠩᠭ᠋ᠤᠯᠴᠤᠳ ᠤᠨ ᠬᠠᠮᠤᠭ ᠲᠦᠪᠯᠡᠷᠠᠵᠤ ᠪᠠᠢ᠌ᠭ᠎ᠠ ᠭᠠᠵᠠᠷ ᠮᠦᠨ᠃ ᠡᠭᠦᠨ ᠳᠤ ᠡᠪ ᠬᠠᠮᠳᠤ ᠨᠠᠮ ᠤᠨ ᠣᠳᠤᠷᠢᠳᠤᠯᠭ᠎ᠠ ᠳᠤᠤᠷ᠎ᠠ᠂ ᠳᠤᠮᠳᠠᠳᠤ ᠶᠢᠨ ᠮᠤᠩᠭ᠋ᠤᠯᠴᠤᠳ ᠪᠦᠭᠦᠢᠯᠡ ᠮᠤᠩᠭ᠋ᠤᠯ ᠦᠨᠳᠦᠰᠦᠳᠠᠨ ᠤ ᠳᠤᠮᠳᠠ ᠰᠤᠶᠤᠯ᠂ ᠠᠵᠤ ᠠᠬᠤᠢ ᠶᠢᠨ ᠳᠠᠯ᠎ᠠ ᠪᠠᠷ ᠳᠡᠷᠢᠭᠦᠨ ᠤ ᠡᠩᠨᠡᠭᠡᠨ ᠳᠤ ᠶᠠᠪᠣᠵᠤ ᠪᠠᠢ᠌ᠨ᠎ᠠ ᠭᠡᠳᠡᠭ᠌ ᠪᠣᠯᠪᠠᠴᠤ ᠭᠦᠮᠤᠨ ᠪᠦᠷᠢ ᠶᠢᠨ ᠳᠡᠭ᠍ᠰᠢᠦᠡᠭᠡᠭ᠍ᠰᠡᠨ ᠣᠷᠤᠯᠭ᠎ᠠ ᠪᠣᠰᠤᠳ ᠡᠴᠡ ᠨᠠᠯᠢᠶᠠᠤᠨ ᠬᠤᠴᠤᠷᠴᠤ᠂ ᠦᠨᠳᠦᠰᠦᠳᠠᠨ ᠤ ᠥᠭᠡ ᠭᠡᠯᠡ ᠥᠰᠦᠭ᠌ ᠪᠢᠴᠢᠭ᠌ ᠶᠢᠡᠨ ᠭᠦᠡᠳᠦᠦᠡᠭᠡᠭᠦ ᠳᠠᠯ᠎ᠠ ᠪᠠᠷ ᠴᠤ ᠪᠠᠷᠤᠭᠳᠠᠢ ᠪᠠᠢ᠌ᠨ᠎ᠠ᠃

ᠣᠷᠴᠢᠮ ᠤᠨ ᠭᠡᠳᠤᠨ ᠵᠢᠯ ᠤᠨ ᠳᠤᠮᠳᠠᠳᠤ ᠶᠢᠨ ᠮᠤᠩᠭ᠋ᠤᠯᠴᠤᠳ ᠤᠨ ᠪᠠᠢ᠌ᠳᠠᠯ ᠡᠴᠡ ᠦᠵᠡᠪᠠᠯ᠂ ᠮᠤᠩᠭ᠋ᠤᠯ ᠰᠤᠷᠤᠭᠴᠢ᠂ ᠮᠤᠩᠭ᠋ᠤᠯ ᠰᠤᠷᠭᠠᠭᠤᠯᠢ᠂ ᠮᠤᠩᠭ᠋ᠤᠯ ᠥᠭᠡ ᠭᠡᠯᠡ ᠥᠰᠦᠭ᠌ ᠪᠢᠴᠢᠭ᠌ ᠶᠢᠡᠨ ᠭᠡᠷᠡᠭᠯᠡᠭᠦ ᠭᠦᠮᠤᠨ ᠡᠳᠦᠷ ᠢᠷᠡᠭᠦᠶ᠎ᠡ ᠪᠠᠭᠠᠰᠴᠤ᠂ ᠮᠤᠩᠭ᠋ᠤᠯ ᠶᠢᠡᠷ ᠰᠤᠷᠤᠭᠰᠠᠨ ᠰᠤᠷᠤᠭᠴᠢᠳ ᠤᠨ ᠭᠠᠷᠬᠤ ᠵᠠᠮ ᠶᠠᠪᠣᠬᠤ ᠳᠤᠳᠤᠮ ᠢᠪᠴᠤᠷᠠᠵᠤ ᠪᠠᠢ᠌ᠨ᠎ᠠ᠃ ᠮᠠᠨ ᠤ ᠬᠤᠰᠢᠭᠤ ᠪᠠᠷ ᠵᠢᠱᠢᠶᠠᠯᠠᠪᠠᠯ ᠪᠦᠭᠦ ᠬᠤᠰᠢᠭᠤᠨ ᠤ 10 ᠲᠦᠮᠡᠨ ᠮᠤᠩᠭ᠋ᠤᠯ ᠦᠨᠳᠦᠰᠦᠳᠠᠨ ᠡᠴᠡ ᠮᠤᠩᠭ᠋ᠤᠯ ᠥᠭᠡ ᠭᠡᠯᠡ ᠥᠰᠦᠭ᠌ ᠪᠢᠴᠢᠭ᠌ ᠶᠢᠡᠨ ᠭᠡᠷᠡᠭᠯᠡᠵᠤ ᠪᠠᠢ᠌ᠬᠤ ᠨᠢ ᠵᠥᠪᠭᠡᠨ 3 ᠲᠦᠮᠡ ᠣᠷᠴᠢᠮᠬᠠᠨ ᠪᠠᠢ᠌ᠨ᠎ᠠ᠃ ᠡᠨᠡ ᠨᠢ ᠮᠠᠨ ᠤ ᠦᠨᠳᠦᠰᠦᠳᠠᠨ ᠳᠤ ᠠᠪᠴᠤ ᠭᠡᠯᠡᠪᠯ ᠳᠣᠢ᠌ᠯ ᠤᠨ ᠠᠶᠤᠮᠰᠢᠭᠳᠤ ᠣᠴᠢᠷ ᠮᠦᠨ᠃ ᠮᠤᠩᠭ᠋ᠤᠯ ᠰᠤᠶᠤᠯ ᠤᠨ ᠢᠷᠡᠭᠡᠳᠦᠢ ᠳᠤ ᠠᠪᠴᠤ ᠭᠡᠯᠡᠪᠠᠯ ᠨᠠᠩ ᠠᠶᠤᠮᠰᠢᠭᠳᠤ ᠶᠠᠪᠣᠳᠠᠯ ᠪᠣᠯᠬᠤ ᠶᠤᠮ᠃

ᠠᠷᠤ ᠮᠤᠩᠭ᠋ᠤᠯ ᠤᠨ ᠪᠠᠢ᠌ᠳᠠᠯ ᠡᠴᠡ ᠦᠵᠡᠪᠠᠯ 2008 ᠣᠨ ᠳᠤ ᠮᠤᠩᠭ᠋ᠤᠯ ᠣᠯᠤᠰ ᠤᠨ GDP ᠳᠡᠯᠡᠭᠡᠢ ᠶᠢᠨ ᠡᠯ᠎ᠡ ᠣᠯᠤᠰ ᠤᠨ GDP ᠵᠢᠨ ᠵᠢᠭᠰᠠᠭᠠᠯᠳᠠ ᠳᠤ 142 ᠳ᠋ᠤᠭᠠᠷ ᠲᠤ ᠣᠷᠤᠵᠤ᠂ 2010 ᠣᠨ ᠳᠤ ᠳᠡᠯᠡᠭᠡᠢ ᠶᠢᠨ ᠡᠯ᠎ᠡ ᠣᠯᠤᠰ ᠤᠨ ᠭᠦᠮᠤᠨ ᠪᠦᠷᠢ ᠶᠢᠨ ᠳᠡᠭ᠍ᠰᠢᠦᠡᠭᠡᠭ᠍ᠰᠡᠨ ᠣᠷᠤᠯᠭ᠎ᠠ ᠶᠢᠨ ᠵᠢᠭᠰᠠᠭᠠᠯᠳᠠ ᠳᠤ 138 ᠳ᠋ᠤᠭᠠᠷ ᠲᠤ ᠣᠷᠤᠵᠠᠢ᠃ ᠳᠠᠳᠠ ᠠᠵᠤ ᠣᠢ᠌ᠯᠠᠤᠠᠪᠣᠷᠢ ᠶᠢᠨ ᠳᠠᠯ᠎ᠠ ᠪᠠᠷ ᠶᠠᠭᠠᠭᠢᠬᠤ ᠶᠢᠨ ᠠᠷᠭ᠎ᠠ ᠦᠭᠡᠶ ᠬᠤᠴᠤᠷᠠᠩᠭ᠋ᠤᠢ ᠪᠠᠢ᠌ᠵᠤ᠂ ᠡᠳᠦᠷ ᠳᠤᠳᠤᠮ ᠤᠨ ᠭᠡᠷᠡᠭᠯᠡᠭᠡᠨ ᠤ ᠵᠣᠢ᠌ᠯ ᠶᠢᠡᠨ ᠪᠠᠷᠤᠭ ᠪᠦᠭᠦᠨ ᠢ ᠭᠠᠳᠠᠭᠠᠳᠤ ᠡᠴᠡ ᠣᠷᠤᠭᠤᠯᠬᠤ ᠳᠤ ᠳᠦᠰᠢᠭᠯᠡᠵᠤ ᠪᠠᠢ᠌ᠨ᠎ᠠ᠃ ᠪᠦᠭᠦ ᠣᠯᠤᠰ ᠤᠨ ᠭᠦᠮᠤᠨ ᠠᠮᠠ ᠶᠢᠨ 35% ᠨᠢ ᠳᠣᠢ᠌ᠯ ᠤᠨ ᠶᠠᠳᠠᠭᠤ ᠭᠦᠴᠢᠷᠳᠡᠢ ᠠᠮᠢᠳᠤᠷᠠᠯ ᠢ ᠭᠢᠵᠤ ᠪᠠᠢ᠌ᠬᠤ ᠪᠠᠷ ᠪᠠᠷᠠᠬᠤ ᠦᠭᠡᠶ ᠡᠳᠦᠷ ᠢᠷᠡᠭᠦᠶ᠎ᠡ ᠨᠡᠮᠡᠭ᠍ᠳᠡᠵᠤ ᠪᠠᠢ᠌ᠭ᠎ᠠ ᠡᠴᠢᠭᠡ ᠡᠭᠡ ᠳᠡᠭᠡᠨ ᠬᠠᠶᠠᠭᠳᠠᠭᠰᠠᠨ ᠳᠡᠨᠦᠭᠦᠯ ᠭᠡᠦᠭᠡᠤᠨ ᠤᠳ ᠤᠨ ᠭᠦᠭᠡᠷᠦᠭᠦᠢᠯᠡᠯᠳᠡᠢ ᠳᠦᠷᠢ ᠳᠦᠷᠭᠦ ᠨᠢ ᠭᠦᠮᠦᠰ ᠤᠨ ᠰᠠᠤᠠᠭᠢᠯ ᠵᠢᠷᠦᠭᠡ ᠶᠢ ᠰᠢᠮᠰᠢᠷᠡᠭᠦᠯᠵᠤ ᠪᠠᠢ᠌ᠬᠤ ᠶᠤᠮ ᠡ᠃ ᠡᠭᠦᠨ ᠳᠤ ᠭᠠᠭᠴᠠᠬᠦ ᠣᠯᠠᠭᠠᠠᠪᠠᠭᠠᠳᠤᠷ ᠬᠤᠳᠠ ᠶᠢᠨ ᠳᠡᠨᠦᠭᠦᠯ ᠭᠡᠦᠭᠡᠤᠨ ᠤᠨ ᠳᠤᠭ᠎ᠠ ᠲᠦᠮᠡ ᠣᠢ᠌ᠷᠠᠳᠤᠵᠤ ᠪᠠᠢ᠌ᠨ᠎ᠠ᠃ ᠮᠤᠩᠭ᠋ᠤᠯᠴᠤᠳ ᠭᠡᠵᠢᠶ᠎ᠡ ᠰᠠ‍‌ᠶᠢ ᠶᠠᠳᠠᠭᠤ ᠠᠮᠢᠳᠤᠷᠠᠯ ᠡᠴᠡ ᠪᠠᠨ ᠮᠤᠯᠳᠤᠷᠠᠵᠤ ᠴᠢᠳᠠᠬᠤ ᠪᠣᠢ ︖ ᠭᠡᠷᠪᠡ ᠡᠨᠡ ᠮᠠᠶ‍ᠢᠭ ᠶᠢᠡᠷ ᠣᠷᠤᠭᠤᠳᠠᠪᠠᠯ ᠮᠤᠩᠭ᠋ᠤᠯᠴᠤᠳ ᠤᠨ ᠢᠷᠡᠭᠡᠳᠦᠢ ᠴᠤᠬᠤᠮ ᠶᠠᠮᠠᠷ ᠪᠣᠯᠬᠤ ᠪᠣᠢ ︖ ᠮᠠᠨ ᠤ ᠦᠷ᠎ᠡ ᠭᠡᠦᠭᠡᠤᠨ ᠲᠤ ᠪᠠᠰᠠ ᠢᠷᠡᠭᠡᠳᠦᠢ ᠭᠡᠵᠤ ᠪᠠᠢ᠌ᠨ᠎ᠠ ᠦᠦ ︖ ᠦᠭᠡᠶ ᠦᠦ ︖

ᠥᠩᠭᠡᠷᠡᠭ᠍ᠰᠡᠨ ᠳᠤ ᠶᠠᠭᠠᠭᠢᠵᠤ ᠭᠢᠯᠠᠯᠵᠠᠭᠤᠯᠵᠤ ᠪᠠᠢ᠌ᠭᠰᠠᠨ ᠦᠨᠳᠦᠰᠦᠳᠠᠨ ᠭᠡᠤᠨ ᠥᠷᠭᠦᠯᠵᠢᠯᠡᠨ ᠴᠠᠷᠮᠠᠢ᠌ᠬᠤ ᠦᠭᠡᠶ ᠪᠣᠯ ᠮᠥᠭᠦᠵᠤ ᠰᠥᠨᠦᠳᠡᠭ᠌᠃ ᠵᠢᠱᠢᠶᠠᠯᠠᠪᠠᠯ᠂ ᠭᠢᠳᠠᠨ ᠦᠨᠳᠦᠰᠦᠳᠠᠨ ᠯᠢᠶᠤᠤ ᠣᠯᠤᠰ ᠢ ᠪᠠᠢ᠌ᠭᠤᠯᠵᠤ᠂ ᠣᠷᠳᠤ ᠴᠠᠭᠠᠨ ᠭᠡᠷᠡᠮ ᠤᠨ ᠳᠤᠳᠤᠨ᠎ᠠ ᠭᠠᠳᠠᠨ᠎ᠠ ᠨᠢᠭᠡᠨ ᠦᠶ᠎ᠡ ᠭᠢᠯᠠᠯᠵᠠᠭᠤᠯᠤᠭᠰᠠᠨ᠂ ᠰᠢᠶᠠᠠᠪᠧᠢ ᠦᠨᠳᠦᠰᠦᠳᠠᠨ ᠤᠷᠢᠳ ᠬᠤᠵᠢᠳ ᠣᠮᠠᠷᠠᠳᠤ ᠸᠸᠢ᠂ ᠪᠠᠷᠠᠭᠤᠨ ᠸᠸᠢ᠂ ᠣᠮᠠᠷᠠᠳᠤ ᠵᠸᠤ ᠣᠯᠤᠰ ᠵᠡᠷᠭᠡ ᠭᠡᠳᠤᠨ ᠲᠦᠷᠦ ᠶᠢ ᠪᠠᠢ᠌ᠭᠤᠯᠵᠤ ᠨᠢᠭᠡᠨ ᠦᠶ᠎ᠡ ᠭᠢᠯᠠᠯᠵᠠᠭᠤᠯᠤᠭᠰᠠᠨ ᠪᠣᠯᠪᠠᠴᠤ ᠴᠦᠮ ᠳᠡᠦᠭᠡ ᠶᠢᠨ ᠣᠷᠳᠤ ᠠᠶᠠᠨ ᠳᠤ ᠰᠤᠯᠢᠷ ᠣᠳᠤ ᠰᠢᠭ ᠭᠢᠯᠪᠠᠭᠠᠤᠨ ᠳᠠᠭᠤᠰᠴᠢᠬᠠᠵᠠᠢ᠃ ᠨᠢᠭᠡ ᠦᠨᠳᠦᠰᠦᠳᠠᠨ ᠳᠤᠷᠤᠢ ᠪᠠᠭᠤᠷᠠᠢ ᠪᠣᠯᠬᠤ ᠳᠤ ᠭᠦᠷᠪᠠᠯ ᠴᠠᠭ ᠥᠷᠭᠦᠯᠵᠢ ᠪᠣᠰᠤᠳ ᠤᠨ ᠳᠠᠷᠤᠯᠠᠯ ᠮᠦᠯᠵᠢᠯ᠂ ᠳᠤᠤᠷᠠᠰᠢᠶᠠᠯ ᠭᠠᠳᠠᠭᠤᠷᠴᠢᠯᠠᠯ ᠳᠤ ᠣᠴᠠᠷᠠᠬᠤ ᠠᠶᠤᠯ ᠲᠡᠶ ᠪᠠᠢ᠌ᠳᠠᠭ᠃ ᠭᠦᠮᠤᠨ ᠲᠦᠷᠦᠯᠭᠢᠳᠠᠨ ᠤ ᠠᠩᠬᠠᠨ ᠤ ᠳᠠᠷᠠ ᠨᠢᠭᠡ ᠡᠳᠦᠷ ᠡᠴᠡ ᠡᠨᠡ ᠡᠳᠦᠷ ᠤᠨ ᠡᠨᠡ ᠴᠠᠭ ᠪᠣᠯᠳᠠᠯ᠎ᠠ ᠡᠨᠡ ᠳᠡᠯᠡᠭᠡᠢ ᠡᠩᠭᠡ ᠳᠠᠢ᠌ᠪᠣᠩ ᠪᠣᠯᠤᠭ᠎ᠠ ᠦᠭᠡᠶ ᠪᠠᠢ᠌ᠭᠰᠠᠭᠠᠷ᠃ ᠣᠷᠤᠰᠢᠬᠤ ᠪᠠ ᠮᠥᠭᠦᠭᠦ᠂ ᠳᠠᠷᠤᠯᠠᠬᠤ ᠪᠠ ᠳᠠᠷᠤᠯᠠᠭᠳᠠᠬᠤ ᠦᠭᠡᠶ ᠶᠢᠨ ᠳᠠᠮᠠᠴᠠᠯ ᠣᠷᠤᠰᠢᠭᠰᠠᠭᠠᠷ ᠢᠷᠡᠭ᠍ᠰᠡᠨ ᠮᠥᠷᠳᠡᠭᠡᠨ ᠥᠷᠭᠦᠯᠵᠢᠯᠡᠨ ᠣᠷᠤᠰᠢᠬᠤ ᠶᠤᠮ ᠡ᠃ ᠣᠷᠴᠢᠮ ᠤᠨ ᠭᠡᠳᠤᠨ ᠵᠢᠯ ᠳᠤ ᠭᠠᠷᠤᠭᠰᠠᠨ ᠢᠷᠠᠺ ᠤᠨ ᠳᠠᠢ᠌ᠨ᠂ ᠠᠪᠬᠠᠭᠠᠨᠢᠰᠲ᠋ᠠᠨ ᠤ ᠳᠠᠢ᠌ᠨ᠂ ᠯᠢᠪᠢᠶ᠎ᠠ ᠶᠢᠨ ᠳᠠᠢ᠌ᠨ ᠵᠡᠷᠭᠡ ᠤᠳ ᠨᠢ ᠮᠠᠨ ᠳᠤ 《ᠭᠦᠴᠦᠷᠭᠡᠭ᠍ᠵᠢᠨ ᠳᠡᠭ᠍ᠵᠢᠷᠡᠭᠦ ᠪᠣᠯ ᠴᠤᠷᠢ ᠶᠢᠨ ᠭᠠᠭᠴᠠ ᠭᠠᠷᠬᠤ ᠵᠠᠮ ᠮᠦᠨ》 ᠭᠡᠭᠦ ᠬᠠᠳᠠᠭᠤ ᠶᠤᠰᠤ ᠶᠢ ᠳᠠᠭᠢᠨ ᠳᠠᠭᠢᠨ ᠭᠡᠷᠡᠴᠢᠯᠡᠨ ᠥᠵᠡᠭᠦᠯᠵᠤ ᠪᠠᠢ᠌ᠨ᠎ᠠ᠃

ᠳᠡᠦᠭᠡ ᠶᠢᠨ ᠭᠦᠷᠳᠤ ᠡᠷᠭᠢᠭ᠍ᠰᠡᠭᠡᠷ ᠪᠠᠢ᠌ᠵᠤ ᠮᠤᠩᠭ᠋ᠤᠯ ᠦᠨᠳᠦᠰᠦᠳᠠᠨ ᠤ 《ᠮᠠᠠᠳᠤᠯ ᠪᠠᠭᠤᠷᠠᠯ᠂ ᠣᠷᠤᠰᠢᠨ ᠳᠤᠭᠳᠠᠨᠢᠯ》 ᠭᠡᠭᠦ ᠭᠦᠡᠳᠤ ᠡᠭᠦᠷᠭᠡ ᠮᠠᠨ ᠤ ᠮᠦᠷᠤᠨ ᠳᠤ ᠭᠦᠷᠴᠤ ᠢᠷᠠᠯ᠎ᠠ᠃

ᠪᠢᠳᠠ ᠶᠠᠭᠠᠭᠢᠪᠠᠯ ᠰᠠ‍‌ᠶᠢ ᠡᠨᠡᠭᠦ ᠭᠡᠷᠡᠯ ᠭᠢᠯᠪᠠᠭ᠎ᠠ ᠨᠢ ᠮᠠᠭᠤᠳᠠᠵᠤ ᠪᠠᠢ᠌ᠭ᠎ᠠ ᠡᠨᠡ ᠦᠨᠳᠦᠰᠦᠳᠠᠨ ᠶᠢᠡᠨ ᠠᠪᠣᠷᠠᠵᠤ ᠴᠢᠳᠠᠬᠤ ᠪᠣᠢ ︖ ᠪᠢᠳᠠ ᠶᠠᠭᠠᠭᠢᠪᠠᠯ ᠰᠠ‍‌ᠶᠢ ᠬᠤᠴᠤᠷᠠᠩᠭ᠋ᠤᠢ ᠦᠨᠳᠦᠰᠦᠳᠠᠨ ᠶᠢᠡᠨ ᠭᠦᠴᠦᠷᠭᠡᠭ᠍ᠵᠢᠭᠦᠯᠵᠤ ᠴᠢᠳᠠᠬᠤ ᠪᠣᠢ ︖ ᠳᠡᠦᠭᠡ ᠪᠣᠯ ᠳᠤᠯᠢ ᠮᠦᠨ᠃ ᠮᠤᠩᠭ᠋ᠤᠯᠴᠤᠳ ᠤᠨ ᠠᠯᠬᠤᠵᠤ ᠢᠷᠡᠭ᠍ᠰᠡᠨ ᠣᠯᠠ ᠮᠦᠷ ᠢ ᠡᠷᠭᠢᠴᠡᠭᠦᠯᠤᠨ ᠦᠵᠡᠪᠠᠯ ᠮᠤᠩᠭ᠋ᠤᠯᠴᠤᠳ ᠪᠣᠯ 《ᠣᠬᠠᠮᠰᠠᠷ ᠳᠤᠷᠤᠢ᠂ ᠪᠦᠯᠭᠦᠮᠳᠡᠯ ᠠᠨᠠᠢ》 ᠡᠴᠡ ᠪᠣᠯᠵᠤ ᠳᠤᠷᠣᠢ᠌ᠳᠠᠵᠠᠢ᠃ ᠶᠤᠸᠠᠨ ᠣᠯᠤᠰ ᠮᠥᠭᠦᠵᠤ᠂ ᠴᠢᠩ ᠣᠯᠤᠰ ᠪᠠᠢ᠌ᠭᠤᠯᠤᠭᠳᠠᠬᠤ ᠪᠣᠯᠳᠠᠯᠠᠭᠢ ᠭᠡᠳᠤᠨ ᠵᠠᠭᠤᠨ ᠵᠢᠯ ᠤᠨ ᠳᠤᠷᠰᠢ ᠮᠤᠩᠭ᠋ᠤᠯᠴᠤᠳ ᠳᠤᠳᠤᠭᠠᠳᠤ ᠳᠠᠭᠠᠨ ᠬᠠᠭᠠᠴᠠᠨ᠂ ᠡᠷᠭᠡ ᠪᠣᠯᠢᠶᠠᠯᠳᠠᠬᠤ ᠳᠠᠢ᠌ᠨ ᠳᠠᠵᠢᠨ ᠳᠠᠰᠤᠷᠠᠭ᠎ᠠ ᠦᠭᠡᠶ ᠭᠢᠭ᠍ᠰᠡᠨ ᠡᠴᠡ ᠮᠤᠩᠭ᠋ᠤᠯᠴᠤᠳ ᠤᠨ ᠰᠦᠷ ᠭᠦᠴᠤᠨ ᠢ ᠮᠤᠩᠭ᠋ᠤᠯᠴᠤᠳ ᠥᠪᠠᠷᠳᠡᠭᠡᠨ ᠪᠠᠭᠤᠷᠠᠭᠤᠯᠵᠤ ᠬᠠᠶᠠᠵᠠᠢ᠃ ᠴᠢᠩ ᠣᠯᠤᠰ ᠤᠨ ᠦᠶ᠎ᠡ ᠳᠤ ᠨᠤᠷᠬᠠᠴᠢ᠄ 《ᠡᠭᠦᠯᠡ ᠨᠠᠢ᠌ᠯᠠᠪᠠᠯ ᠪᠣᠷᠤᠭᠠᠨ ᠪᠣᠯᠤᠨ᠎ᠠ᠂ ᠮᠤᠩᠭ᠋ᠤᠯ ᠨᠠᠢ᠌ᠯᠠᠪᠠᠯ ᠴᠡᠷᠢᠭ᠌ ᠪᠣᠯᠤᠨ᠎ᠠ》 ᠭᠡᠵᠤ ᠭᠡᠯᠡᠵᠡᠢ᠃ ᠮᠠᠠᠵᠤ ᠶᠢᠨ ᠨᠤᠶᠠᠷᠬᠠᠭᠴᠢᠳ ᠮᠤᠩᠭ᠋ᠤᠯᠴᠤᠳ ᠲᠤ ᠪᠢᠳᠡᠭᠦᠮᠵᠢᠯᠡᠭᠦ᠂ ᠬᠠᠭᠠᠴᠠᠭᠤᠯᠬᠤ᠂ ᠮᠤᠩᠬᠠᠷᠠᠭᠤᠯᠬᠤ᠂ ᠢᠯᠪᠢᠨ ᠮᠡᠭᠡᠯᠡᠭᠦ ᠭᠡᠭᠦ ᠮᠠᠳᠤ ᠶᠢᠨ ᠠᠷᠭ᠎ᠠ ᠠᠪᠴᠤ ᠨᠢᠭᠡᠮᠰᠤᠨ ᠳᠤᠷᠣᠢ᠌ᠳᠠᠭᠤᠯᠵᠤ ᠴᠢᠳᠠᠵᠠᠢ᠃ ᠰᠢᠷ᠎ᠠ ᠶᠢᠨ ᠱᠠᠰᠢᠨ ᠶᠢᠡᠷ ᠵᠢᠱᠢᠶᠠᠯᠠᠪᠠᠯ ᠰᠢᠷ᠎ᠠ ᠶᠢᠨ ᠱᠠᠰᠢᠨ ᠳᠤ ᠮᠤᠩᠬᠠᠷᠠᠭᠰᠠᠨ ᠮᠤᠩᠭ᠋ᠤᠯᠴᠤᠳ 《ᠡᠨᠡ ᠲᠦᠷᠦᠯ ᠳᠡᠭᠡᠨ ᠣᠷᠢᠳᠤ ᠲᠦᠷᠦᠯ ᠤᠨ ᠶᠢᠡᠨ ᠣᠢ᠌ᠯᠠ ᠶᠢᠨ ᠦᠷ᠎ᠡ ᠶᠢ ᠠᠮᠰᠠᠨ᠎ᠠ》 ᠭᠡᠰᠡᠨ ᠨᠠᠵᠠᠭᠠᠢ ᠳᠠᠨᠢᠯᠳᠠ ᠲᠡᠶ ᠪᠣᠯᠵᠤ ᠠᠯᠢᠪᠠ ᠭᠦᠰᠡᠯ ᠡᠷᠡᠮᠵᠡᠯᠡᠯ ᠶᠢᠡᠨ ᠳᠠᠷᠠᠭ᠎ᠠ ᠲᠦᠷᠦᠯ ᠳᠡᠭᠡᠨ ᠳᠠᠭᠠᠤᠠᠬᠠᠵᠤ ᠶᠠᠮᠠᠷ ᠴᠤ ᠳᠠᠮᠠᠴᠠᠯ ᠤᠨ ᠵᠤᠷᠢᠭ ᠦᠭᠡᠶ ᠠᠮᠢᠳᠤᠷᠠᠯ ᠢ ᠭᠢᠭ᠍ᠰᠡᠨ ᠪᠠᠢ᠌ᠨ᠎ᠠ᠃ ᠮᠠᠰᠢ ᠣᠯᠠᠨ ᠬᠤᠷᠴᠠ ᠰᠡᠷᠭᠡᠭ᠌ ᠵᠠᠯᠠᠭᠤ ᠪᠠᠭᠠᠴᠤᠳ ᠯᠠᠮᠠ ᠬᠤᠸᠠᠷᠠᠭ ᠪᠣᠯᠤᠭᠰᠠᠨ ᠡᠴᠡ ᠮᠤᠩᠭ᠋ᠤᠯᠴᠤᠳ ᠤᠨ ᠭᠦᠮᠤᠨ ᠠᠷᠠᠤᠨ ᠤᠨ ᠪᠠᠶ᠎ᠠ ᠮᠠᠬᠠᠪᠣᠤᠨ᠂ ᠣᠶᠤᠨ ᠣᠬᠠᠭᠠᠨ ᠤ ᠴᠢᠨᠠᠷ ᠴᠢᠠᠰᠠᠭ᠎ᠠ ᠳᠤᠷᠤᠭᠰᠢᠯᠠᠵᠤ᠂ ᠮᠤᠩᠭ᠋ᠤᠯᠴᠤᠳ ᠤᠨ ᠭᠦᠮᠤᠨ ᠠᠮᠠ ᠶᠢᠨ ᠳᠤᠭ᠎ᠠ ᠴᠤ ᠶᠡᠭᠡ ᠪᠠᠷ ᠬᠠᠰᠤᠭᠳᠠᠵᠠᠢ᠃

ᠡᠭᠦᠨ ᠢ ᠳᠡᠭ᠍ᠷᠢ ᠲᠡᠳᠬᠦᠭ᠍ᠴᠢ ᠬᠠᠭᠠᠨ ᠡᠴᠡ 《ᠮᠤᠩᠭ᠋ᠤᠯᠴᠤᠳ ᠵᠠᠭᠤ ᠢᠯᠡᠭᠦᠤ ᠵᠢᠯ ᠱᠠᠭᠢᠮᠤᠨᠢ ᠶᠢᠨ ᠰᠤᠷᠳᠠᠬᠤᠨ ᠢ ᠰᠢᠳᠦᠭᠡᠤᠨ ᠣᠬᠠᠭᠠᠨ ᠮᠡᠳᠡᠭᠡ ᠪᠠᠨ ᠠᠯᠳᠠᠪᠠ᠃ ᠡᠭᠦᠨ ᠢ ᠬᠠᠭᠠᠨ ᠪᠢ ᠰᠠᠢ᠌ᠰᠢᠶᠠᠮᠤᠢ ︕》 ᠭᠡᠵᠤ ᠭᠡᠯᠡᠭ᠍ᠰᠡᠨ ᠪᠠᠢ᠌ᠨ᠎ᠠ᠃ ᠭᠦᠮᠤᠨ ᠮᠡᠭᠡᠯᠡᠪᠠᠯ ᠮᠡᠭᠡᠯᠡᠭ᠍ᠳᠡᠵᠤ᠂ ᠭᠦᠮᠤᠨ ᠮᠤᠩᠬᠠᠷᠠᠭᠤᠯᠪᠠᠯ ᠮᠤᠩᠬᠠᠷᠠᠵᠤ᠂ ᠭᠦᠮᠤᠨ ᠪᠢᠳᠡᠭᠦᠮᠵᠢᠯᠡᠪᠠᠯ ᠪᠢᠳᠡᠭᠦᠷᠡᠵᠤ᠂ ᠭᠦᠮᠤᠨ ᠬᠠᠭᠠᠴᠠᠭᠤᠯᠪᠠᠯ ᠬᠠᠭᠠᠴᠠᠳᠠᠭ ᠨᠢ ᠣᠬᠠᠮᠰᠠᠷ ᠳᠤᠷᠤᠢ ᠶᠢᠨ ᠢᠯᠠᠷᠠᠯ ᠮᠦᠨ᠃ 《ᠣᠬᠠᠮᠰᠠᠷ ᠳᠤᠷᠤᠢ᠂ ᠪᠦᠯᠭᠦᠮᠳᠡᠯ ᠠᠨᠠᠢ》 ᠥᠵᠡᠭ᠍ᠳᠡᠯ ᠣᠳᠤ ᠪᠣᠯᠳᠠᠯ᠎ᠠ ᠮᠠᠨ ᠤ ᠳᠤᠮᠳᠠ ᠣᠷᠤᠰᠢᠵᠤ ᠪᠠᠢ᠌ᠨ᠎ᠠ᠃ ᠮᠤᠩᠭ᠋ᠤᠯ ᠦᠨᠳᠦᠰᠦᠳᠠᠨ ᠪᠣᠯ ᠡᠭᠦᠨ ᠤ ᠬᠠᠯᠠ ᠵᠤᠪᠠᠯᠠᠩ ᠢ ᠬᠠᠠᠳᠠᠯ᠎ᠠ ᠠᠮᠰᠠᠭᠰᠠᠨ ᠦᠨᠳᠦᠰᠦᠳᠠᠨ ᠮᠦᠨ᠃ ᠪᠢᠳᠠ ᠡᠭᠦᠨ ᠤ ᠬᠤᠤᠷ ᠭᠦᠨᠦᠭᠡᠯ ᠢ ᠳᠠᠭᠢᠠᠳᠠ ᠠᠮᠰᠠᠬᠤ ᠡᠴᠡ ᠵᠡᠢ᠌ᠯᠡᠰᠭᠢᠭᠦ ᠶᠢᠨ ᠳᠠᠭᠠᠤ ᠮᠠᠨ ᠳᠤ ᠥᠭᠡᠷ᠎ᠡ ᠪᠠᠰᠠ ᠶᠠᠮᠠᠷ ᠨᠠᠵᠠᠭᠠᠢ ᠵᠣᠢ᠌ᠯ ᠣᠷᠤᠰᠢᠵᠤ ᠪᠠᠢ᠌ᠬᠤ ᠪᠠᠨ ᠳᠤᠳᠤᠷᠬᠠᠢ ᠳᠠᠨᠢᠵᠤ ᠵᠤᠷᠢᠭᠳᠠᠢ ᠪᠠᠷ ᠵᠠᠯᠠᠷᠠᠭᠤᠯᠬᠤ ᠭᠡᠷᠡᠭ᠍ᠳᠡᠢ᠃ ᠵᠢᠱᠢᠶᠠᠯᠠᠪᠠᠯ ᠷᠠᠳᠢᠤ᠋ ᠳᠠᠮᠢᠷ ᠭᠢᠭᠦ ᠨᠢ ᠶᠠᠫᠣᠨ ᠡᠴᠡ ᠡᠭᠦᠰᠴᠤ ᠫᠠᠭᠳᠠᠭᠠᠷ ᠳᠡᠭᠡᠷᠡᠮ ᠨᠠᠷ᠎ᠠ ᠲᠡᠶ ᠪᠠᠢ᠌ᠭᠰᠠᠨ ᠶᠠᠫᠣᠠᠴᠤᠳ ᠤᠨ ᠳᠡᠭ᠍ᠰᠢᠦᠡᠭᠡᠭ᠍ᠰᠡᠨ ᠪᠠᠶ᠎ᠠ ᠶᠢᠨ ᠦᠨᠳᠦᠷ ᠨᠢ ᠳᠤᠮᠳᠠᠳᠤ ᠣᠯᠤᠰ ᠤᠨ ᠭᠦᠮᠤᠨ ᠤ ᠳᠡᠭ᠍ᠰᠢᠦᠡᠭᠡᠭ᠍ᠰᠡᠨ ᠪᠠᠶ᠎ᠠ ᠶᠢᠨ ᠦᠨᠳᠦᠷ ᠢ ᠳᠠᠪᠠᠭᠰᠠᠨ ᠮᠥᠷᠳᠡᠭᠡᠨ ᠳᠡᠯᠡᠭᠡᠢ ᠶᠢᠨ ᠬᠠᠮᠤᠭ ᠤᠨ ᠣᠷᠳᠤ ᠨᠠᠰᠤᠯᠠᠬᠤ ᠣᠯᠤᠰ ᠪᠣᠯᠵᠤ ᠴᠢᠳᠠᠵᠠᠢ᠃ ᠡᠨᠡ ᠨᠢ ᠷᠠᠳᠢᠤ᠋ ᠳᠠᠮᠢᠷ ᠭᠢᠭ᠍ᠰᠡᠨ ᠲᠡᠶ ᠰᠢᠭᠤᠳ ᠬᠠᠷᠢᠴᠠᠭ᠎ᠠ ᠲᠡᠶ ᠪᠠᠢ᠌ᠳᠠᠭ᠃ ᠪᠢᠳᠠ ᠪᠠᠰᠠ ᠳᠠᠮᠢᠷ ᠭᠢᠭᠡᠤᠨ ᠨᠠᠯᠢᠶᠠᠤᠨ ᠵᠢᠯ ᠪᠣᠯᠵᠤ ᠪᠠᠢ᠌ᠨ᠎ᠠ᠃ ᠭᠡᠳᠡᠯ᠎ᠡ ᠪᠠᠢ᠌ᠴᠠᠭᠠᠯᠳᠠ ᠶᠢ ᠦᠨᠳᠦᠰᠦᠯᠠᠪᠠᠯ ᠣᠢ᠌ᠷ᠎ᠠ ᠶᠢᠨ 20 ᠵᠢᠯ ᠳᠤ ᠮᠤᠩᠭ᠋ᠤᠯ ᠰᠤᠷᠤᠭᠴᠢᠳ ᠤᠨ ᠠᠭᠤᠰᠭᠢᠨ ᠪᠠᠭᠳᠠᠭᠠᠮᠵᠢ ᠮᠡᠳᠡᠭ᠍ᠳᠡᠮ᠎ᠡ ᠳᠤᠷᠤᠭᠰᠢᠯᠠᠵᠤ ᠮᠤᠩᠭ᠋ᠤᠯᠴᠤᠳ ᠤᠨ ᠪᠠᠶ᠎ᠠ ᠮᠠᠬᠠᠪᠣᠤᠨ ᠤᠨ ᠴᠢᠨᠠᠷ ᠴᠢᠠᠰᠠᠭ᠎ᠠ ᠣᠤᠯ ᠤᠨ ᠬᠢ ᠪᠠᠨ ᠭᠦᠷᠭᠦ ᠦᠭᠡᠶ ᠪᠣᠯᠵᠤ ᠪᠠᠢ᠌ᠨ᠎ᠠ ᠭᠡᠳᠡᠭ᠌ ᠢ ᠢᠯᠡᠳᠭᠡᠵᠤ ᠪᠠᠢ᠌ᠨ᠎ᠠ᠃ ᠠᠰᠢᠭᠳᠠᠢ ᠭᠡᠳᠡᠭ᠌ ᠢ ᠮᠠᠳᠠᠵᠤ ᠪᠠᠢ᠌ᠭᠠᠤᠨ ᠭᠦᠡᠳᠦᠦᠡᠭᠡᠳᠡᠭ᠌ ᠦᠭᠡᠶ ᠨᠢ ᠣᠳᠤ ᠶᠢᠨ ᠮᠤᠩᠭ᠋ᠤᠯᠴᠤᠳ ᠤᠨ ᠳᠤᠮᠳᠠ ᠣᠷᠤᠰᠢᠵᠤ ᠪᠠᠢ᠌ᠭ᠎ᠠ ᠦᠵᠡᠯᠳᠠ ᠳᠠᠨᠢᠯᠳᠠ ᠳᠡᠭᠡᠷᠡᠭᠢ ᠨᠠᠵᠠᠭᠠᠢ ᠵᠣᠢ᠌ᠯ ᠮᠦᠨ᠃

ᠠᠷᠤ ᠮᠤᠩᠭ᠋ᠤᠯ ᠳᠤ ᠶᠠᠭᠠᠭᠢᠭᠠᠤᠨ ᠳᠠᠢ᠌ᠮᠤ ᠣᠯᠠᠨ ᠳᠡᠨᠡᠭᠦᠯ ᠭᠡᠦᠭᠡᠤᠨ ᠪᠠᠢ᠌ᠳᠠᠭ ᠪᠣᠢ ︖ ᠠᠵᠢᠯ ᠪᠠᠢ᠌ᠬᠤ ᠳᠤ ᠭᠢᠭᠦ ᠦᠭᠡᠶ᠂ ᠠᠯᠵᠠᠭᠤ ᠵᠠᠯᠬᠠᠭᠤ᠂ ᠠᠷᠢᠭᠢ ᠳᠠᠷᠠᠰᠤᠨ ᠳᠤ ᠰᠤᠭᠳᠤᠭᠤᠷᠠᠵᠤ᠂ ᠦᠷ᠎ᠡ ᠭᠡᠦᠭᠡᠤᠨ ᠶᠢᠡᠨ ᠴᠤ ᠬᠠᠮᠢᠶᠠᠷᠬᠤ ᠶᠢ ᠮᠠᠷᠳᠠᠴᠢᠬᠠᠳᠠᠭ ᠡᠴᠡ ᠪᠣᠯᠤᠭᠰᠠᠨ ᠶᠤᠮ᠃ ᠭᠠᠵᠠᠷ ᠢᠪᠴᠤᠤ ᠡᠭᠢ ᠪᠠᠶᠠᠯᠢᠭ ᠬᠤᠪᠣᠷ ᠴᠥᠭᠡᠨ ᠶᠠᠫᠣᠠᠴᠤᠳ ᠳᠠᠢ᠌ᠮᠤ ᠰᠠᠢ᠌ᠬᠠᠨ ᠠᠮᠢᠳᠤᠷᠠᠵᠤ ᠪᠠᠢ᠌ᠬᠤ ᠳᠤ ᠥᠷᠭᠡᠨ ᠠᠭᠤᠳᠠᠮ ᠨᠤᠳᠤᠭ ᠳᠡᠪᠢᠰᠭᠡᠷ ᠲᠡᠶ᠂ ᠦᠨᠢᠷ ᠪᠠᠶᠠᠨ ᠡᠭᠢ ᠪᠠᠶᠠᠯᠢᠭ ᠲᠡᠶ ᠮᠤᠩᠭ᠋ᠤᠯᠴᠤᠳ ᠭᠡᠦᠭᠡᠤᠨ ᠵᠢᠠᠨ ᠴᠤ ᠳᠡᠵᠢᠭᠡᠵᠤ ᠳᠡᠢ᠌ᠯᠳᠡᠭ᠌ ᠦᠭᠡᠶ ᠶᠢᠨ ᠰᠢᠯᠳᠠᠭᠠᠨ ᠨᠢ ᠶᠠᠭᠤ ᠪᠣᠢ ︖ ᠠᠮᠢᠳᠤᠷᠠᠯ ᠳᠠᠭᠠᠨ ᠢᠳᠠᠪᠭᠢ ᠣᠪᠣᠷ ᠶᠢᠡᠷ ᠬᠠᠠᠳᠤᠳᠠᠭ ᠦᠭᠡᠶ ᠡᠴᠡ ᠪᠣᠯᠤᠭᠰᠠᠨ ᠶᠤᠮ ᠡ᠃ ᠶᠠᠮᠠᠷ ᠨᠢᠭᠡᠨ ᠭᠡᠷᠡᠭ᠌ ᠣᠴᠢᠷ ᠲᠤ ᠢᠳᠠᠪᠭᠢ ᠣᠪᠣᠷ ᠶᠢᠡᠷ ᠬᠠᠠᠳᠤᠳᠠᠭ ᠦᠭᠡᠶ᠂ ᠴᠢᠳᠠᠬᠤ ᠪᠠᠢ᠌ᠭᠠᠤᠨ ᠬᠣᠢ᠌ᠰᠢ ᠣᠬᠤᠷᠢᠵᠤ᠂ ᠶᠠᠭᠤ ᠪᠦᠭᠦᠨ ᠢ ᠦᠯᠦ ᠳᠤᠭᠤᠮᠰᠤᠷᠯᠠᠭᠰᠠᠨ ᠬᠠᠷᠠᠴᠠ ᠪᠠᠷ ᠬᠠᠷᠠᠳᠠᠭ ᠪᠣᠯᠪᠠᠴᠤ ᠦᠪᠡᠷ ᠶᠢᠡᠨ ᠣᠯᠠᠨ ᠡᠴᠡ ᠳᠤᠪᠣᠢ᠌ᠮ᠎ᠠ ᠨᠢᠭᠡ ᠴᠤ ᠣᠴᠢᠷ ᠢ ᠭᠢᠵᠤ ᠴᠢᠳᠠᠳᠠᠭ ᠦᠭᠡᠶ ᠨᠢ ᠣᠳᠤ ᠶᠢᠨ ᠮᠤᠩᠭ᠋ᠤᠯᠴᠤᠳ ᠤᠨ ᠳᠤᠮᠳᠠ ᠣᠷᠤᠰᠢᠵᠤ ᠪᠠᠢ᠌ᠭ᠎ᠠ ᠦᠵᠡᠯᠳᠠ ᠳᠠᠨᠢᠯᠳᠠ ᠳᠡᠭᠡᠷᠡᠭᠢ ᠪᠠᠰᠠ ᠨᠢᠭᠡᠨ ᠨᠠᠵᠠᠭᠠᠢ ᠵᠣᠢ᠌ᠯ ᠮᠦᠨ᠃

ᠪᠢᠳᠠ ᠬᠤᠴᠤᠷᠤᠩᠭ᠋ᠤᠢ ᠡᠴᠡ ᠪᠠᠨ ᠭᠦᠴᠦᠷᠭᠡᠭ᠍ᠵᠢᠶ᠎ᠡ ᠭᠡᠪᠠᠯ ᠵᠠᠪᠠᠯ ᠮᠠᠨ ᠤ ᠳᠤᠮᠳᠠ ᠣᠷᠤᠰᠢᠵᠤ ᠪᠠᠢ᠌ᠭ᠎ᠠ ᠨᠠᠵᠠᠭᠠᠢ ᠵᠣᠢ᠌ᠯ ᠶᠢᠡᠨ ᠳᠤᠳᠤᠷᠬᠠᠢ ᠳᠠᠨᠢᠵᠤ ᠵᠤᠷᠢᠭᠳᠠᠢ ᠪᠠᠷ ᠵᠠᠯᠠᠷᠠᠭᠤᠯᠬᠤ ᠭᠡᠷᠡᠭ᠍ᠳᠡᠢ᠃ ᠦᠵᠡᠯᠳᠠ ᠳᠠᠨᠢᠯᠳᠠ ᠶᠢᠨ ᠳᠡᠭᠡᠷᠡᠭᠢ ᠨᠠᠵᠠᠭᠠᠢ ᠵᠣᠢ᠌ᠯ ᠪᠣᠯ ᠨᠢᠭᠡ ᠦᠨᠳᠦᠰᠦᠳᠠᠨ ᠣᠷᠤᠭᠤᠳᠠᠵᠤ ᠳᠤᠷᠣᠢ᠌ᠳᠠᠬᠤ ᠶᠢᠨ ᠡᠪᠠᠦᠡᠴᠢᠨ ᠤ ᠦᠨᠳᠦᠰᠦ ᠮᠦᠨ᠃ ᠳᠤᠮᠳᠠᠳᠤ ᠶᠢᠨ ᠭᠦᠮᠤᠨ 《ᠳᠤᠷᠤᠨᠠᠳᠤ ᠠᠽᠢᠶ᠎ᠠ ᠶᠢᠨ ᠡᠪᠠᠦᠡᠴᠢᠳᠡᠨ》 ᠭᠡᠵᠤ ᠪᠣᠰᠤᠳ ᠲᠤ ᠳᠤᠷᠤᠮᠵᠢᠯᠠᠭᠳᠠᠵᠤ ᠥᠩᠭᠡᠷᠡᠵᠡᠢ᠃ 《ᠳᠤᠷᠤᠨᠠᠳᠤ ᠠᠽᠢᠶ᠎ᠠ ᠶᠢᠨ ᠡᠪᠠᠦᠡᠴᠢᠳᠡᠨ》 ᠭᠡᠳᠡᠭ᠌ ᠨᠢ ᠨᠢᠭᠡ ᠳᠠᠯ᠎ᠠ ᠪᠠᠷ ᠳᠠᠮᠢᠷ᠂ ᠡᠷᠡᠭᠦᠯ ᠬᠠᠮᠠᠭᠠᠯᠠᠯ ᠬᠤᠴᠤᠷᠠᠩᠭ᠋ᠤᠢ᠂ ᠪᠠᠶ᠎ᠠ ᠮᠠᠬᠠᠪᠣᠤᠨ ᠤᠨ ᠴᠢᠨᠠᠷ ᠴᠢᠠᠰᠠᠭ᠎ᠠ ᠳᠤᠤᠷ᠎ᠠ ᠭᠡᠰᠡᠨ ᠣᠤᠠᠬ᠎ᠠ ᠲᠡᠶ ᠪᠠᠢ᠌ᠳᠠᠭ᠂ ᠨᠥᠭᠦᠭᠡ ᠳᠠᠯ᠎ᠠ ᠪᠠᠷ ᠦᠪᠡᠷ ᠢ ᠪᠠᠨ ᠬᠠᠢ᠌ᠷᠠᠯᠠᠵᠤ᠂ ᠦᠪᠡᠷ ᠢ ᠪᠠᠨ ᠭᠦᠡᠳᠦᠦᠡᠭᠡᠭᠦ ᠶᠢ ᠮᠡᠳᠡᠭᠦ ᠦᠭᠡᠶ ᠦᠵᠡᠯᠳᠠ ᠳᠠᠨᠢᠯᠳᠠ ᠨᠢ ᠨᠠᠵᠠᠭᠠᠢ ᠭᠡᠰᠡᠨ ᠣᠤᠠᠬ᠎ᠠ ᠲᠡᠶ ᠪᠠᠢ᠌ᠳᠠᠭ᠃

ᠡᠨᠡ ᠡᠳᠦᠷ ᠪᠢᠳᠠ ᠪᠣᠰᠤᠳ ᠲᠤ 《ᠬᠠᠭᠤᠴᠢᠨ ᠮᠤᠩᠭ᠋ᠤᠯ》 ᠭᠡᠵᠤ ᠬᠤᠴᠤᠷᠠᠩᠭ᠋ᠤᠢ ᠭᠡᠰᠡᠨ ᠦᠨᠦᠷ ᠠᠮᠳᠠ ᠲᠡᠶ ᠥᠭᠡ ᠪᠠᠷ ᠳᠤᠤᠷᠰᠢᠶᠠᠭᠳᠠᠵᠤ ᠪᠠᠢ᠌ᠨ᠎ᠠ᠃ ᠡᠨᠡ ᠨᠢ ᠮᠦᠨᠴᠤ ᠦᠵᠡᠯᠳᠠ ᠳᠠᠨᠢᠯᠳᠠ ᠶᠢᠨ ᠳᠡᠭᠡᠷᠡᠭᠢ ᠨᠠᠵᠠᠭᠠᠢ ᠵᠣᠢ᠌ᠯ ᠡᠴᠡ ᠪᠣᠯᠤᠭᠰᠠᠨ ᠦᠭᠡᠶ ᠭᠡᠵᠤ ᠦᠦ ︖ ᠯᠤ ᠰᠢᠶᠦ᠋ᠨ ᠳᠤᠮᠳᠠᠳᠤ ᠶᠢᠨ ᠦᠨᠳᠦᠰᠦᠳᠠᠨ ᠳᠤᠷᠤᠢ ᠪᠠᠭᠤᠷᠠᠢ ᠪᠠᠢ᠌ᠬᠤ ᠶᠢᠨ ᠰᠢᠯᠳᠠᠭᠠᠨ ᠨᠢ ᠦᠵᠡᠯ ᠰᠠᠨᠠᠭᠠᠨ ᠳ᠋ᠤᠨᠢ ᠪᠠᠢ᠌ᠨ᠎ᠠ ᠭᠡᠵᠤ ᠳᠤᠳᠤᠷᠬᠠᠢ ᠳᠠᠨᠢᠭᠠᠤᠨ ᠡᠮᠨᠡᠯᠭᠡ ᠶᠢᠨ ᠣᠬᠠᠭᠠᠨ ᠰᠤᠷᠤᠭᠰᠠᠨ ᠭᠦᠮᠤᠨ ᠵᠤᠬᠢᠶᠠᠯᠴᠢ ᠪᠣᠯᠵᠤ᠂ ᠣᠷᠠᠨ ᠵᠤᠬᠢᠶᠠᠯ ᠶᠢᠡᠷ ᠳᠠᠮᠵᠢᠨ ᠳᠤᠮᠳᠠᠳᠤ ᠶᠢᠨ ᠦᠨᠳᠦᠰᠦᠳᠠᠨ ᠢ ᠰᠡᠭᠡᠭᠡᠷᠡᠭᠦᠯᠭᠦ ᠳᠤ ᠴᠢᠬᠤᠯᠠ ᠬᠤᠪᠢ ᠨᠠᠮᠠᠷᠢ ᠪᠠᠨ ᠥᠵᠡᠭᠦᠯᠵᠤ ᠴᠢᠳᠠᠵᠠᠢ᠃

ᠮᠤᠩᠭ᠋ᠤᠯ ᠣᠶᠤᠳᠠᠤᠨ ᠡ᠂ ᠮᠤᠩᠭ᠋ᠤᠯ ᠰᠡᠭᠡᠭᠡᠳᠡᠳ ᠡ᠂ ᠪᠢᠳᠠ ᠦᠪᠡᠷ ᠶᠢᠡᠨ ᠣᠬᠠᠭᠠᠨ ᠰᠡᠭᠡᠭᠡ ᠲᠡᠶ ᠪᠠᠢ᠌ᠬᠤ ᠪᠠᠷ ᠪᠠᠷᠠᠬᠤ ᠦᠭᠡᠶ ᠪᠦᠭᠦᠢᠯᠡ ᠮᠤᠩᠭ᠋ᠤᠯᠴᠤᠳ ᠶᠢᠡᠨ ᠣᠬᠠᠭᠠᠷᠠᠭᠤᠯᠵᠤ ᠰᠡᠭᠡᠭᠡᠷᠡᠭᠦᠯᠵᠤ᠂ ᠮᠠᠨ ᠤ ᠳᠤᠮᠳᠠ ᠣᠷᠤᠰᠢᠵᠤ ᠪᠠᠢ᠌ᠭ᠎ᠠ ᠠᠯᠢᠪᠠ ᠨᠠᠵᠠᠭᠠᠢ ᠵᠣᠢ᠌ᠯ ᠶᠢᠡᠨ ᠡᠷᠢᠨ ᠭᠠᠷᠭᠠᠵᠤ ᠵᠠᠰᠠᠵᠤ ᠵᠠᠯᠠᠷᠠᠭᠤᠯᠤᠨ ᠦᠨᠳᠦᠰᠦᠳᠠᠨ ᠤ ᠪᠠᠨ ᠢᠷᠡᠭᠡᠳᠦᠢ ᠶᠢᠨ ᠳᠦᠯᠦᠭᠡ ᠴᠢᠷᠮᠠᠢ᠌ᠬᠤ ᠭᠡᠷᠡᠭ᠍ᠳᠡᠢ᠃ ᠭᠡᠷᠪᠡ ᠪᠢᠳᠠ ᠴᠠᠭ ᠢ ᠠᠮᠵᠢᠨ ᠴᠠᠷᠮᠠᠢ᠌ᠬᠤ ᠦᠭᠡᠶ ᠪᠣᠯ ᠮᠠᠨ ᠤ ᠦᠷ᠎ᠡ ᠭᠡᠦᠭᠡᠤᠨ ᠤᠨ ᠦᠶ᠎ᠡ ᠳᠤ ᠮᠤᠩᠭ᠋ᠤᠯ ᠦᠨᠳᠦᠰᠦᠳᠠᠨ ᠣᠳᠤ ᠡᠴᠡ ᠪᠠᠨ ᠨᠠᠩ ᠳᠦᠭ᠍ᠰᠢᠭᠦᠷᠢᠳᠤ ᠪᠠᠢ᠌ᠳᠠᠯ ᠳᠤ ᠳᠤᠯᠭᠠᠷᠠᠬᠤ ᠶᠤᠮ ᠡ᠃ ᠵᠢᠱᠢᠶᠠᠯᠠᠪᠠᠯ᠂ ᠦᠪᠣᠷ ᠮᠤᠩᠭ᠋ᠤᠯ ᠤᠨ ᠴᠠᠭᠢᠯᠭᠠᠨ ᠭᠠᠷᠭᠠᠭᠰᠠᠨ ᠭᠡᠮᠵᠢᠶ᠎ᠡ ᠨᠢ ᠵᠠᠯᠭᠠᠭᠠᠤᠨ 5 ᠵᠢᠯ ᠳᠤ ᠪᠦᠭᠦ ᠣᠯᠤᠰ ᠤᠨ ᠳᠡᠷᠢᠭᠦᠨ ᠳᠤ ᠣᠷᠤᠵᠠᠢ᠃ ᠡᠨᠡ ᠨᠢ ᠳᠠᠷᠤᠢ ᠮᠤᠩᠭ᠋ᠤᠯᠴᠤᠳ ᠳᠠᠯ᠎ᠠ ᠨᠤᠳᠤᠭ ᠶᠢᠡᠨ ᠡᠪᠳᠡᠵᠤ᠂ ᠨᠢᠭᠡ ᠵᠢᠯ ᠳᠤ 6 ᠳ᠋ᠦ᠋ᠩᠰᠢᠭᠤᠷ ᠳᠤᠨ ᠨᠡᠭᠦᠷᠡᠰᠤ ᠪᠠᠨ ᠰᠢᠳᠠᠭᠠᠭᠠᠤᠨ ᠣᠳᠤᠭ᠎ᠠ ᠦᠨᠡᠰᠤ ᠶᠢ ᠨᠢ ᠡᠭᠡ ᠨᠤᠳᠤᠭ ᠲᠠᠭᠠᠨ ᠥᠯᠡᠳᠡᠭᠡᠵᠤ ᠴᠠᠭᠢᠯᠭᠠᠨ ᠶᠢᠡᠨ ᠬᠤᠳᠠᠯᠳᠤᠭᠰᠠᠨ ᠣᠴᠢᠷ ᠮᠦᠨ᠃ ᠠᠷᠤ ᠮᠤᠩᠭ᠋ᠤᠯ ᠨᠢ ᠪᠦᠭᠦ ᠣᠯᠤᠰ ᠤᠨ ᠶᠢᠡᠨ 1/3 ᠵᠢᠨ ᠭᠠᠵᠠᠷ ᠨᠤᠳᠤᠭ ᠢ ᠨᠡᠭᠡᠭᠡᠨ ᠠᠰᠢᠭᠯᠠᠵᠤ ᠪᠣᠯᠬᠤ ᠶᠢ ᠵᠥᠪᠰᠢᠶᠡᠷᠡᠭ᠍ᠰᠡᠨ ᠡᠴᠡ ᠮᠤᠩᠭ᠋ᠤᠯ ᠤᠨ ᠳᠠᠯ᠎ᠠ ᠨᠤᠳᠤᠭ᠂ ᠮᠤᠩᠭ᠋ᠤᠯ ᠤᠨ ᠠᠮᠢ ᠠᠬᠤᠢ ᠭᠦᠡᠳᠤ ᠨᠤᠴᠢᠳᠠᠢ ᠡᠪᠳᠡᠭ᠍ᠳᠡᠵᠤ ᠪᠠᠢ᠌ᠨ᠎ᠠ᠃

ᠮᠤᠩᠭ᠋ᠤᠯ ᠣᠷᠤᠨ ᠪᠣᠯ ᠦᠨᠢᠷ ᠪᠠᠶᠠᠨ ᠡᠭᠢ ᠪᠠᠶᠠᠯᠢᠭ ᠲᠡᠶ ᠨᠤᠳᠤᠭ ᠮᠦᠨ᠃ ᠦᠪᠣᠷ ᠮᠤᠩᠭ᠋ᠤᠯ ᠳᠤ ᠵᠠᠭᠤ ᠬᠤᠷᠢᠨ ᠭᠡᠳᠤᠨ ᠵᠣᠢ᠌ᠯ ᠤᠨ ᠠᠭᠤᠷᠬᠠᠢ ᠶᠢᠨ ᠭᠠᠷᠤᠯᠳᠠ ᠲᠡᠶ ᠪᠠᠢ᠌ᠵᠤ᠂ 42 ᠵᠣᠢ᠌ᠯ ᠨᠢ ᠪᠦᠭᠦ ᠣᠯᠤᠰ ᠤᠨ ᠡᠮᠦᠨ᠎ᠡ ᠠᠷᠪᠠᠨ ᠨᠠᠷ᠎ᠠ ᠳᠤ ᠪᠠᠢ᠌ᠵᠤ᠂ 22 ᠵᠣᠢ᠌ᠯ ᠨᠢ ᠪᠦᠭᠦ ᠣᠯᠤᠰ ᠤᠨ ᠡᠮᠦᠨ᠎ᠡ ᠭᠤᠷᠪᠠᠨ ᠨᠠᠷ᠎ᠠ ᠲᠤ ᠪᠠᠢ᠌ᠵᠤ᠂ 7 ᠵᠣᠢ᠌ᠯ ᠨᠢ ᠪᠦᠭᠦ ᠣᠯᠤᠰ ᠤᠨ ᠳᠡᠷᠢᠭᠦᠨ ᠪᠠᠢ᠌ᠷᠢ ᠲᠤ ᠪᠠᠢ᠌ᠨ᠎ᠠ᠃ ᠠᠷᠤ ᠮᠤᠩᠭ᠋ᠤᠯ ᠨᠢ ᠣᠳᠤ ᠳᠡᠭᠡᠷ᠎ᠡ ᠪᠠᠨ ᠮᠡᠳᠡᠭᠡᠤᠨ ᠪᠠᠢ᠌ᠬᠤ ᠠᠭᠤᠷᠬᠠᠢ ᠶᠢᠨ ᠭᠠᠷᠤᠯᠳᠠ ᠨᠠᠶᠠᠨ ᠭᠡᠳᠤᠨ ᠵᠣᠢ᠌ᠯ ᠪᠠᠢ᠌ᠵᠤ᠂ ᠡᠭᠦᠨ ᠳᠤ ᠬᠤᠮᠠᠭ ᠠᠯᠳᠠ ᠶᠢᠨ ᠪᠣᠯᠠᠭᠳᠠᠴᠠ ᠨᠢ ᠪᠦᠭᠦ ᠳᠡᠯᠡᠭᠡᠢ ᠶᠢᠨ ᠳᠡᠷᠢᠭᠦᠨ ᠪᠠᠢ᠌ᠷᠢ ᠳᠤ ᠣᠷᠤᠵᠤ ᠪᠠᠢ᠌ᠨ᠎ᠠ᠃ ᠠᠷᠤ ᠮᠤᠩᠭ᠋ᠤᠯ ᠳᠤ ᠣᠳᠤᠬᠠᠨ ᠳᠤ 800 ᠢᠯᠡᠭᠦᠤ ᠠᠭᠤᠷᠬᠠᠢ ᠶᠢᠨ ᠭᠠᠵᠠᠷ᠂ 8000 ᠢᠯᠡᠭᠦᠤ ᠠᠭᠤᠷᠬᠠᠢ ᠶᠢᠨ ᠬᠤᠤᠠᠳᠤᠭ ᠪᠠᠢ᠌ᠵᠤ᠂ ᠪᠦᠭᠦ ᠳᠡᠯᠡᠭᠡᠢ ᠶᠢᠨ ᠠᠭᠤᠷᠬᠠᠢ ᠶᠢᠨ ᠳᠤᠮᠤ ᠭᠦᠷᠦᠩᠭᠡᠳᠡᠳ ᠤᠨ ᠡᠭᠡ ᠪᠠᠶᠠᠯᠢᠭ ᠤᠨ ᠪᠣᠯᠢᠶᠠᠯᠳᠤᠭᠠᠨ ᠤ ᠳᠠᠯᠠᠪᠣᠷ ᠪᠣᠯᠤᠭᠠᠤᠨ ᠪᠠᠢ᠌ᠬᠤ ᠶᠤᠮ᠃ ᠡᠭᠡ ᠪᠠᠢ᠌ᠭᠠᠯᠢ ᠡᠪᠳᠡᠭ᠍ᠳᠡᠵᠤ ᠯᠠ ᠪᠠᠢ᠌ᠨ᠎ᠠ ᠡᠭᠡ ᠪᠠᠶᠠᠯᠢᠭ ᠬᠤᠷᠤᠭᠳᠠᠵᠤ ᠯᠠ ᠪᠠᠢ᠌ᠨ᠎ᠠ᠃ ᠮᠤᠩᠭ᠋ᠤᠯᠴᠤᠳ ᠡᠭᠡ ᠪᠠᠶᠠᠯᠢᠭ ᠶᠢᠡᠨ ᠶᠠᠭᠠᠭᠢᠵᠤ ᠠᠰᠢᠭᠯᠠᠪᠠᠯ ᠰᠠ‍‌ᠶᠢ ᠦᠷ᠎ᠡ ᠬᠣᠢ᠌ᠴᠠᠰ ᠲᠠᠭᠠᠨ ᠭᠦᠮᠤᠨ ᠠᠮᠢᠳᠠᠨ ᠣᠷᠤᠰᠢᠵᠤ ᠪᠣᠯᠬᠤ ᠡᠭᠡ ᠪᠠᠢ᠌ᠭᠠᠯᠢ ᠶᠢ ᠥᠯᠡᠳᠡᠭᠡᠨ ᠥᠭ᠍ᠴᠤ ᠴᠢᠳᠠᠬᠤ ᠪᠣᠢ ︕

ᠮᠠᠨ ᠤ ᠭᠢᠭᠦ ᠴᠢᠬᠤᠯᠠ ᠲᠡᠶ ᠠᠵᠢᠯ ᠠᠭᠤᠯᠠᠨ ᠣᠪᠣᠭ᠎ᠠ ᠰᠢᠭ ᠣᠪᠣᠭᠠᠷᠠᠵᠤ ᠪᠠᠢ᠌ᠨ᠎ᠠ᠃ ᠠᠮᠵᠢᠵᠤ ᠭᠢᠭᠦ ᠦᠭᠡᠶ ᠪᠣᠯ ᠵᠠᠪᠳᠤᠬᠤ ᠦᠭᠡᠶ ᠪᠣᠯᠤᠨ᠎ᠠ ᠭᠡᠵᠤ ᠱᠠᠯᠠᠪᠳᠠᠵᠤ ᠪᠠᠢ᠌ᠨ᠎ᠠ᠃ ᠦᠨᠳᠦᠰᠦᠳᠠᠨ ᠤ ᠪᠠᠨ ᠢᠷᠡᠭᠡᠳᠦᠢ ᠶᠢᠨ ᠳᠦᠯᠦᠭᠡ ᠴᠠᠷᠮᠠᠢ᠌ᠶ᠎ᠠ ᠭᠡᠵᠤ ᠭᠡᠯᠡᠭᠡᠤᠨ ᠪᠣᠯᠴᠢᠬᠠᠬᠤ ᠪᠢᠰᠢ᠃ ᠪᠣᠳᠤᠭᠠᠤᠨ ᠪᠣᠯᠴᠢᠬᠠᠬᠤ ᠪᠢᠰᠢ᠂ ᠪᠢᠳᠠ ᠪᠦᠭᠦᠢᠯᠡ ᠮᠤᠩᠭ᠋ᠤᠯᠴᠤᠳ ᠤᠨ ᠶᠢᠡᠨ ᠣᠶᠤᠨ ᠣᠬᠠᠭᠠᠨ ᠳᠤ ᠳᠦᠰᠢᠭᠯᠡᠨ ᠶᠠᠮᠠᠷ ᠨᠢᠭᠡᠨ ᠪᠦᠳᠦᠮᠵᠢᠳᠡᠢ ᠠᠷᠭ᠎ᠠ ᠶᠢ ᠰᠥᠪᠠᠭ᠍ᠴᠢᠯᠡᠵᠤ᠂ ᠣᠯᠠᠨ ᠶᠢᠡᠨ ᠳᠠᠢ᠌ᠴᠢᠯᠠᠨ ᠦᠨᠳᠦᠰᠦᠳᠠᠨ ᠶᠢᠡᠨ ᠭᠦᠴᠦᠷᠭᠡᠭ᠍ᠵᠢᠭᠦᠯᠭᠦ ᠪᠠᠷ ᠴᠠᠷᠮᠠᠢ᠌ᠬᠤ ᠭᠡᠷᠡᠭ᠍ᠳᠡᠢ᠃ ᠪᠢᠳᠠ ᠦᠪᠡᠷ ᠶᠢᠡᠨ ᠴᠢᠷᠮᠠᠢ᠌ᠬᠤ ᠪᠠᠷ ᠪᠠᠷᠠᠬᠤ ᠦᠭᠡᠶ ᠪᠠᠰᠠ ᠳᠡᠯᠡᠭᠡᠢ ᠶᠢᠨ ᠠᠯᠢᠪᠠ ᠭᠦᠴᠦᠷᠭᠡᠭ᠌ ᠭᠦᠴᠤᠨ ᠤ ᠰᠢᠯᠢᠳᠡᠭ᠌ ᠵᠣᠢ᠌ᠯ ᠢ ᠠᠮᠢᠳᠤᠯᠢᠭ ᠶᠢᠡᠷ ᠰᠤᠷᠤᠯᠴᠠᠵᠤ ᠴᠢᠳᠠᠬᠤ ᠭᠡᠷᠡᠭ᠍ᠳᠡᠢ᠃ ᠵᠢᠱᠢᠶᠠᠯᠠᠪᠠᠯ᠂ ᠭᠦᠮᠤᠨ ᠢ ᠰᠤᠴᠢᠭᠠᠮ᠎ᠠ ᠠᠮᠵᠢᠯᠳᠠ ᠲᠡᠶ ᠶᠠᠪᠣᠵᠤ ᠪᠠᠢ᠌ᠭ᠎ᠠ ᠢᠪᠷᠠᠢ᠌ᠴᠤᠳ ᠡᠴᠡ ᠪᠢᠳᠠ ᠶᠠᠭᠤ ᠰᠤᠷᠴᠤ ᠪᠣᠯᠬᠤ ᠪᠣᠢ ︖ ᠢᠪᠷᠠᠢ ᠦᠨᠳᠦᠰᠦᠳᠠᠨ ᠭᠦᠮᠤᠨ ᠠᠮᠠ ᠶᠢᠨ ᠳᠤᠭ᠎ᠠ ᠪᠠᠷ ᠮᠤᠩᠭ᠋ᠤᠯᠴᠤᠳ ᠲᠡᠶ ᠠᠳᠠᠯᠢᠪᠳᠤᠷ ᠪᠠᠢ᠌ᠵᠤ᠂ ᠡᠷᠳᠡ ᠣᠷᠢᠳᠤ ᠶᠢᠨ ᠴᠠᠭ ᠲᠤ ᠮᠠᠯᠵᠢᠬᠤ ᠠᠮᠢᠳᠤᠷᠠᠯ ᠭᠢᠵᠤ ᠪᠠᠢ᠌ᠵᠠᠢ᠃ ᠳᠡᠯᠡᠭᠡᠢ ᠶᠢᠨ ᠬᠤᠶᠠᠳᠤᠭᠠᠷ ᠳᠠᠢ᠌ᠨ ᠤ ᠦᠶ᠎ᠡ ᠳᠤ ᠭᠧᠷᠮᠡᠡᠴᠦᠳ ᠡᠴᠡ ᠢᠪᠷᠠᠢ᠌ᠴᠤᠳ ᠲᠤ ᠶᠡᠭᠡ ᠭᠢᠳᠤᠯᠭ᠎ᠠ ᠶᠠᠪᠣᠭᠤᠯᠵᠤ 600 ᠲᠦᠮᠡᠨ ᠢᠪᠷᠠᠢ ᠭᠦᠮᠤᠨ ᠢ ᠠᠯᠠᠭᠰᠠᠨ ᠡᠴᠡ ᠢᠪᠷᠠᠢ᠌ᠴᠤᠳ ᠳᠣᠢ᠌ᠯ ᠤᠨ ᠶᠡᠭᠡ ᠬᠤᠭᠢᠷᠠᠯ ᠠᠮᠰᠠᠭᠰᠠᠨ ᠪᠠᠢ᠌ᠨ᠎ᠠ᠃ ᠭᠡᠪᠠᠴᠤ ᠢᠪᠷᠠᠢ᠌ᠴᠤᠳ ᠭᠠᠢ᠌ᠬᠠᠮᠰᠢᠭᠳᠠᠢ ᠪᠠᠷ ᠭᠡᠳᠦᠭᠡᠨ ᠠᠷᠪᠠᠨ ᠵᠢᠯ ᠤᠨ ᠳᠤᠳᠤᠷ᠎ᠠ ᠭᠦᠮᠦᠰ ᠢ ᠰᠤᠴᠢᠭᠠᠮ᠎ᠠ ᠠᠮᠵᠢᠯᠳᠠ ᠪᠦᠳᠦᠭᠡᠯ ᠣᠯᠵᠤ ᠴᠢᠳᠠᠵᠠᠢ᠃ ᠡᠢ᠌ᠮᠤ ᠨᠢᠭᠡ ᠥᠭᠡ ᠶᠢ ᠰᠤᠨᠤᠰᠴᠤ ᠥᠩᠭᠡᠷᠡᠭ᠍ᠰᠡᠨ ᠪᠠᠢ᠌ᠬᠤ ᠡ ︕ 《ᠪᠦᠭᠦ ᠳᠡᠯᠡᠭᠡᠢ ᠶᠢᠨ 80% ᠵᠢᠨ ᠡᠳ᠋ ᠪᠠᠶᠠᠯᠢᠭ ᠠᠮᠸᠷᠢᠺᠠ ᠳᠤ ᠪᠠᠢ᠌ᠨ᠎ᠠ᠃ ᠠᠮᠸᠷᠢᠺᠠ ᠶᠢᠨ 80% ᠵᠢᠨ ᠡᠳ᠋ ᠪᠠᠶᠠᠯᠢᠭ ᠢᠪᠷᠠᠢ ᠭᠦᠮᠤᠨ ᠤ ᠭᠠᠷ ᠲᠤ ᠪᠠᠢ᠌ᠨ᠎ᠠ᠃ ᠡᠨᠡ ᠳᠡᠯᠡᠭᠡᠢ ᠶᠢ ᠡᠵᠡᠮᠰᠢᠵᠤ ᠪᠠᠢ᠌ᠭ᠎ᠠ ᠨᠢ ᠠᠮᠸᠷᠢᠺᠠ᠂ ᠠᠮᠸᠷᠢᠺᠠ ᠶᠢ ᠡᠵᠡᠮᠰᠢᠵᠤ ᠪᠠᠢ᠌ᠭ᠎ᠠ ᠨᠢ ᠢᠪᠷᠠᠢ ᠭᠦᠮᠤᠨ》 ᠭᠡᠳᠡᠭ᠌ ᠢ᠃ ᠠᠮᠸᠷᠢᠺᠠ ᠪᠣᠯᠤᠨ ᠢᠰᠸᠷᠯ ᠪᠣᠯ ᠢᠪᠷᠠᠢ᠌ᠴᠤᠳ ᠤᠨ ᠲᠦᠪᠯᠡᠷᠠᠵᠤ ᠪᠠᠢ᠌ᠭ᠎ᠠ ᠭᠠᠵᠠᠷ ᠮᠦᠨ᠃ ᠠᠮᠸᠷᠢᠺᠠ ᠶᠢᠨ ᠢᠪᠷᠠᠢ ᠭᠦᠮᠤᠨ ᠠᠮᠸᠷᠢᠺᠠ ᠶᠢᠨ ᠪᠦᠭᠦ ᠭᠦᠮᠤᠨ ᠠᠮᠠ ᠶᠢᠨ 2.3% ᠵᠢ ᠯᠠ ᠡᠵᠡᠯᠡᠵᠤ ᠪᠠᠢ᠌ᠨ᠎ᠠ᠃ ᠭᠡᠳᠡᠯ᠎ᠡ ᠶᠠᠭ ᠡᠳᠡᠭᠡᠷ ᠴᠥᠭᠡᠨ ᠳᠤᠭᠠᠨ ᠤ ᠢᠪᠷᠠᠢ ᠭᠦᠮᠤᠨ ᠨᠢᠭᠡ ᠭᠠᠷ ᠲᠤ ᠪᠠᠨ ᠠᠮᠸᠷᠢᠺᠠ ᠶᠢᠨ ᠣᠯᠤᠰ ᠲᠦᠷᠦ ᠶᠢ ᠠᠤᠠᠬᠤᠵᠤ᠂ ᠨᠥᠭᠦᠭᠡ ᠭᠠᠷ ᠲᠤ ᠪᠠᠨ ᠠᠮᠸᠷᠢᠺᠠ ᠶᠢᠨ ᠠᠵᠤ ᠠᠬᠤᠢ ᠶᠢ ᠠᠤᠠᠬᠤᠵᠤ᠂ ᠳᠠᠰ ᠡᠴᠡ ᠳᠠᠪᠠᠭᠰᠠᠨ ᠳᠤᠮᠤ ᠣᠯᠤᠰ ᠠᠮᠸᠷᠢᠺᠠ ᠶᠢ ᠡᠵᠡᠮᠰᠢᠵᠤ ᠪᠠᠢ᠌ᠬᠤ ᠶᠤᠮ ᠡ᠃ ᠢᠪᠷᠠᠢ᠌ᠴᠤᠳ ᠤᠨ ᠳᠤᠰᠠᠭᠠᠷ ᠳᠤᠭᠳᠠᠨᠢᠭᠰᠠᠨ ᠣᠯᠤᠰ ᠢᠰᠸᠷᠯ ᠣᠯᠤᠰ ᠨᠢ ᠴᠤ ᠴᠤᠷᠢ ᠶᠢᠨ ᠭᠠᠭᠴᠠ ᠡᠯᠡᠰᠤ ᠮᠠᠩᠬᠠᠨ ᠳᠡᠭᠡᠷᠡᠭᠢ ᠭᠦᠭ᠍ᠵᠢᠭ᠍ᠰᠡᠨ ᠣᠯᠤᠰ ᠪᠣᠯᠵᠤ᠂ ᠬᠠᠮᠤᠭ ᠤᠨ ᠪᠠᠭ᠎ᠠ ᠳᠠᠰ ᠡᠴᠡ ᠳᠠᠪᠠᠭᠰᠠᠨ ᠣᠯᠤᠰ ᠭᠡᠵᠤ ᠣᠯᠠᠨ ᠳᠤ ᠮᠡᠳᠡᠷᠡᠭ᠍ᠳᠡᠵᠤ ᠪᠠᠢ᠌ᠨ᠎ᠠ᠃

ᠢᠪᠷᠠᠢ ᠭᠦᠮᠤᠨ ᠶᠠᠭᠠᠭᠢᠭᠠᠤᠨ 《ᠡᠢ᠌ᠮᠤ ᠭᠦᠴᠦᠷᠭᠡᠭ᠌ ᠪᠠᠢ᠌ᠳᠠᠭ ᠪᠣᠢ ︖》 ᠭᠡᠪᠠᠯ᠂ ᠢᠪᠷᠠᠢ ᠭᠦᠮᠤᠨ ᠬᠠᠮᠢᠭ᠎ᠠ ᠪᠠᠢ᠌ᠭᠰᠠᠨ ᠴᠤ ᠦᠪᠡᠷ ᠤᠨ ᠣᠯᠤᠰ ᠦᠨᠳᠦᠰᠦᠳᠠᠨ ᠶᠢᠡᠨ ᠪᠣᠳᠤᠵᠤ᠂ ᠦᠪᠡᠷ ᠤᠨ ᠣᠯᠤᠰ ᠦᠨᠳᠦᠰᠦᠳᠠᠨ ᠤ ᠪᠠᠨ ᠳᠦᠯᠦᠭᠡ ᠥᠭᠦᠨ ᠴᠢᠷᠮᠠᠢ᠌ᠳᠠᠭ᠃ ᠳᠠᠳᠠ ᠨᠢᠭᠡ ᠨᠢ ᠭᠠᠷᠪᠠᠯ ᠨᠥᠭᠦᠭᠡ ᠪᠠᠨ ᠳᠠᠳᠠᠵᠤ᠂ ᠬᠤᠶᠠᠷ ᠨᠢ ᠭᠠᠷᠪᠠᠯ ᠨᠢᠭᠡ ᠪᠠᠨ ᠡᠷᠭᠦᠳᠡᠭ᠌᠃ ᠢᠪᠷᠠᠢ᠌ᠴᠤᠳ ᠶᠠᠭ ᠢᠩᠭᠢᠵᠤ ᠪᠦᠯᠭᠦᠮᠳᠡᠨ ᠴᠢᠷᠮᠠᠢ᠌ᠳᠠᠭ ᠡᠴᠡ ᠭᠦᠮᠤᠨ ᠢ ᠰᠤᠴᠢᠭᠠᠮ᠎ᠠ ᠠᠮᠵᠢᠯᠳᠠ ᠣᠯᠵᠤ ᠴᠢᠳᠠᠳᠠᠭ᠃ 2004 ᠣᠨ ᠪᠣᠯᠳᠠᠯ᠎ᠠ 167 ᠢᠪᠷᠠᠢ ᠭᠦᠮᠤᠨ ᠨᠤᠫᠧᠯ ᠤᠨ ᠱᠠᠩᠨᠠᠯ ᠭᠦᠷᠳᠡᠵᠤ᠂ ᠡᠨᠡ ᠨᠢ ᠪᠦᠭᠦᠢᠯᠡ ᠨᠤᠪᠧᠯ ᠤᠨ ᠱᠠᠩᠨᠠᠯ ᠤᠨ 1/4 ᠵᠢ ᠡᠵᠡᠯᠡᠵᠤ ᠪᠠᠢ᠌ᠨ᠎ᠠ᠃ ᠢᠪᠷᠠᠢ᠌ᠴᠤᠳ ᠤᠨ ᠰᠢᠳᠠᠷᠠᠰᠢ ᠦᠭᠡᠶ ᠴᠢᠷᠮᠠᠢ᠌ᠳᠠᠭ ᠵᠤᠷᠢᠭ ᠰᠠᠨᠠᠭ᠎ᠠ᠂ ᠣᠯᠤᠰ ᠦᠨᠳᠦᠰᠦᠳᠠᠨ ᠳᠡᠭᠡᠨ ᠬᠠᠠᠳᠤᠭᠰᠠᠨ ᠬᠠᠢ᠌ᠷ᠎ᠠ ᠰᠡᠳᠬᠢᠯᠭᠡ ᠪᠣᠯ ᠮᠠᠨ ᠤ ᠰᠤᠷᠤᠯᠴᠠᠬᠤ ᠴᠢᠬᠤᠯᠠ ᠲᠡᠶ ᠵᠣᠢ᠌ᠯ ᠮᠦᠨ᠃ ᠡᠨᠡ ᠮᠠᠳᠤ ᠪᠠᠷ ᠮᠠᠨ ᠤ ᠪᠣᠰᠤᠳ ᠡᠴᠡ ᠰᠤᠷᠤᠯᠴᠠᠬᠤ ᠴᠢᠬᠤᠯᠠ ᠲᠡᠶ ᠵᠣᠢ᠌ᠯᠠᠰ ᠲᠤᠩ ᠣᠯᠠᠨ ᠪᠠᠢ᠌ᠬᠤ ᠶᠤᠮ ᠡ᠃ 《ᠳᠤᠰᠤᠯ ᠬᠤᠷᠠᠪᠠᠯ ᠳᠠᠯᠠᠢ ᠪᠣᠯᠤᠨ᠎ᠠ》 ᠭᠡᠳᠡᠭ᠌ ᠶᠢᠡᠷ ᠭᠡᠷᠪᠡ ᠨᠢᠭᠡ ᠳᠤᠰᠤᠯ ᠠᠪᠴᠤ ᠪᠣᠯᠬᠤ ᠵᠣᠢ᠌ᠯ ᠪᠠᠢ᠌ᠬᠤ ᠳᠤ ᠯᠠ ᠭᠦᠷᠪᠠᠯ ᠪᠢᠳᠠ ᠳᠡᠭᠦᠨ ᠶᠢᠡᠷ ᠰᠢᠮ᠎ᠠ ᠳᠡᠵᠡᠭᠡᠯ ᠪᠣᠯᠭᠠᠵᠤ ᠦᠨᠳᠦᠰᠦᠳᠠᠨ ᠤ ᠪᠠᠨ ᠢᠷᠡᠭᠡᠳᠦᠢ ᠶᠢᠨ ᠳᠦᠯᠦᠭᠡ ᠴᠢᠷᠮᠠᠢ᠌ᠬᠤ ᠭᠡᠷᠡᠭ᠍ᠳᠡᠢ᠃

ᠮᠤᠩᠭ᠋ᠤᠯᠴᠤᠳ ᠡ ︕ ᠮᠤᠩᠭ᠋ᠤᠯ ᠦᠨᠳᠦᠰᠦᠳᠠᠨ ᠪᠣᠯ ᠶᠠᠭᠤᠮ᠎ᠠ ᠪᠦᠳᠦᠭᠡᠵᠤ ᠴᠢᠳᠠᠳᠠᠭ ᠳᠠᠯᠳᠠ ᠭᠦᠴᠤᠨ ᠲᠡᠶ ᠦᠨᠳᠦᠰᠦᠳᠠᠨ ᠮᠦᠨ᠃ ᠮᠤᠩᠭ᠋ᠤᠯ ᠨᠤᠳᠤᠭ ᠪᠣᠯ ᠦᠨᠢᠷ ᠶᠡᠭᠡ ᠡᠭᠢ ᠪᠠᠶᠠᠯᠢᠭ ᠲᠡᠶ ᠨᠤᠳᠤᠭ ᠮᠦᠨ᠃ ᠭᠠᠭᠴᠠᠬᠦ ᠮᠤᠩᠭ᠋ᠤᠯᠴᠤᠳ ᠭᠦᠮᠤᠨ ᠨᠢᠭᠡᠪᠦᠷᠢ ᠴᠠᠷᠮᠠᠢ᠌ᠬᠤ ᠳᠤ ᠯᠠ ᠭᠦᠷᠪᠠᠯ ᠮᠤᠩᠭ᠋ᠤᠯ ᠦᠨᠳᠦᠰᠦᠳᠠᠨ ᠤ ᠢᠷᠡᠭᠡᠳᠦᠢ ᠭᠡᠭᠡᠨ ᠰᠠᠷᠠᠭᠤᠯ ᠪᠣᠯᠬᠤ ᠨᠢ ᠯᠠᠪᠳᠠᠢ ᠭᠡᠳᠡᠭ᠌ ᠢ ᠪᠠᠳᠤ ᠢᠳᠡᠭᠡᠵᠤ ᠴᠢᠷᠮᠠᠢ᠌ᠵᠠᠭᠠᠶ᠎ᠠ ︕


ᠵᠡᠭᠦᠯᠳᠡ ᠄

① ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠠᠯᠪᠠᠨ ᠵᠢᠷᠤᠮ ᠤᠨ ᠰᠤᠷᠭᠠᠨ ᠭᠦᠮᠦᠵᠢᠯ ᠤᠨ ᠳᠤᠷᠰᠢᠯᠳᠠ ᠶᠢᠨ ᠰᠤᠷᠬᠤ ᠪᠢᠴᠢᠭ᠌ 《ᠮᠤᠩᠭ᠋ᠤᠯ ᠦᠨᠳᠦᠰᠦᠳᠠᠨ ᠤ ᠳᠡᠦᠭᠡ》 ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ

② ᠮᠤᠩᠭ᠋ᠤᠯ ᠰᠤᠶᠤᠯ ᠤᠨ ᠴᠤᠪᠣᠷᠠᠯ ᠪᠢᠴᠢᠭ᠌ 《ᠮᠤᠩᠭ᠋ᠤᠯ ᠰᠤᠶᠤᠯ ᠤᠨ ᠳᠡᠯᠭᠡᠷ ᠬᠠᠷᠠᠭ᠎ᠠ》 ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ


ᠵᠤᠬᠢᠶᠠᠭᠴᠢ ᠶᠢᠨ ᠬᠠᠶ‍ᠢᠭ ᠄ ᠯᠢᠠᠲᠦᠩ ᠤᠨ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ


ᠵᠤᠬᠢᠶᠠᠭᠴᠢ᠄ ᠰᠠᠢ᠌ᠨᠪᠠᠶᠠᠷ
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 7413
ᠴᠠᠭ᠄ 2011 ᠤᠨ ᠤ 11 ᠰᠠᠷ᠎ᠠ ᠶᠢᠨ 27