ᠵᠠᠭᠤᠨ ᠤ ᠠᠭᠤᠯᠵᠠᠷ ᠳᠡᠭᠡᠷ᠎ᠡ ᠣᠩᠰᠢᠬᠤ ᠰᠢᠯᠦᠭ᠌

ᠡᠯᠦᠡᠴᠡ ᠳᠡᠭᠡᠳᠤ ᠶᠢᠨ ᠮᠢᠨᠢ

ᠰᠠᠭᠠᠳᠠᠭ ᠨᠤᠮᠤ ᠠᠭᠰᠠᠵᠤ ᠶᠠᠪᠣᠭᠰᠠᠨ ᠳᠡᠦᠭᠡ ᠡᠴᠠ

ᠡᠮᠧ ᠶᠢᠨ ᠮᠢᠨᠢ

ᠰᠠᠭᠠᠯᠢ ᠲᠡᠶ ᠬᠤᠷᠮᠤᠢ ᠶᠢᠨ ᠰᠡᠵᠢᠭᠦᠷ ᠭᠦᠷᠳᠡᠯᠡᠭᠢ

ᠡᠨᠡ ᠬᠠᠯᠠᠭᠤᠨ ᠠᠮᠢᠨ ᠤ ᠪᠦᠯᠢᠶᠡᠨ ᠰᠢᠷᠤᠢ ᠶᠢ

ᠦᠪᠣᠷ ᠮᠤᠩᠭ᠋ᠤᠯ ᠭᠡᠳᠡᠭ᠌᠃

ᠭᠦᠡᠳᠤ ᠶᠠᠰᠤ ᠲᠡᠶ ᠳᠡᠭᠡᠳᠦᠰ ᠢ ᠮᠢᠨᠢ

ᠠᠴᠢᠵᠤ ᠳᠠᠭᠠᠭᠠᠭᠰᠠᠨ

ᠭᠦᠯᠦᠭ᠌ ᠮᠤᠷᠢᠳ ᠤᠨ ᠳᠤᠭᠤᠷᠠᠢ ᠶᠢᠨ ᠣᠷᠤᠮ ᠲᠡᠶ

ᠠᠴᠢᠳᠤ ᠭᠠᠵᠠᠷ ᠢ

ᠭᠦᠭᠡᠮᠳᠦᠭ᠌ ᠳᠡᠭ᠍ᠷᠢ ᠮᠠᠯᠮᠠᠢ ᠳᠡᠭᠡᠨ ᠪᠠᠭᠳᠠᠭᠠᠭᠰᠠᠨ

ᠭᠦᠭᠡ ᠮᠤᠩᠭ᠋ᠤᠯ ᠤᠨ ᠣᠷᠤᠨ ᠭᠡᠳᠡᠭ᠌᠃

ᠦᠷᠯᠦᠭ᠌ ᠡᠨᠡ ᠭᠠᠵᠠᠷ ᠣᠰᠤᠨ ᠤ ᠪᠠᠨ ᠠᠯᠠᠭᠠᠨ ᠳᠡᠭᠡᠷ᠎ᠡ

ᠥᠪᠯᠡᠭᠦ ᠶᠠᠭᠤᠮ᠎ᠠ ᠲᠡᠶ᠂ ᠥᠮᠴᠢᠯᠡᠭᠦ ᠡᠷᠭᠡ ᠲᠡᠶ

ᠦᠪᠡᠷ ᠶᠢᠡᠨ ᠪᠢ ᠠᠷᠠᠤᠨ ᠲᠦᠮᠡᠨ ᠤ ᠭᠢᠨᠢ ᠡᠰ᠃

ᠵᠢᠷᠭᠠᠬᠤ ᠵᠤᠪᠠᠬᠤ ᠶᠢᠨ ᠪᠦᠭᠡ ᠴᠠᠯᠮ᠎ᠠ ᠳᠤ

ᠵᠠᠢ ᠦᠭᠡᠶ ᠭᠦᠯᠢᠭ᠍ᠳᠡᠭ᠍ᠰᠡᠨ ᠢᠷᠠᠭᠤ ᠨᠠᠢ᠌ᠷᠠᠭᠴᠢ ᠶᠢᠨ ᠭᠢᠨᠢ ᠨᠢᠭᠡᠨ᠃

ᠭᠡᠯᠡᠵᠤ ᠴᠢᠳᠠᠭᠠᠤᠨ ᠭᠢᠵᠤ ᠴᠢᠳᠠᠭᠠᠳᠤᠢ

ᠭᠡᠯᠪᠢᠷᠡᠵᠤ ᠳᠠᠪᠭᠢᠳᠠᠭ ᠮᠤᠩᠭ᠋ᠤᠯ ᠭᠦᠮᠤᠨ ᠤ ᠳᠦᠷᠢ᠃

ᠭᠡᠯᠡᠭᠡᠢ ᠰᠠᠯᠭᠢᠨ ᠳᠤ ᠠᠯᠳᠠᠵᠤ ᠶᠠᠪᠣᠭᠤᠯᠤᠭᠰᠠᠨ ᠥᠭᠡᠨ ᠤ ᠪᠠᠨ ᠲᠦᠯᠦᠭᠡ

ᠭᠡᠴᠢᠨᠡᠨ ᠵᠠᠭᠤᠨ ᠦᠯᠳᠤᠷᠠᠳᠠᠯ᠎ᠠ ᠣᠷᠪᠠᠭᠤᠯᠤᠭᠰᠠᠨ ᠳᠡᠦᠭᠡ ᠶᠢᠨ ᠬᠠᠭᠤᠳᠠᠰᠤ᠃

ᠳᠠᠢ᠌ᠮᠤ ᠡ᠂

ᠰᠤᠷᠤᠯᠭ᠎ᠠ ᠪᠠᠨ ᠳᠤᠳᠠᠭᠤ ᠬᠠᠶᠠᠭᠠᠤᠨ ᠪᠣᠴᠠᠵᠠᠭᠠᠭᠰᠠᠨ

ᠬᠡᠦᠬᠡᠳ ᠤᠳ ᠤᠨ ᠮᠢᠨᠢ ᠳᠤᠭᠤᠯᠠᠩ ᠨᠢᠯᠪᠣᠰᠤ

ᠨᠠᠮᠢ᠋ᠢ ᠮᠥᠯᠢ᠌ᠯᠭᠡᠭ᠍ᠰᠡᠨ᠃

ᠰᠤᠶᠤᠯ ᠶᠢᠡᠨ ᠰᠤᠬᠤᠷ ᠵᠤᠭᠤᠰ ᠤᠨ ᠳᠠᠳᠤᠢ ᠰᠠᠨᠠᠭ᠎ᠠ ᠦᠭᠡᠶ

ᠭᠦᠮᠦᠰ ᠤᠨ ᠭᠢᠨ ᠬᠠᠢ᠌ᠷᠭᠤ ᠰᠢᠭ ᠥᠭᠡ

ᠨᠠᠮᠢ᠋ᠢ ᠢᠷᠯᠡᠭ᠍ᠰᠡᠨ᠃

ᠮᠤᠬᠤᠭᠠᠬᠤ ᠢᠷᠯᠡᠭᠦ ᠶᠢᠨ ᠳᠤᠮᠳᠠ ᠪᠢ ᠰᠠ‍‌ᠶᠢ

ᠮᠤᠩᠭ᠋ᠤᠯ ᠤᠨ ᠶᠢᠡᠨ ᠶᠠᠭᠤ ᠪᠦᠭᠦᠨ ᠳᠤ ᠬᠠᠢ᠌ᠷᠠᠳᠠᠢ ᠪᠣᠯᠤᠭᠰᠠᠨ᠃

ᠮᠤᠷᠢ ᠪᠠᠷ ᠭᠦᠷᠦᠭᠡᠳᠦᠢ ᠳᠡᠯᠡᠭᠡᠢ ᠶᠢᠨ ᠵᠠᠢ ᠳᠤ

ᠰᠤᠶᠤᠯ ᠶᠢᠡᠷ ᠭᠦᠷᠴᠤ ᠭᠠᠢ᠌ᠬᠠᠭᠳᠠᠬᠤ ᠶᠢ ᠰᠠᠨᠠᠳᠠᠭ ᠪᠣᠯᠤᠭᠰᠠᠨ᠃

ᠡᠨᠡ ᠦᠨᠡᠨ ᠊᠊᠊᠊᠊᠊᠊᠊᠊᠊᠊᠊᠊᠊᠊

ᠡᠰ ᠥᠭᠦᠵᠤ ᠴᠢᠰᠤ ᠬᠠᠳᠠᠬᠤ

ᠡᠴᠦᠰ ᠰᠡᠭᠦᠯ ᠤᠨ ᠥᠭᠦᠯ ᠰᠢᠭ᠌ ᠦᠨᠡᠨ ︕

ᠳᠦᠭᠦᠭᠡᠢ ᠪᠣᠯᠤᠳ ᠰᠢᠭ ᠡᠷᠡᠰᠭᠡᠨ ᠵᠠᠩ ᠲᠡᠶ ᠡᠪᠦᠭᠡᠳ ᠤᠨ ᠶᠢᠡᠨ

ᠳᠡᠦᠭᠡᠴᠢᠯᠡᠵᠤ ᠶᠠᠪᠣᠭᠰᠠᠨ ᠡᠨᠡ ᠯᠠ ᠭᠡᠰᠢᠭ᠍ᠳᠤ ᠭᠠᠵᠠᠷ ᠳᠡᠭᠡᠷ᠎ᠡ

ᠪᠣᠳᠤᠵᠤ ᠰᠠᠭᠤᠬᠤ ᠪᠠᠷ ᠭᠢᠵᠤ ᠪᠦᠳᠦᠭᠡᠶ᠎ᠡ ᠭᠡᠮᠡᠨ

ᠪᠣᠷᠤᠬᠠᠨ ᠵᠢᠷᠦᠭᠡ ᠪᠠᠨ ᠰᠢᠨᠠᠯᠭᠠᠵᠤ ᠠᠮᠢᠳᠤᠷᠠᠬᠤ ᠮᠢᠨᠢ ᠣᠴᠢᠷᠳᠠᠢ᠃

ᠡᠯᠦᠡᠴᠡ ᠳᠡᠭᠡᠳᠤ ᠶᠢᠨ ᠮᠢᠨᠢ

ᠰᠠᠯᠭᠢᠯᠠᠵᠤ ᠥᠩᠭᠡᠷᠡᠭ᠍ᠰᠡᠨ ᠳᠡᠦᠭᠡ ᠶᠢᠨ ᠳᠡᠷᠳᠡᠭᠡ ᠡᠴᠠ

ᠡᠭᠡ ᠣᠷᠤᠨ ᠤ ᠮᠢᠨᠢ

ᠰᠠᠷᠠ ᠨᠠᠷᠠ ᠲᠡᠶ ᠳᠡᠭ᠍ᠷᠢ ᠶᠢᠨ ᠭᠢᠵᠠᠭᠠᠷ ᠭᠦᠷᠳᠡᠯᠡᠭᠢ

ᠡᠨᠡ ᠠᠷᠢᠭᠤᠨ ᠰᠤᠶᠤᠯ ᠤᠨ ᠬᠠᠯᠠᠭᠤᠨ ᠰᠢᠯᠦᠭ᠌ ᠶᠢᠡᠨ

ᠡᠭᠡ ᠪᠣᠯᠤᠭᠰᠠᠨ ᠦᠪᠣᠷ ᠮᠤᠩᠭ᠋ᠤᠯ ᠳᠠᠨ ᠳᠠᠭᠠᠨ ᠪᠠᠷᠢᠶ᠎ᠠ ︕


ᠵᠤᠬᠢᠶᠠᠭᠴᠢ ᠶᠢᠨ ᠬᠠ‍‌ᠶᠢᠭ ᠄ ᠪᠠᠷᠠᠭᠤᠨ ᠦᠵᠤᠮᠤᠴᠢᠨ

ᠵᠤᠬᠢᠶᠠᠭᠴᠢ᠄ ᠭᠤ᠋·ᠪᠠᠳᠤᠬᠤᠶᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1329
ᠴᠠᠭ᠄ 2012 ᠤᠨ ᠤ 12 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁