ᠡᠵᠢ ᠶᠢᠨ ᠮᠢᠨᠢ ᠬᠠᠢ᠌ᠷ᠎ᠠ

ᠭᠡᠷ ᠲᠡᠭᠡᠨ ᠬᠠᠷᠢᠵᠤ ᠡᠵᠢ ᠪᠠᠨ ᠡᠷᠭᠢᠨ ᠥᠵᠡᠭᠦ ᠪᠣᠯᠭᠠᠨ ᠵᠢᠷᠦᠭᠡ ᠰᠡᠳᠭᠢᠯ ᠮᠢᠨᠢ ᠦᠪᠡᠷ ᠤᠨ ᠡᠷᠭᠡ ᠦᠭᠡᠶ ᠡᠪᠠᠦᠡᠭᠦ ᠪᠣᠯᠴᠢᠬᠠᠯ᠎ᠠ᠃ ᠡᠵᠢ ᠮᠢᠨᠢ ᠢᠯᠠᠳᠳᠠ ᠥᠳᠡᠯᠴᠢᠭᠡᠵᠡᠢ᠃ ᠮᠠᠩᠨᠠᠢ ᠳᠦᠭᠦᠷᠡᠩ ᠦᠷᠴᠢᠯᠡᠭᠡᠰᠤ᠂ ᠳᠤᠯᠤᠭᠠᠢ ᠳᠦᠭᠦᠷᠦᠮ᠎ᠡ ᠴᠠᠭᠠᠨ ᠦᠰᠦ ᠶᠢ ᠨᠢ ᠬᠠᠷᠠᠭᠠᠤᠨ ᠨᠢᠳᠤ ᠮᠢᠨᠢ ᠬᠠᠯᠢᠷᠠᠭᠠᠤᠨ ᠪᠠᠢ᠌ᠬᠤ ᠶᠤᠮ᠃ ᠡᠵᠢ ᠶᠢᠨ ᠮᠢᠨᠢ ᠦᠷᠴᠢᠯᠡᠭᠡᠰᠤ ᠪᠣᠯᠭᠠᠨ ᠦᠷ᠎ᠡ ᠪᠢᠳᠠ ᠤ ᠲᠦᠯᠦᠭᠡ ᠵᠢᠦᠡᠭᠦᠭ᠍ᠰᠡᠨ ᠤ ᠬᠠᠳᠠᠭᠤ ᠭᠡᠷᠡᠴᠢ᠃ ᠵᠠᠵᠢᠨ ᠴᠠᠭᠠᠨ ᠦᠰᠦ ᠪᠦᠭᠦᠨ ᠨᠢ ᠦᠷ᠎ᠡ ᠪᠢᠳᠠᠨ ᠤ ᠲᠦᠯᠦᠭᠡ ᠵᠤᠪᠠᠭᠰᠠᠨ ᠤ ᠵᠠᠢ᠌ᠢᠯᠠᠰᠢ ᠦᠭᠡᠶ ᠦᠷ᠎ᠡ ᠰᠢᠯᠳᠠᠭᠠᠨ ᠶᠤᠮ᠃ ᠡᠵᠢ ᠮᠢᠨᠢ ᠳᠡᠩᠳᠡᠭᠦᠤ ᠶᠠᠳᠠᠵᠤ ᠢᠷᠠᠯ᠎ᠠ᠃ ᠡᠵᠢ ᠳᠡᠭᠡᠨ ᠪᠢ ᠦᠷᠢ ᠲᠡᠶ᠂ ᠡᠨᠡᠭᠡᠨ ᠨᠠᠰᠤᠨ ᠲᠠᠭᠠᠨ ᠬᠠᠷᠢᠭᠤᠯᠵᠤ ᠳᠠᠭᠤᠰᠬᠤ ᠦᠭᠡᠶ᠃ ᠡᠵᠢ ᠳᠡᠭᠡᠨ ᠪᠢ ᠬᠠᠢ᠌ᠢᠷᠠᠳᠠᠢ᠂ ᠡᠵᠢ ᠶᠢᠨ ᠮᠢᠨᠢ ᠬᠠᠢ᠌ᠢᠷ᠎ᠠ ᠥ ᠰᠠᠪ ᠦᠭᠡᠶ᠂ ᠡᠷᠭᠢᠵᠤ ᠬᠤᠪᠢᠷᠠᠬᠤ ᠶ‍ᠢᠷᠳᠢᠠᠴᠤ ᠳᠤ ᠦᠨᠢᠳᠠ ᠮᠥᠩᠭᠡᠷᠡᠭᠦ ᠶᠤᠰᠤ ᠲᠡᠶ᠃

《ᠥᠪᠠᠷᠳᠡᠭᠡᠨ ᠦᠷ᠎ᠡ ᠬᠡᠦᠬᠡᠳ ᠲᠡᠶ ᠪᠣᠯᠪᠠᠯ ᠰᠠ‍‌ᠶᠢ ᠡᠵᠢ ᠭᠦᠮᠤᠨ ᠤ ᠬᠠᠢ᠌ᠷ᠎ᠠ ᠶᠠᠮᠠᠷ ᠭᠡᠳᠡᠭ᠌ ᠢ ᠣᠢ᠌ᠢᠯᠭᠠᠬᠤ ᠶᠤᠮ》 ᠭᠡᠵᠤ ᠠᠢ᠌ᠯ ᠤᠨ ᠡᠪᠦᠭᠡᠳ ᠨᠠᠰᠤᠳᠠᠤᠨ ᠶᠠᠷᠢᠵᠤ ᠪᠠᠢ᠌ᠬᠤ ᠶᠢ ᠰᠤᠨᠤᠰᠤᠭᠠᠤᠨ ᠪᠠᠢ᠌ᠬᠤ ᠳᠠᠭᠠᠨ ᠳᠠᠮᠠᠢ ᠴᠤ ᠢᠳᠡᠭᠡᠵᠤ ᠶᠠᠳᠠᠵᠤ ᠪᠠᠢ᠌ᠢᠭᠰᠠᠨ᠃ ᠭᠡᠪᠠᠴᠤ ᠪᠢ ᠣᠳᠤ ᠦᠪᠡᠷ ᠶᠢᠡᠨ ᠭᠡᠦᠭᠡᠨ ᠲᠡᠶ ᠪᠣᠯᠤᠭᠰᠠᠨ ᠡᠴᠡ ᠨᠠᠰᠢ ᠡᠵᠢ ᠭᠦᠮᠤᠨ ᠤ ᠬᠠᠢ᠌ᠢᠷ᠎ᠠ ᠭᠡᠳᠡᠭ᠌ ᠶᠠᠮᠠᠷ ᠵᠡᠷᠭᠡ ᠶᠢᠨ ᠡᠨᠡᠷᠢᠯ᠂ ᠵᠥᠭᠡᠯᠡᠨ ᠭᠡᠳᠡᠭ᠌ ᠢ ᠣᠢ᠌ᠢᠯᠭᠠᠭᠰᠠᠨ ᠶᠤᠮ ᠡ᠃ ᠨᠢᠭᠡᠨ ᠣᠳᠠᠭ᠎ᠠ ᠰᠠᠢ᠌ᠨ ᠨᠠᠢ᠌ᠵᠠ ᠮᠢᠨᠢ ᠣᠳᠠᠰᠤ ᠢᠷᠡᠭᠦᠯᠦᠭᠡᠳ ᠭᠡᠷᠭᠡᠢ ᠲᠡᠶ ᠪᠠᠨ ᠣᠷᠤᠭ ᠰᠠᠯᠬᠤ ᠪᠣᠯᠤᠯ᠎ᠠ ᠭᠡᠰᠡᠨ ᠢ ᠰᠤᠨᠤᠰᠤᠭᠠᠤᠨ ᠵᠢᠷᠦᠭᠡ ᠮᠢᠨᠢ ᠨᠢᠭᠡ ᠯᠠ ᠡᠪ ᠦᠭᠡᠶ ᠪᠣᠯᠴᠢᠬᠠᠭᠰᠠ᠃ ᠣᠴᠢᠷ ᠨᠢ ᠳᠡᠭᠦᠨ ᠤ ᠭᠡᠦᠭᠡᠨ ᠨᠢ ᠰᠠ‍‌ᠶᠢ ᠳᠠᠪᠣᠬᠠᠨ ᠰᠠᠷ᠎ᠠ ᠲᠡᠶ᠃ ᠭᠡᠦᠭᠡᠨ ᠢ ᠨᠢ ᠦᠷᠤ ᠡᠪᠠᠳᠦᠭᠡᠳ ᠯᠠ ᠨᠢᠯᠪᠣᠰᠤ ᠮᠢᠨᠢ ᠪᠦᠮᠪᠦᠷᠢᠭᠦ ᠰᠢᠬᠠᠭᠰᠠᠨ᠃ ᠭᠦᠮᠤᠨ ᠤ ᠦᠷ᠎ᠡ ᠪᠣᠯᠤᠭᠰᠠᠨ ᠴᠤ ᠮᠢᠨᠤ ᠭᠡᠦᠭᠡᠨ ᠲᠡᠶ ᠠᠳᠠᠯᠢᠬᠠᠨ ᠨᠢᠯᠬ᠎ᠠ ᠪᠠᠭ᠎ᠠ ᠨᠠᠰᠤ᠃ ᠡᠵᠢ ᠠᠪᠣ ᠶᠢᠨ ᠶᠢᠨ ᠡᠯᠢᠭᠡᠨ ᠳᠤ ᠪᠦᠪᠠᠢ᠌ᠢᠯᠡᠭ᠍ᠳᠡᠨ᠂ ᠢᠨᠢᠶᠠᠳᠤ ᠪᠢᠯᠬᠠᠨ ᠥᠰᠭᠦ ᠶᠤᠰᠤᠳᠠᠢ ᠭᠡᠵᠤ ᠪᠣᠳᠤᠬᠤ ᠳᠤᠳᠤᠮ ᠨᠣᠢ᠌ᠷ ᠭᠦᠷᠭᠦ ᠦᠭᠡᠶ ᠣᠷᠪᠠᠵᠤ ᠭᠦᠷᠪᠠᠭᠦ ᠳᠡᠭᠡᠨ᠂ ᠡᠵᠢ ᠮᠢᠨᠢ ᠳᠦᠷᠪᠠᠨ ᠬᠡᠦᠬᠡᠳ ᠲᠡᠶ᠂ ᠡᠵᠢ ᠶᠢᠨ ᠮᠢᠨᠢ ᠵᠢᠷᠦᠭᠡ ᠦᠷ᠎ᠡ ᠪᠢᠳᠠᠨ ᠤ ᠲᠦᠯᠦᠭᠡ ᠭᠡᠴᠢᠨᠡᠨ ᠣᠳᠠᠭ᠎ᠠ ᠰᠢᠮᠰᠢᠷᠠᠨ ᠡᠪᠠᠳᠦᠭ᠍ᠰᠡᠨ ᠪᠢᠯᠢᠤ ︖ ᠭᠡᠳᠡᠯ᠎ᠡ ᠦᠷ᠎ᠡ ᠴᠢᠨᠢ ᠮᠢᠨᠤ ᠰᠡᠳᠭᠢᠯ ᠡᠵᠢ ᠶᠢᠨ ᠲᠦᠯᠦᠭᠡ ᠭᠡᠳᠤ ᠣᠳᠠᠭ᠎ᠠ ᠰᠢᠮᠰᠢᠷᠡᠭ᠍ᠰᠡᠨ ᠣᠳᠠᠭ᠎ᠠ ᠪᠠᠢ᠌ᠬᠤ ᠦᠭᠡᠶ ᠰᠢᠭ᠌ ᠭᠡᠵᠤ ᠪᠣᠳᠤᠬᠤ ᠳᠤᠳᠤᠮ᠂ ᠨᠢᠯᠪᠣᠰᠤ ᠮᠢᠨᠢ ᠦᠪᠡᠷ ᠤᠨ ᠡᠷᠭᠡ ᠦᠭᠡᠶ ᠪᠦᠮᠪᠦᠷᠢᠯ᠎ᠡ᠃ ᠭᠦᠮᠤᠨ ᠤ ᠦᠷ᠎ᠡ ᠶᠢ ᠬᠠᠷᠠᠭᠰᠠᠨ ᠴᠤ ᠦᠷ᠎ᠡ ᠪᠠᠨ ᠭᠡᠵᠤ ᠪᠣᠳᠤᠵᠤ ᠶᠠᠪᠣᠳᠠᠭ ᠡᠵᠢ ᠭᠦᠮᠤᠨ ᠤ ᠬᠠᠢ᠌ᠷ᠎ᠠ ᠠᠭᠤᠤ ᠶᠡᠭᠡ᠃ ᠦᠷ᠎ᠡ ᠶᠢᠨ ᠲᠦᠯᠦᠭᠡ ᠯᠠ ᠭᠡᠵᠤ ᠳᠠᠮᠠᠤᠯᠵᠤ ᠶᠠᠪᠣᠳᠠᠭ ᠡᠵᠢ ᠮᠢᠨᠢ ᠪᠣᠷᠬᠠᠨ ᠰᠡᠳᠭᠢᠯ ᠲᠡᠶ ᠭᠡᠳᠡᠭ᠌ ᠶᠢ ᠪᠢ ᠣᠢ᠌ᠯᠭᠠᠬᠤ ᠶᠤᠰᠤᠳᠠᠢ ︕

ᠡᠵᠢ ᠶᠢᠨ ᠮᠢᠨᠢ ᠵᠢᠷᠦᠭᠡ ᠳᠠᠮᠤᠷ ᠶᠢᠡᠷ ᠪᠦᠳᠦᠭ᠍ᠰᠡᠨ ᠪᠢᠰᠢ᠂ ᠡᠵᠢ ᠶᠢᠨ ᠮᠢᠨᠢ ᠵᠢᠷᠦᠭᠡ ᠭᠡᠴᠢᠨᠡᠨ ᠣᠳᠠᠭ᠎ᠠ ᠰᠢᠮᠰᠢᠷᠠᠨ ᠡᠪᠠᠦᠡᠭᠦ ᠶᠢ ᠳᠡᠰᠭᠦ ᠪᠢᠯᠠ᠃ ᠡᠵᠢ ᠳᠡᠭᠡᠨ ᠪᠢᠳᠠ ᠣᠰᠤᠯᠳᠠᠵᠤ ᠶᠠᠪᠣᠬᠤ ᠶᠤᠰᠤ ᠦᠭᠡᠶ᠂ ᠡᠵᠢ ᠪᠠᠨ ᠪᠢᠳᠠ ᠵᠤᠪᠠᠭᠠᠵᠤ ᠶᠠᠪᠣᠪᠠᠯ ᠳᠡᠭ᠍ᠷᠢ ᠳᠤᠯᠤᠮ᠎ᠠ ᠶᠠᠯ᠎ᠠ ᠭᠢᠯ᠎ᠠ ᠭᠡᠵᠤ ᠯᠠ ᠮᠠᠳᠠ᠃

ᠡᠳᠦᠷ ᠪᠣᠯᠭᠠᠨ ᠠᠯᠪᠠᠨ ᠰᠢᠷᠡᠭᠡᠨ ᠳᠤ ᠰᠠᠭᠤᠭᠠᠤᠨ ᠣᠯᠤᠰ ᠤᠨ ᠦᠨᠳᠦᠷ ᠴᠠᠯᠢᠩ ᠶᠢ ᠡᠳ᠋ᠯᠡᠵᠤ ᠶᠠᠪᠣᠬᠤ ᠳᠠᠭᠠᠨ ᠡᠵᠢ ᠳᠡᠭᠡᠨ ᠪᠢ ᠳᠠᠯᠠᠷᠬᠠᠬᠤ ᠶᠤᠰᠤᠳᠠᠢ᠃ ᠡᠵᠢ ᠮᠢᠨᠢ ᠭᠡᠷᠪᠡ ᠭᠦᠴᠢᠷ ᠵᠤᠪᠠᠭᠤᠷᠢ ᠶᠢ ᠬᠠᠢ᠌ᠬᠤᠷᠤᠯ ᠦᠭᠡᠶ᠂ ᠪᠢᠴᠢᠭ᠌ ᠨᠤᠮ ᠤᠨ ᠵᠠᠮ ᠢ ᠭᠦᠭᠡᠭᠡᠯᠭᠡᠭ᠍ᠰᠡᠨ ᠦᠭᠡᠶ ᠪᠣᠯ ᠮᠢᠨᠤ ᠦᠨᠦᠳᠤᠷ ᠪᠠᠢ᠌ᠬᠤ ᠦᠭᠡᠶ᠃

ᠲ᠋ᠠᠷᠠ ᠦᠶᠡᠰ ᠤᠨ ᠠᠮᠢᠳᠤᠷᠠᠯ ᠤᠨ ᠨᠥᠭᠦᠴᠡᠯ ᠶᠢᠡᠷ ᠡᠵᠢ ᠠᠪᠣ ᠮᠢᠨᠢ ᠮᠠᠨ ᠤ ᠡᠭᠡᠴᠢ ᠳᠡᠭᠦᠤ ᠳᠦᠷᠪᠠᠭᠦᠯᠡ ᠶᠢ ᠰᠢᠳᠤ ᠤᠨ ᠵᠠᠭᠤᠨ ᠡᠷᠳᠡᠮ ᠤᠨ ᠵᠠᠮ ᠢ ᠵᠢᠭᠠᠯᠭᠠᠭᠰᠠᠨ ᠶᠤᠮ᠃ ᠭᠡᠷ ᠤᠨ ᠨᠥᠭᠦᠴᠡᠯ ᠰᠠᠢ᠌ᠨ ᠠᠢ᠌ᠯ ᠤᠨ ᠡᠵᠢ ᠠᠪᠣ ᠨᠢ ᠬᠡᠦᠬᠡᠳ ᠶᠢᠡᠨ ᠰᠤᠷᠭᠠᠭᠤᠯᠢ ᠡᠴᠡ ᠨᠢ ᠵᠤᠭᠰᠤᠭᠠᠭᠰᠠᠨ ᠪᠠᠢ᠌ᠳᠠᠯ᠎ᠠ᠂ 《ᠠᠪᠣ ᠴᠢᠨᠢ ᠪᠢᠳᠠ ᠬᠤᠶᠠᠷ ᠶᠠᠭᠠᠭᠢᠵᠤ ᠣᠢ᠌ᠯᠠ ᠳᠠᠮᠤ ᠪᠠᠨ ᠠᠮᠰᠠᠭᠰᠠᠨ ᠴᠤ᠂ ᠳᠠᠳᠠᠨ ᠦᠪᠠᠰᠤᠪᠠᠨ ᠳᠤᠷ᠎ᠠ ᠪᠠᠬ᠎ᠠ ᠲᠡᠶ ᠰᠠᠢ᠌ᠨ ᠰᠤᠷᠴᠤ ᠯᠠ ᠪᠠᠢ᠌ᠪᠠᠯ᠂ ᠳᠠᠨ ᠢ ᠪᠢᠴᠢᠭ᠌ ᠡᠴᠡ ᠴᠢᠨᠢ ᠯᠠᠪ ᠭᠠᠷᠭᠠᠬᠤ ᠦᠭᠡᠶ᠂ ᠪᠢᠴᠢᠭ᠌ ᠨᠤᠮ ᠰᠤᠷᠬᠤ ᠦᠭᠡᠶ ᠪᠣᠯ ᠮᠦᠨ ᠯᠠ ᠮᠠᠨ ᠰᠢᠭ᠌ ᠨᠢᠭᠡ ᠨᠠᠰᠤᠨ ᠲᠠᠭᠠᠨ ᠣᠢ᠌ᠯᠠ ᠠᠮᠰᠠᠨ᠎ᠠ》 ᠭᠡᠰᠡᠨ ᠡᠵᠢ ᠶᠢᠨ ᠮᠢᠨᠢ ᠶᠠᠷᠢᠶ᠎ᠠ ᠭᠡᠵᠢᠶᠡᠳᠡ ᠮᠠᠷᠳᠠᠭᠳᠠᠵᠤ ᠳᠡᠢ᠌ᠯᠭᠦ ᠦᠭᠡᠶ᠃ ᠳᠦᠷᠪᠠᠨ ᠰᠤᠷᠤᠭᠴᠢ ᠵᠢᠨ  ᠰᠥᠢᠦᠡᠭᠡᠯ ᠨᠠᠯᠢᠶᠠᠤᠨ ᠦᠨᠳᠦᠷ ᠪᠣᠯᠬᠤᠷ ᠡᠵᠢ ᠮᠢᠨᠢ ᠪᠠᠢ᠌ᠷᠢᠨ ᠪᠠᠭᠰᠢ ᠶᠢ ᠭᠤᠶᠤᠵᠤ᠂ ᠮᠠᠨ ᠤ ᠳᠦᠷᠪᠠᠭᠦᠯᠡ ᠶᠢ ᠪᠠᠢ᠌ᠷᠢᠨ ᠳᠤ ᠰᠠᠭᠤᠯᠭᠠᠬᠤ ᠳᠠᠭᠠᠨ ᠡᠭᠡᠴᠢ ᠮᠠᠨ ᠤ ᠬᠤᠶᠠᠷ ᠢ ᠨᠢᠭᠡ ᠭᠦᠮᠤᠨ ᠤ ᠤᠷᠤ ᠳᠡᠭᠡᠷ᠎ᠡ ᠣᠠᠳᠠᠭᠤᠯᠵᠤ᠂ ᠨᠢᠭᠡ ᠭᠦᠮᠤᠨ ᠤ ᠪᠣᠳᠠᠭ᠎ᠠ ᠶᠢ ᠢᠳᠡᠭᠦᠯᠵᠤ᠂ ᠬᠤᠶᠠᠷ ᠳᠡᠭᠦᠤ ᠴᠤ ᠠᠳᠠᠯᠢᠬᠠᠨ ᠨᠢᠭᠡ ᠭᠦᠮᠤᠨ ᠤ ᠤᠷᠤ ᠳᠡᠭᠡᠷ᠎ᠡ ᠣᠠᠳᠠᠵᠤ᠂ ᠨᠢᠭᠡ ᠭᠦᠮᠤᠨ ᠤ ᠪᠣᠳᠠᠭ᠎ᠠ ᠶᠢ ᠬᠤᠪᠢᠶᠠᠵᠤ ᠢᠳᠠᠵᠤ ᠪᠠᠢ᠌ᠭᠰᠠᠨ᠃ ᠡᠵᠢ ᠮᠢᠨᠢ ᠳᠠᠷᠠ ᠦᠶᠡᠰ ᠮᠠᠨ ᠤ ᠰᠤᠷᠤᠯᠭ᠎ᠠ ᠶᠢᠨ ᠰᠥᠢᠦᠡᠭᠡᠯ ᠢ ᠳᠤᠰᠢᠶᠠᠬᠤ ᠶᠢᠨ ᠲᠦᠯᠦᠭᠡ ᠡᠪᠦᠯ ᠳᠡᠭᠡᠨ ᠦᠷᠤᠮ᠎ᠠ ᠬᠠᠭᠰᠠᠭᠠᠵᠤ ᠬᠤᠳᠠᠨ ᠲᠤ ᠬᠤᠳᠠᠯᠳᠤᠨ ᠵᠤᠭᠤᠰ ᠣᠯᠳᠠᠭ᠃ ᠬᠠᠭᠢᠷ ᠭᠦᠢᠳᠡᠨ ᠭᠠᠳᠠᠭ᠎ᠠ ᠫᠧᠩ ᠰᠠᠷᠠᠪᠴᠢ ᠦᠭᠡᠶ ᠬᠠᠰᠢᠶᠠᠨ ᠳᠤ ᠦᠨᠢᠶᠠᠶ᠎ᠠ ᠰᠠᠭᠠᠵᠤ᠂ ᠭᠤᠨ᠎ᠠ ᠥᠭᠡᠷ ᠤᠨ ᠡᠪᠠᠷ ᠭᠦᠯᠳᠡᠮ᠎ᠡ ᠭᠤᠷᠪᠠ ᠶ‍ᠢᠰᠤ ᠶᠢᠨ ᠭᠦᠢᠳᠡᠨ ᠳᠤ ᠴᠤ ᠰᠠᠭᠠᠵᠤ ᠯᠠ ᠪᠠᠢ᠌ᠳᠠᠭ᠃ ᠬᠤᠳᠠ ᠵᠢᠨ ᠬᠤᠷᠰᠢᠶᠠᠨ ᠤ ᠡᠭᠦᠳᠡᠨ ᠳᠤ ᠬᠠᠭᠰᠠᠭᠠᠠᠰᠠᠨ ᠦᠷᠤᠮ᠎ᠠ ᠪᠠᠨ ᠪᠠᠷᠢᠵᠤ ᠵᠤᠭᠰᠤᠨ᠂ 《ᠦᠷᠤᠮ᠎ᠠ ᠬᠤᠳᠠᠯᠳᠤᠨ᠎ᠠ》 ᠭᠡᠵᠤ ᠭᠦᠮᠤᠨ ᠦᠵᠡᠪᠠᠯ ᠪᠠᠷᠭᠢᠷᠠᠵᠤ᠂ ᠭᠦᠢᠳᠡᠨ ᠵᠢᠪᠠᠷ ᠲᠤ ᠳᠠᠷᠴᠢᠯᠠᠭᠳᠠᠨ᠂ ᠭᠠᠷ ᠭᠦᠯ ᠨᠢ ᠳᠠᠭᠠᠷᠠᠵᠤ ᠡᠪᠠᠢ᠌ᠨ ᠵᠤᠭᠰᠤᠵᠤ ᠪᠠᠢ᠌ᠭᠰᠠᠨ ᠡᠵᠢ ᠶᠢᠨ ᠮᠢᠨᠢ ᠳᠡᠷᠡᠭᠦ ᠳᠦᠷᠭᠦ ᠨᠢ ᠨᠢᠳᠤᠨ ᠳᠤ ᠮᠢᠨᠢ ᠳᠤᠳᠤᠷᠠᠬᠤ ᠪᠣᠯᠭᠠᠨ ᠠᠯᠠᠭ ᠨᠢᠳᠤᠨ ᠤ ᠮᠢᠨᠢ ᠨᠢᠯᠪᠣᠰᠤ ᠠᠷᠭ᠎ᠠ ᠦᠭᠡᠶ ᠪᠦᠮᠪᠦᠷᠢᠭᠦ ᠶᠤᠮ᠃ ᠭᠦᠭᠡ ᠳᠡᠭ᠍ᠷᠢ᠂ ᠭᠦᠷᠦᠰᠦᠳᠤ ᠳᠡᠯᠡᠭᠡᠢ ᠡ ︕ ᠡᠵᠢ ᠶᠢᠨ ᠮᠢᠨᠢ ᠡᠭᠦᠷᠭᠡ ᠭᠡᠵᠢᠶ᠎ᠡ ᠳᠠᠭᠤᠰᠴᠤ᠂ ᠵᠢᠷᠭᠠᠬᠤ ᠴᠠᠭ ᠭᠡᠵᠢᠶ᠎ᠡ ᠰᠠᠭᠠᠳᠠᠨ ᠢᠷᠡᠭᠦ ᠪᠢᠯᠠ ︖ ᠡᠵᠢ ᠮᠢᠨᠢ᠂ ᠦᠷ᠎ᠡ ᠴᠢᠨᠢ ᠪᠢ ᠠᠴᠢᠯᠠᠯ ᠦᠭᠡᠶ᠂ ᠳᠦᠷᠤᠵᠤ ᠥᠰᠭᠡᠭ᠍ᠰᠡᠨ ᠠᠴᠢ ᠶᠢ ᠴᠢᠨᠢ ᠬᠠᠷᠢᠭᠤᠯᠤᠭ᠎ᠠ ᠦᠭᠡᠶ ︕

ᠡᠵᠢ ᠮᠢᠨᠢ ᠵᠢᠯ ᠤᠨ ᠳᠦᠷᠪᠠᠨ ᠣᠯᠠᠷᠢᠯ ᠳᠤ ᠬᠠᠩᠵᠤᠨ ᠳᠡᠭᠡᠷ᠎ᠡ ᠪᠠᠨ ᠵᠠᠪᠢᠯᠠᠨ ᠰᠠᠭᠤᠵᠤ᠂ ᠴᠠᠢ ᠪᠠᠨ ᠣᠤᠭᠤᠵᠤ ᠵᠢᠷᠭᠠᠬᠤ ᠴᠠᠭ ᠡᠪᠦᠯ ᠤᠨ ᠴᠡᠴᠡᠭ᠌ ᠰᠢᠭ᠌ ᠴᠥᠭᠡᠨ᠃ ᠵᠢᠯ ᠤᠨ ᠭᠤᠷᠪᠠᠨ ᠵᠠᠭᠤ ᠵᠢᠷᠠᠨ ᠳᠠᠪᠤᠨ ᠬᠤᠨᠤᠭ ᠬᠤᠨᠤᠭ ᠲᠠᠭᠠᠨ ᠰᠦᠨᠢ ᠳᠡᠭᠡᠨ ᠰᠡᠳᠭᠢᠯ ᠠᠮᠤᠷ ᠣᠠᠳᠠᠬᠤ ᠴᠠᠭ ᠪᠠᠢ᠌ᠬᠤ ᠦᠭᠡᠶ ᠰᠢᠤ ︕ ᠡᠵᠢ ᠮᠢᠨᠢ ᠦᠷ᠎ᠡ ᠪᠢᠳᠠᠨ ᠤ ᠲᠦᠯᠦᠭᠡ ᠳᠡᠩᠳᠡᠭᠦᠤ ᠶᠠᠳᠠᠵᠤ ᠢᠷᠠᠯ᠎ᠠ᠃ ᠡᠵᠢ ᠮᠢᠨᠢ ᠦᠷ᠎ᠡ ᠪᠠᠨ ᠭᠡᠵᠤ ᠠᠷᠠᠯ ᠤᠨ ᠱᠠᠷ ᠰᠢᠭ᠌ ᠵᠢᠦᠡᠭᠦᠨ ᠵᠢᠦᠡᠭᠦᠭ᠍ᠰᠡᠭᠡᠷ᠃

ᠡᠵᠢ ᠲᠡᠭᠡᠨ ᠪᠢ ᠬᠠᠢ᠌ᠷᠠᠳᠠᠢ᠂ ᠡᠵᠢ ᠪᠠᠨ ᠪᠢ ᠬᠠᠢ᠌ᠷᠠᠯᠠᠬᠤ ᠶ‍ᠤᠰᠤᠳᠡᠢ︕ ᠡᠵᠢ ᠲᠡᠭᠡᠨ ᠪᠢ ᠦᠷᠢ ᠲᠡᠶ᠂ ᠡᠵᠢ ᠮᠢᠨᠢ ᠵᠢᠷᠭᠠᠬᠤ ᠶᠤᠰᠤᠳᠠᠢ᠂ ᠡᠵᠢ ᠶᠢᠨ ᠮᠢᠨᠢ ᠬᠠᠢ᠌ᠷ᠎ᠠ ᠮᠥᠩᠭᠡᠷᠡᠭᠦ ᠶᠤᠮ ︕


ᠵᠤᠬᠢᠶᠠᠭᠴᠢ ᠶᠢᠨ ᠬᠠ‍‌ᠶᠢᠭ ᠄ ᠬᠤᠤᠯᠢᠨ ᠭᠤᠤᠯ ᠬᠤᠳᠠ ᠶᠢᠨ ᠠᠷᠠᠤᠨ ᠤᠨ ᠪᠠᠢ᠌ᠴᠠᠭᠠᠬᠤ ᠬᠤᠷᠢᠶ᠎ᠠ

ᠵᠤᠬᠢᠶᠠᠭᠴᠢ᠄ ᠣᠠᠳᠤᠷᠤᠨ᠎ᠠ
ᠬᠠᠷᠢᠶ᠎ᠠ᠄ ᠨᠠᠢᠷᠠᠭᠤᠯᠤᠯ
ᠳᠠᠷᠤᠮ᠄ 4007
ᠴᠠᠭ᠄ 2010 ᠤᠨ ᠤ 12 ᠰᠠᠷ᠎ᠠ ᠶᠢᠨ 06