ᠭᠡᠷ ᠪᠦᠯᠢ ᠶᠢᠨ ᠰᠤᠷᠭᠠᠨ ᠭᠦᠮᠦᠵᠢᠯ ᠪᠣᠯ ᠣᠷᠤᠯᠠᠭᠤᠯᠵᠤ ᠪᠣᠯᠤᠰᠢ ᠦᠭᠡᠶ ᠰᠤᠷᠭᠠᠨ ᠭᠦᠮᠦᠵᠢᠯ ᠮᠦᠨ

ᠠᠯᠢᠪᠠ ᠠᠮᠢᠳᠠᠨ ᠲᠦᠷᠦᠯ ᠤᠨ ᠮᠠᠩᠯᠠᠢ ᠪᠣᠯᠤᠭᠰᠠᠨ ᠭᠦᠮᠤᠨ ᠢ

ᠠᠩᠭ᠎ᠠ ᠪᠠᠭ᠎ᠠ ᠡᠴᠠ ᠠᠳᠬᠤᠵᠤ ᠳᠤᠳᠤᠮᠳᠠᠬᠤ ᠭᠡᠷᠡᠭ᠍ᠳᠡᠢ

ᠠᠯᠢ ᠭᠠᠵᠢᠭᠤ ᠶᠢ ᠳᠡᠪᠴᠢᠭᠦᠯᠤᠨ ᠰᠤᠷᠳᠠᠬᠤᠨ ᠲᠡᠶ ᠪᠠᠢ᠌ᠯᠭ᠎ᠠ

ᠠᠪᠢᠷ ᠲᠦᠪ ᠪᠢᠰᠢ ᠪᠣᠯ ᠡᠷᠳᠡ ᠡᠴᠠ ᠴᠢᠩᠳᠠᠯᠠ᠃

ᠡᠷᠳᠡᠨᠢᠳᠤ ᠬᠠᠰ ᠨᠤᠮᠢᠨ ᠥᠵᠡᠰᠭᠦᠯᠡᠩ ᠪᠣᠯᠪᠠᠴᠤ

ᠡᠳ᠋ ᠡᠰᠡ ᠵᠠᠰᠠᠪᠠᠰᠤ ᠭᠡᠷᠡᠭ᠌ ᠦᠭᠡᠶ ᠴᠢᠯᠠᠭᠤ

ᠡᠷᠭᠢᠮ ᠰᠠᠢ᠌ᠬᠠᠨ ᠭᠦᠮᠤᠨ ᠪᠠᠶ᠎ᠠ ᠯᠠᠭᠰᠢᠨ ᠳᠡᠭᠦᠰ ᠪᠣᠯᠪᠠᠴᠤ

ᠡᠷᠳᠡᠮ ᠡᠰᠡ ᠰᠤᠷᠭᠠᠪᠠᠰᠤ ᠴᠢᠨᠠᠷ ᠦᠭᠡᠶ ᠮᠠᠬᠠᠪᠣᠤᠨ᠃

ᠠᠪᠣ ᠡᠵᠢ ᠪᠣᠯᠤᠭᠰᠠᠤᠨ ᠳᠤᠰᠪᠣᠷᠢ ᠶᠢᠨ ᠦᠷ᠎ᠡ ᠪᠠᠨ

ᠠᠷᠪᠠᠨ ᠨᠠᠰᠤᠨ ᠠᠮᠢᠰᠬᠤᠯ ᠳᠤᠷ ᠪᠢᠴᠢᠭ᠌ ᠡᠷᠳᠡᠮ ᠰᠤᠷᠭᠠᠯ ᠳᠠᠢ

ᠠᠯᠮᠠᠢ᠌ᠳᠠᠵᠤ ᠣᠰᠤᠯᠳᠠᠵᠤ ᠠᠷᠪᠠᠨ ᠳᠠᠪᠣ ᠭᠦᠷᠭᠦᠯ᠎ᠡ

ᠠᠬᠤᠢ ᠴᠢᠨᠠᠷ ᠰᠢᠯᠵᠢᠵᠤ ᠦᠪᠡᠷ᠎ᠠ ᠣᠪ ᠲᠤᠷ ᠰᠢᠨᠤᠮᠤᠢ᠃

ᠨᠤᠭᠤᠨ ᠦᠬᠢᠨ ᠦᠷ᠎ᠡ ᠶᠤᠬᠡᠨ ᠰᠤᠷᠭᠠᠬᠤᠢ ᠳᠤᠷ ᠵᠤᠪᠠᠵᠤ

ᠨᠢᠭᠡᠮᠦᠰᠤᠨ ᠬᠠᠢ᠌ᠷᠠᠯᠠᠭᠰᠠᠭᠠᠷ ᠵᠡᠷᠯᠢᠭ᠌ ᠠᠳᠠᠷ ᠪᠣᠯᠭᠠᠪᠠᠯ

ᠨᠢᠭᠡᠨ ᠨᠠᠰᠤᠨ ᠤ ᠶᠠᠪᠣᠳᠠᠯ ᠳᠡᠭᠡᠷ᠎ᠡ ᠰᠠᠭᠠᠤᠨ ᠭᠢᠵᠤ

ᠨᠠᠷ᠎ᠠ ᠠᠰᠢᠭ ᠭᠤᠳᠤᠭᠠᠬᠤ ᠭᠡᠷ ᠤᠨ ᠳᠠᠢ᠌ᠰᠤᠨ ᠪᠣᠯᠤᠮᠤᠢ᠃


ᠮᠤᠩᠭ᠋ᠤᠯ ᠦᠨᠳᠦᠰᠦᠳᠠᠨ ᠤ ᠭᠠᠷᠮᠠᠭᠠᠢ ᠰᠢᠯᠦᠭ᠍ᠴᠢᠨ᠂ ᠠᠨᠠᠭᠠᠬᠤ ᠣᠬᠠᠭᠠᠨ ᠤ ᠡᠷᠳᠡᠮᠳᠡᠨ᠂ ᠰᠤᠷᠭᠠᠨ ᠭᠦᠮᠦᠵᠢᠯᠳᠡᠨ ᠢᠰᠢᠳᠠᠠᠽᠠᠠᠸᠠᠩᠵᠢᠯ ᠤᠨ ᠰᠤᠷᠭᠠᠯ ᠰᠢᠯᠦᠭ᠌


ᠭᠡᠷ ᠪᠦᠯᠢ ᠪᠣᠯ ᠬᠡᠦᠬᠡᠳ ᠤᠨ ᠮᠡᠡᠳᠦᠯᠡᠮᠡᠭ᠍ᠴᠡ ᠥᠯᠦᠭᠡᠢ᠌ᠳᠡᠨ ᠠᠪᠴᠤ ᠦᠰᠦᠨ ᠪᠣᠢ᠌ᠵᠢᠬᠤ ᠶᠢᠨ ᠭᠢᠨᠢ ᠰᠠᠭᠤᠷᠢᠴᠢ ᠪᠦᠭᠡᠳ ᠵᠠᠩᠭᠢᠯᠠᠭ᠎ᠠ ᠶᠢᠨ ᠴᠠᠭ ᠢ ᠨᠢ ᠭᠠᠷᠳᠠᠨ ᠬᠠᠷᠢᠭᠤᠴᠠᠭᠴᠢ ᠮᠥᠷᠳᠡᠭᠡᠨ ᠨᠠᠰᠤᠨ ᠳᠤᠷᠰᠢᠳᠠ ᠶᠢ ᠨᠢ ᠴᠤ ᠨᠥᠯᠦᠭᠡᠯᠡᠭᠦ ᠴᠢᠰᠤᠨ ᠪᠠᠷᠢᠯᠳᠤᠯᠭᠠᠳᠤ ᠳᠤᠰᠬᠠᠢ ᠣᠷᠤᠨ ᠮᠦᠨ᠃ ᠬᠡᠦᠬᠡᠳ ᠤᠨ ᠭᠦᠮᠤᠨ ᠪᠣᠯᠬᠤ ᠠᠩᠬᠠᠨ ᠤ ᠠᠯᠬᠤᠮ ᠡ᠊ᠨᠳᠡ ᠡᠭᠢᠯᠡᠵᠤ᠂ ᠪᠣᠰᠤᠳ ᠰᠤᠷᠭᠠᠨ ᠭᠦᠮᠦᠵᠢᠯ ᠶᠢᠡᠷ ᠪᠠᠶᠡᠯᠡᠭᠦᠯᠵᠤ ᠳᠠᠢ᠌ᠯᠤᠰᠢ ᠦᠭᠡᠶ ᠰᠠᠭᠤᠷᠢᠴᠢ ᠵᠣᠢ᠌ᠯᠠᠰ ᠢ ᠡ᠊ᠨᠳᠡ ᠡᠴᠠ ᠭᠦᠷᠳᠡᠳᠡᠭ᠌᠃ ᠡᠢ᠌ᠮᠤ ᠡᠴᠠ ᠭᠡᠷ ᠪᠦᠯᠢ ᠶᠢᠨ ᠰᠤᠷᠭᠠᠨ ᠭᠦᠮᠦᠵᠢᠯ ᠢ ᠣᠷᠤᠯᠠᠭᠤᠯᠵᠤ ᠪᠣᠯᠤᠰᠢ ᠦᠭᠡᠶ ᠰᠤᠷᠭᠠᠨ ᠭᠦᠮᠦᠵᠢᠯ ᠭᠡᠵᠤ ᠭᠡᠯᠡᠵᠤ ᠪᠣᠯᠬᠤ ᠶᠤᠮ᠃


ᠭᠡᠷ ᠪᠦᠯᠢ ᠪᠣᠯ ᠬᠡᠦᠬᠡᠳ ᠤᠨ ᠦᠰᠦᠨ ᠪᠣᠢ᠌ᠵᠢᠬᠤ ᠥᠯᠦᠭᠡᠢ ᠮᠦᠨ


ᠭᠡᠷ ᠪᠦᠯᠢ ᠶᠢᠨ ᠰᠤᠷᠭᠠᠨ ᠭᠦᠮᠦᠵᠢᠯ ᠪᠣᠯ ᠰᠤᠷᠭᠠᠨ ᠭᠦᠮᠦᠵᠢᠯ ᠤᠨ ᠳᠤᠮᠳᠠᠭᠢ ᠨᠢᠭᠡᠨ ᠦᠨᠳᠦᠰᠦᠨ ᠭᠡᠯᠪᠠᠷᠢ ᠮᠦᠨ ᠪᠦᠭᠡᠳ ᠰᠤᠷᠭᠠᠨ ᠭᠦᠮᠦᠵᠢᠯ ᠤᠨ ᠠᠵᠢᠯ ᠤᠨ ᠴᠢᠬᠤᠯᠠ ᠨᠢᠭᠡ ᠪᠦᠷᠢᠯᠳᠦᠭᠦᠨ ᠭᠡᠰᠡᠭ᠌ ᠮᠦᠨ᠃ ᠳᠠᠷᠤᠢ ᠬᠡᠦᠬᠡᠳ ᠪᠠᠭᠠᠴᠤᠳ ᠲᠤ ᠰᠤᠷᠭᠠᠨ ᠭᠦᠮᠦᠵᠢᠯ ᠭᠦᠷᠳᠡᠭᠡᠭᠦ ᠪᠠ ᠨᠥᠯᠦᠭᠡ ᠥᠵᠡᠭᠦᠯᠭᠦ ᠶᠢᠨ ᠴᠢᠬᠤᠯᠠ ᠨᠢᠭᠡ ᠠᠷᠭ᠎ᠠ ᠭᠡᠯᠪᠠᠷᠢ ᠮᠦᠨ᠃ ᠬᠡᠦᠬᠡᠳ ᠪᠠᠭᠠᠴᠤᠳ ᠤᠨ ᠦᠰᠦᠨ ᠪᠣᠢ᠌ᠵᠢᠬᠤ ᠶᠠᠪᠣᠴᠠ ᠳᠤ ᠰᠤᠷᠭᠠᠭᠤᠯᠢ᠂ ᠨᠡᠢ᠌ᠭᠡᠮ᠂ ᠭᠡᠷ ᠪᠦᠯᠢ ᠨᠢ ᠪᠦᠷ ᠦᠪᠡᠷ ᠦᠪᠡᠷ ᠤᠨ ᠣᠠᠴᠠᠭᠠᠢ ᠴᠢᠳᠠᠪᠭᠢ ᠪᠠᠨ ᠪᠠᠳᠠᠷᠠᠭᠤᠯᠵᠤ ᠪᠠᠢ᠌ᠳᠠᠭ᠃ ᠶᠠᠮᠠᠷ ᠴᠤ ᠭᠦᠮᠤᠨ ᠤ ᠦᠰᠦᠨ ᠪᠣᠢ᠌ᠵᠠᠯᠳᠠ ᠨᠢ ᠪᠦᠷ ᠰᠤᠷᠭᠠᠭᠤᠯᠢ᠂ ᠨᠡᠢ᠌ᠭᠡᠮ ᠪᠠ ᠭᠡᠷ ᠪᠦᠯᠢ ᠶᠢᠨ ᠶᠡᠷᠦᠩᠭᠡᠢ ᠣᠢ᠌ᠯᠠᠳᠤᠯ ᠤᠨ ᠦᠷ᠎ᠡ ᠳ᠋ᠦ᠋ᠩ ᠮᠦᠨ᠃ ᠭᠡᠷ ᠪᠦᠯᠢ ᠶᠢᠨ ᠰᠤᠷᠭᠠᠨ ᠭᠦᠮᠦᠵᠢᠯ ᠨᠢ ᠨᠢᠭᠡ ᠵᠣᠢ᠌ᠯ ᠤᠨ ᠪᠠᠶ᠎ᠠ ᠪᠠᠨ ᠳᠠᠭᠠᠭᠠᠭᠰᠠᠨ ᠰᠤᠷᠭᠠᠨ ᠭᠦᠮᠦᠵᠢᠯ ᠤᠨ ᠭᠡᠯᠪᠠᠷᠢ ᠪᠣᠯᠤᠭᠰᠠᠨ ᠤ ᠬᠤᠪᠢ ᠳᠤ ᠬᠡᠦᠬᠡᠳ ᠪᠠᠭᠠᠴᠤᠳ ᠤᠨ ᠪᠠᠶ᠎ᠠ ᠰᠠᠳᠭᠢᠴᠠ ᠶᠢᠨ ᠭᠦᠭ᠍ᠵᠢᠯᠳᠡ ᠳᠤ ᠣᠠᠴᠠᠭᠠᠢ ᠴᠢᠬᠤᠯᠠ ᠣᠢ᠌ᠯᠠᠳᠤᠯ ᠲᠡᠶ ᠪᠠᠢ᠌ᠳᠠᠭ᠃ ᠰᠤᠷᠭᠠᠭᠤᠯᠢ ᠶᠢᠨ ᠰᠤᠷᠭᠠᠨ ᠭᠦᠮᠦᠵᠢᠯ ᠪᠠ ᠨᠡᠢ᠌ᠭᠡᠮ ᠤᠨ ᠰᠤᠷᠭᠠᠨ ᠭᠦᠮᠦᠵᠢᠯ ᠨᠢ ᠡᠭᠦᠨ ᠢ ᠣᠷᠤᠯᠠᠵᠤ ᠴᠢᠳᠠᠳᠠᠭ ᠦᠭᠡᠶ ᠶᠤᠮ᠃ ᠮᠠᠨ ᠤ ᠭᠦᠮᠤᠨ ᠪᠣᠯᠤᠭᠰᠠᠤᠨ ᠨᠢ ᠡᠵᠢ ᠶᠢᠨ ᠶᠢᠡᠨ ᠭᠡᠪᠠᠯᠢ ᠡᠴᠠ ᠣᠨᠠᠵᠤ ᠡᠨᠡ ᠳᠡᠯᠡᠭᠡᠢ ᠳᠤ ᠭᠦᠮᠤᠨ ᠪᠣᠯᠵᠤ᠂ ᠨᠡᠢ᠌ᠭᠡᠮ ᠤᠨ ᠨᠢᠭᠡᠨ ᠭᠡᠰᠢᠭᠦᠨ ᠪᠣᠯᠬᠤ ᠳᠠᠭᠠᠨ ᠬᠠᠮᠤᠭ ᠳᠡᠷᠢᠭᠦᠨ ᠳᠤ ᠭᠡᠷ ᠪᠦᠯᠢ ᠶᠢᠨ ᠨᠢᠭᠡᠨ ᠪᠦᠷᠢᠯᠳᠦᠭᠦᠨ ᠨᠢ ᠪᠣᠯᠵᠤ ᠠᠮᠢᠳᠤᠷᠠᠳᠠᠭ᠃ ᠭᠡᠷ ᠪᠦᠯᠢ ᠨᠢ ᠬᠡᠦᠬᠡᠳ ᠪᠠᠭᠠᠴᠤᠳ ᠪᠦᠭᠦᠨ ᠤ ᠬᠠᠮᠤᠭ ᠠᠩᠬᠠᠨ ᠤ ᠠᠮᠢᠳᠤᠷᠠᠬᠤ ᠣᠷᠴᠢᠨ ᠨᠢ ᠪᠣᠯᠳᠠᠭ ᠡᠴᠠ ᠭᠡᠷ ᠤᠨ ᠠᠬᠠᠮᠠᠤᠨ᠂ ᠣᠠᠴᠠᠭᠠᠢ᠌ᠯᠠᠨ ᠠᠪᠣ ᠡᠵᠢ ᠪᠣᠯᠤᠭᠰᠠᠤᠨ ᠪᠣᠯ ᠬᠡᠦᠬᠡᠳ ᠤᠨ ᠦᠪᠡᠷ ᠤᠨ ᠳᠤᠷ᠎ᠠ ᠪᠠᠷ ᠶᠢᠡᠨ ᠰᠤᠩᠭ᠋ᠤᠵᠤ ᠪᠣᠯᠤᠰᠢ ᠦᠭᠡᠶ ᠬᠠᠮᠤᠭ ᠠᠩᠬᠠᠨ ᠤ ᠪᠠᠭᠰᠢ ᠨᠢ ᠪᠣᠯᠳᠠᠭ᠃ ᠡᠢ᠌ᠮᠤ ᠡᠴᠠ ᠭᠡᠷ ᠪᠦᠯᠢ ᠶᠢᠨ ᠰᠤᠷᠭᠠᠨ ᠭᠦᠮᠦᠵᠢᠯ ᠪᠣᠯ ᠨᠢᠭᠡ ᠭᠦᠮᠤᠨ ᠤ ᠪᠠᠭ᠎ᠠ ᠶᠢᠨ ᠦᠶ᠎ᠡ ᠭᠢᠭᠡᠳ ᠨᠠᠰᠤᠨ ᠳᠤᠷᠰᠢᠳᠠ ᠶᠢᠨ ᠰᠤᠷᠭᠠᠨ ᠭᠦᠮᠦᠵᠢᠯ ᠭᠦᠷᠳᠡᠭᠦ ᠶᠢᠨ ᠭᠢᠨᠢ ᠠᠷᠢᠭᠤᠨ ᠥᠯᠦᠭᠡᠢ ᠮᠦᠨ᠃

ᠠᠩᠬ᠎ᠠ ᠮᠡᠡᠳᠦᠯᠡᠭ᠍ᠰᠡᠨ ᠬᠡᠦᠬᠡᠳ ᠤᠨ ᠳᠠᠷᠢᠭᠢ ᠳᠤᠯᠤᠭᠠᠢ ᠨᠢ ᠶᠠᠭ ᠯᠠ ᠨᠢᠭᠡ ᠬᠠᠭᠤᠳᠠᠰᠤ ᠴᠠᠪ ᠴᠠᠪᠠᠷ ᠴᠠᠭᠠᠨ ᠴᠠᠭᠠᠰᠤ ᠠᠳᠠᠯᠢ ᠪᠠᠢ᠌ᠳᠠᠭ ᠡᠴᠠ ᠳᠡᠭᠡᠷ᠎ᠡ ᠨᠢ ᠶᠠᠩᠵᠤ ᠪᠦᠷᠢ ᠶᠢᠨ ᠥᠩᠭᠡ ᠪᠣᠳᠠᠭ ᠭᠢᠯᠪᠠᠷᠬᠠᠨ ᠳᠦᠷᠭᠢᠭ᠍ᠳᠡᠳᠡᠭ᠌᠃ ᠥᠭᠡᠷ᠎ᠡ ᠪᠠᠷ ᠭᠡᠯᠡᠪᠠᠯ ᠬᠡᠦᠬᠡᠳ ᠤᠨ ᠠᠮᠢᠳᠤᠷᠠᠯ ᠤᠨ ᠬᠠᠮᠤᠭ ᠡᠭᠢᠨ ᠤ ᠦᠶ᠎ᠡ ᠡᠭᠢᠯᠡᠮᠡᠭ᠍ᠴᠡ ᠭᠡᠷ ᠤᠨ ᠠᠬᠠᠮᠠᠤᠨ ᠪᠠ ᠭᠡᠷ ᠪᠦᠯᠢ ᠶᠢᠨ ᠠᠮᠢᠳᠤᠷᠠᠯ ᠡᠴᠠ ᠳᠠᠳᠠᠨ ᠳᠤ ᠬᠠᠠᠳᠤᠭᠤᠯᠤᠭᠰᠠᠨ ᠡᠯ᠎ᠡ ᠵᠣᠢ᠌ᠯ ᠤᠨ ᠨᠥᠯᠦᠭᠡ ᠪᠠ ᠰᠤᠷᠭᠠᠨ ᠭᠦᠮᠦᠵᠢᠯ ᠨᠢ ᠡᠭᠢᠯᠡᠴᠢᠭᠡᠳᠡᠭ᠌᠃ ᠳᠠᠷᠠ ᠮᠥᠷᠳᠡᠭᠡᠨ ᠡᠳᠡᠭᠡᠷ ᠨᠥᠯᠦᠭᠡ ᠨᠢ ᠬᠡᠦᠬᠡᠳ ᠪᠠᠭᠠᠴᠤᠳ ᠤᠨ ᠰᠡᠳᠭᠢᠯ ᠰᠠᠨᠠᠭᠠᠨ ᠳᠤ ᠭᠦᠨ ᠬᠠᠳᠠᠩᠰᠢᠨ ᠠᠷᠢᠯᠬᠤᠶ᠎ᠠ ᠪᠠᠷᠭᠡ ᠢᠮ ᠳᠠᠮᠠᠭ᠎ᠠ ᠶᠢ ᠥᠯᠡᠳᠡᠭᠡᠳᠡᠭ᠌ ᠡᠴᠠ ᠭᠡᠷ ᠤᠨ ᠠᠬᠠᠮᠠᠤᠨ ᠡᠴᠠ ᠶᠠᠪᠣᠭᠤᠯᠬᠤ ᠡᠯ᠎ᠡ ᠵᠣᠢ᠌ᠯ ᠤᠨ ᠰᠤᠷᠭᠠᠨ ᠭᠦᠮᠦᠵᠢᠯ ᠨᠢ ᠳᠠᠳᠠᠨ ᠳᠤ ᠭᠡᠵᠢᠶᠡᠳᠡ ᠮᠠᠷᠳᠠᠭᠳᠠᠬᠤ ᠦᠭᠡᠶ ᠪᠠᠢ᠌ᠵᠤ ᠨᠢᠭᠡ ᠨᠠᠰᠤᠨ ᠤ ᠭᠢᠨᠢ ᠭᠦᠭ᠍ᠵᠢᠯᠳᠡ ᠳᠤ ᠰᠠᠭᠤᠷᠢ ᠴᠢᠯᠠᠭᠤ ᠪᠣᠯᠵᠤ ᠥᠭ᠍ᠳᠡᠭ᠌᠃ ᠠᠩᠭ᠍ᠯᠢ ᠶᠢᠨ ᠰᠢᠯᠦᠭ᠍ᠴᠢ᠂ ᠸᠤᠷᠰᠸᠤᠷᠲ᠋ ᠡᠴᠡ ᠭᠦᠮᠤᠨ ᠤ ᠵᠠᠩ ᠬᠡᠦᠬᠡᠳ ᠤᠨ ᠦᠶ᠎ᠡ ᠳᠡᠭᠡᠨ ᠳᠤᠭᠳᠠᠨ᠎ᠠ ᠭᠡᠵᠤ ᠭᠡᠯᠡᠭ᠍ᠰᠡᠨ ᠪᠠᠢ᠌ᠳᠠᠭ᠃ ᠬᠡᠦᠬᠡᠳ ᠤᠨ ᠦᠶ᠎ᠡ ᠪᠣᠯ ᠳᠠᠳᠠᠨ ᠤ ᠦᠵᠡᠯ ᠰᠠᠨᠠᠭ᠎ᠠ ᠨᠢ ᠭᠡᠪᠰᠢᠭᠡ ᠦᠭᠡᠶ ᠪᠠᠢ᠌ᠵᠤ ᠳᠣᠢ᠌ᠯ ᠤᠨ ᠶᠡᠭᠡ ᠰᠢᠭᠤᠨ ᠪᠦᠳᠦᠭᠡᠭᠦ ᠴᠢᠨᠠᠷ ᠲᠡᠶ ᠦᠶ᠎ᠡ ᠮᠦᠨ᠃ ᠳᠠᠳᠠᠨ ᠤ ᠳᠤᠷ᠎ᠠ ᠰᠤᠨᠢᠷᠬᠠᠯ ᠨᠢ ᠳᠣᠢ᠌ᠯ ᠤᠨ ᠥᠷᠭᠡᠨ ᠪᠠᠢ᠌ᠵᠤ ᠣᠷᠴᠢᠨ ᠳᠤᠭᠤᠷᠢᠨ ᠤ ᠠᠯᠢᠪᠠ ᠵᠣᠢ᠌ᠯ ᠳᠤ ᠪᠦᠷ ᠰᠤᠨᠢᠭᠤᠴᠢ ᠬᠠᠠᠳᠤᠵᠤ ᠳᠤᠩ ᠶᠡᠭᠡ ᠳᠠᠭᠤᠷᠢᠶᠠᠬᠤ ᠳᠤᠷᠠᠳᠠᠢ᠂ ᠠᠮᠳᠠᠷᠬᠠᠬᠤ ᠳᠤᠷᠠᠳᠠᠢ ᠲᠡᠶ ᠪᠠᠢ᠌ᠳᠠᠭ ᠡᠴᠠ ᠭᠦᠮᠤᠨ ᠢ ᠰᠤᠴᠢᠭᠠᠮ᠎ᠠ ᠰᠤᠷᠴᠤ ᠴᠡᠭᠡᠵᠢᠯᠡᠭᠦ ᠴᠢᠳᠠᠪᠣᠷᠢ ᠲᠡᠶ ᠪᠠᠢ᠌ᠳᠠᠭ᠃ ᠰᠤᠷᠭᠠᠭᠤᠯᠢ ᠳᠤ ᠣᠷᠤᠭᠠᠳᠤᠢ ᠬᠡᠦᠬᠡᠳ ᠤᠨ ᠪᠠᠶ᠎ᠠ ᠪᠠᠨ ᠳᠠᠭᠠᠭᠠᠵᠤ ᠠᠮᠢᠳᠤᠷᠠᠬᠤ ᠴᠢᠳᠠᠪᠣᠷᠢ ᠬᠠᠷᠬᠠᠨ ᠪᠦᠷᠢᠳᠦᠭᠡᠳᠦᠢ ᠳᠤᠯᠠ ᠢᠳᠠᠵᠤ ᠣᠤᠭᠤᠬᠤ᠂ ᠡᠮᠦᠰᠴᠤ ᠵᠡᠭᠦᠭᠦ ᠶᠠᠪᠣᠵᠤ ᠰᠠᠭᠤᠬᠤ ᠵᠡᠷᠭᠡ ᠮᠠᠰᠢ ᠣᠯᠠᠨ ᠳᠠᠯ᠎ᠠ ᠪᠠᠷ ᠪᠦᠷ ᠠᠪᠣ ᠡᠵᠢ ᠪᠣᠶᠤ ᠭᠡᠷ ᠤᠨ ᠭᠦᠮᠦᠰ ᠤᠨ ᠶᠢᠡᠨ ᠬᠠᠠᠭᠠᠯᠵᠢᠯᠠᠯ ᠢ ᠳᠦᠰᠢᠳᠡᠭ᠌᠃ ᠳᠠᠢ᠌ᠮᠤ ᠡᠴᠠ ᠳᠠᠳᠠᠨ ᠤ ᠭᠦᠳᠡᠯᠭᠡᠭᠡᠨ ᠤ ᠭᠦᠷᠢᠶ᠎ᠡ ᠭᠡᠪᠴᠢᠶ᠎ᠡ ᠨᠢ ᠭᠢᠵᠠᠭᠠᠷ ᠲᠡᠶ ᠪᠠᠢ᠌ᠵᠤ ᠭᠤᠤᠯ ᠨᠢ ᠭᠡᠷ ᠪᠦᠯᠢ ᠶᠢᠨ ᠣᠷᠴᠢᠨ ᠳᠠᠭᠠᠨ ᠠᠪᠣ ᠡᠵᠢ ᠶᠢᠨ ᠶᠢᠡᠨ ᠳᠡᠷᠭᠡᠳᠡ ᠪᠠᠢ᠌ᠳᠠᠭ ᠡᠴᠠ ᠭᠡᠷ ᠪᠦᠯᠢ ᠶᠢᠨ ᠨᠥᠯᠦᠭᠡ ᠨᠢ ᠬᠡᠦᠬᠡᠳ ᠢ ᠡᠳᠦᠷ ᠪᠦᠷᠢ ᠨᠥᠯᠦᠭᠡᠯᠡᠵᠤ ᠪᠠᠢ᠌ᠳᠠᠭ᠃ ᠨᠠᠩ ᠴᠢᠬᠤᠯᠠ ᠨᠢ ᠡᠴᠢᠭᠡ ᠡᠭᠡ ᠪᠣᠯᠤᠭᠰᠠᠤᠨ ᠨᠢ ᠦᠷ᠎ᠡ ᠬᠡᠦᠬᠡᠳ ᠲᠡᠶ ᠪᠠᠨ ᠲᠦᠷᠦᠯᠭᠢ ᠴᠢᠰᠤ ᠮᠢᠬᠠᠨ ᠤ ᠬᠠᠷᠢᠴᠠᠭ᠎ᠠ ᠲᠡᠶ ᠪᠠᠢ᠌ᠳᠠᠭ ᠡᠴᠠ ᠡᠳᠦᠷ ᠰᠦᠨᠢ ᠶᠢᠨ ᠠᠮᠢᠳᠤᠷᠠᠯ ᠤᠨ ᠳᠤᠮᠳᠠ ᠪᠠᠨ ᠳᠣᠢ᠌ᠯ ᠤᠨ ᠭᠦᠨ ᠵᠤᠵᠠᠭᠠᠨ ᠬᠠᠢ᠌ᠷ᠎ᠠ ᠳᠠᠳᠠᠯᠴᠠᠭ᠎ᠠ ᠲᠡᠶ ᠪᠣᠯᠴᠢᠬᠠᠳᠠᠭ᠂ ᠬᠡᠦᠬᠡᠳ ᠤᠨ ᠰᠡᠳᠭᠢᠯ ᠳᠤ ᠭᠡᠷ ᠤᠨ ᠠᠬᠠᠮᠠᠤᠨ ᠨᠢ ᠬᠠᠮᠤᠭ ᠭᠦᠡᠳᠦᠳᠭᠡᠯ ᠲᠡᠶ᠂ ᠬᠠᠮᠤᠭ ᠤᠨ ᠪᠢᠰᠢᠷᠠᠯ ᠲᠡᠶ ᠳᠦᠰᠢᠭ᠌ ᠳᠤᠯᠭᠠᠭᠤᠷᠢ ᠭᠦᠮᠤᠨ ᠶᠢᠡᠷ ᠥᠵᠡᠭ᠍ᠳᠡᠵᠤ᠂ ᠳᠠᠳᠠᠨ ᠳᠤ ᠳᠤᠩ ᠶᠡᠭᠡ ᠢᠳᠡᠭᠡᠨ ᠨᠠᠢ᠌ᠳᠠᠬᠤ ᠴᠢᠨᠠᠷ ᠲᠡᠶ ᠪᠣᠯᠳᠠᠭ ᠶᠢᠡᠷ ᠪᠠᠷᠠᠬᠤ ᠦᠭᠡᠶ ᠭᠡᠷ ᠤᠨ ᠠᠬᠠᠮᠠᠤᠨ ᠤᠨ ᠭᠢᠨᠢ ᠨᠢᠭᠡ ᠥᠭᠡ᠂ ᠨᠢᠭᠡ ᠭᠦᠳᠡᠯᠦᠯ ᠨᠢ ᠭᠦᠷᠳᠡᠯ᠎ᠡ ᠳᠠᠳᠠᠨ ᠤ ᠳᠠᠭᠤᠷᠢᠶᠠᠵᠤ ᠰᠤᠷᠤᠯᠴᠠᠬᠤ ᠵᠣᠢ᠌ᠯ ᠨᠢ ᠪᠣᠯᠤᠭᠰᠠᠨ ᠪᠠᠢ᠌ᠳᠠᠭ᠃ ᠭᠡᠷ ᠤᠨ ᠠᠬᠠᠮᠠᠤᠨ ᠭᠦᠮᠤᠨ ᠭᠡᠷᠡᠭ᠌ ᠪᠣᠳᠠᠰ ᠲᠤ ᠬᠠᠠᠳᠤᠬᠤ ᠣᠪᠣᠷ ᠡᠴᠠ ᠡᠭᠢᠯᠡᠨ ᠵᠠᠩ ᠳᠠᠳᠬᠠᠯ᠂ ᠳᠤᠷ᠎ᠠ ᠰᠤᠨᠢᠷᠬᠠᠯ᠂ ᠣᠷᠮ᠎ᠠ ᠪᠠᠬ᠎ᠠ᠂ ᠦᠪᠡᠷᠮᠢᠴᠠ ᠣᠠᠴᠠᠯᠢᠭ ᠨᠢ ᠭᠦᠷᠳᠡᠯ᠎ᠡ ᠬᠡᠦᠬᠡᠳ ᠶᠢᠡᠨ ᠨᠥᠯᠦᠭᠡᠯᠡᠳᠡᠭ᠌᠃ ᠡᠢ᠌ᠮᠤ ᠡᠴᠠ ᠭᠡᠷ ᠤᠨ ᠠᠬᠠᠮᠠᠤᠨ ᠨᠢ ᠬᠡᠦᠬᠡᠳ ᠤᠨ ᠰᠤᠷᠭᠠᠭᠤᠯᠢ ᠳᠤ ᠣᠷᠤᠬᠤ ᠡᠴᠠ ᠡᠮᠤᠨ᠎ᠡ ᠭᠦᠷᠳᠡᠭ᠍ᠰᠡᠨ ᠭᠡᠷ ᠪᠦᠯᠢ ᠶᠢᠨ ᠰᠤᠷᠭᠠᠨ ᠭᠦᠮᠦᠵᠢᠯ ᠨᠢ ᠶᠠᠷᠤ ᠨᠢ ᠰᠠᠭᠤᠷᠢᠯᠠᠭᠴᠢ ᠣᠢ᠌ᠯᠠᠳᠤᠯ ᠲᠡᠶ ᠪᠠᠢ᠌ᠳᠠᠭ ᠭᠡᠰᠡᠨ ᠢ ᠪᠠᠳᠤ ᠴᠡᠭᠡᠵᠢᠯᠡᠵᠤ᠂ ᠦᠪᠡᠷ ᠤᠨ ᠭᠦᠮᠦᠵᠢᠯ ᠵᠢᠯᠤᠭᠤᠳᠤᠯᠭ᠎ᠠ ᠶᠢᠨ ᠴᠢᠳᠠᠪᠭᠢ ᠪᠠᠨ ᠭᠦᠢᠴᠡᠳ ᠪᠠᠳᠠᠷᠠᠭᠤᠯᠵᠤ ᠬᠤᠵᠢᠮ ᠤᠨ ᠭᠦᠭ᠍ᠵᠢᠯᠳᠡ ᠳᠤ ᠨᠢ ᠰᠠᠢ᠌ᠨ ᠰᠠᠭᠤᠷᠢ ᠳᠠᠯᠪᠢᠬᠤ ᠭᠡᠷᠡᠭ᠍ᠳᠡᠢ᠃


ᠵᠠᠩᠭᠢᠯᠠᠭ᠎ᠠ ᠶᠢᠨ ᠴᠠᠭ ᠭᠢᠭᠡᠳ ᠭᠡᠷ ᠪᠦᠯᠢ ᠶᠢᠨ ᠰᠤᠷᠭᠠᠨ ᠭᠦᠮᠦᠵᠢᠯ


ᠰᠠᠳᠭᠢᠴᠠ ᠶᠢᠨ ᠵᠦᠢ ᠡᠴᠠ ᠦᠵᠡᠪᠠᠯ ᠭᠡᠷ ᠪᠦᠯᠢ ᠶᠢᠨ ᠰᠤᠷᠭᠠᠨ ᠭᠦᠮᠦᠵᠢᠯ ᠨᠢ ᠬᠡᠦᠬᠡᠳ ᠤᠨ ᠨᠢᠭᠡ ᠨᠠᠰᠤᠨ ᠳᠤ ᠪᠦᠷ ᠵᠠᠩᠭᠢᠯᠠᠭ᠎ᠠ ᠶᠢᠨ ᠣᠢ᠌ᠯᠠᠳᠤᠯ ᠲᠡᠶ ᠪᠠᠢ᠌ᠳᠠᠭ᠃ ᠡ᠊ᠨᠳᠡ ᠭᠡᠯᠡᠵᠤ ᠪᠠᠢ᠌ᠭ᠎ᠠ ᠰᠠᠳᠭᠢᠴᠠ ᠶᠢᠨ ᠵᠦᠢ ᠡᠴᠠ ᠳᠤᠷᠠᠳᠤᠭᠰᠠᠨ ᠰᠤᠷᠭᠠᠨ ᠭᠦᠮᠦᠵᠢᠯ ᠤᠨ ᠵᠠᠩᠭᠢᠯᠠᠭ᠎ᠠ ᠶᠢᠨ ᠴᠠᠭ ᠬᠤᠭᠤᠴᠠᠭ᠎ᠠ ᠭᠡᠳᠡᠭ᠌ ᠨᠢ ᠭᠤᠤᠯᠳᠠᠭᠤ ᠭᠡᠷ ᠪᠦᠯᠢ ᠶᠢᠨ ᠣᠷᠴᠢᠨ ᠳᠠᠭᠠᠨ ᠪᠠᠢ᠌ᠭ᠎ᠠ ᠰᠤᠷᠬᠤ ᠡᠴᠠ ᠡᠮᠦᠨᠡᠭᠢ ᠨᠠᠰᠤᠨ ᠳᠠᠭᠠᠨ ᠭᠦᠷᠳᠡᠭ᠍ᠰᠡᠨ ᠭᠡᠷ ᠪᠦᠯᠢ ᠶᠢᠨ ᠰᠤᠷᠭᠠᠨ ᠭᠦᠮᠦᠵᠢᠯ ᠢ ᠭᠡᠯᠡᠵᠤ ᠪᠠᠢ᠌ᠨ᠎ᠡ᠃

ᠣᠳᠤ ᠦᠶ᠎ᠡ ᠶᠢᠨ ᠰᠢᠡᠵᠢᠯᠡᠭᠦ ᠣᠬᠠᠭᠠᠠᠳᠠᠤᠨ ᠭᠦᠮᠤᠨ ᠤ ᠣᠢ ᠣᠬᠠᠭᠠᠨ᠂ ᠴᠢᠳᠠᠪᠣᠷᠢ᠂ ᠵᠠᠩ ᠳᠠᠳᠬᠠᠯ ᠵᠡᠷᠭᠡ ᠶᠢᠨ ᠭᠦᠭ᠍ᠵᠢᠯᠳᠡ ᠳᠤ ᠰᠤᠳᠤᠯᠤᠯ ᠭᠢᠭᠦ ᠪᠠᠷ ᠳᠠᠮᠵᠢᠵᠤ ᠭᠦᠮᠤᠨ ᠳᠤ ᠴᠤ ᠭᠦᠭ᠍ᠵᠢᠯᠳᠡ ᠶᠢᠨ ᠵᠠᠩᠭᠢᠯᠠᠭ᠎ᠠ ᠶᠢᠨ ᠴᠠᠭ ᠬᠤᠭᠤᠴᠠᠭ᠎ᠠ ᠪᠠᠢ᠌ᠬᠤ ᠶᠢ ᠣᠯᠵᠤ ᠳᠠᠨᠢᠵᠠᠢ᠃ ᠳᠠᠳᠠ᠂ ᠭᠦᠮᠤᠨ ᠳᠤ ᠠᠮᠢᠳᠠᠨ ᠳᠤ ᠳᠤᠷᠰᠢᠯᠳᠠ ᠭᠢᠭᠦ ᠮᠠᠳᠤ ᠶᠢᠨ ᠠᠷᠭ᠎ᠠ ᠶᠢ ᠠᠪᠣᠭᠰᠠᠨ ᠦᠭᠡᠶ ᠴᠤ ᠭᠡᠨᠡᠳᠲᠡ ᠶᠢᠨ ᠴᠢᠨᠠᠷ ᠢ ᠰᠤᠳᠤᠯᠬᠤ ᠶᠢᠨ ᠳᠤᠮᠳᠠ ᠡᠴᠠ ᠵᠠᠢ᠌ᠯᠠᠰᠢ ᠦᠭᠡᠶ ᠵᠢᠮ᠎ᠠ ᠶᠤᠰᠤ ᠶᠢ ᠣᠯᠵᠤ ᠭᠠᠷᠭᠠᠭᠰᠠᠨ ᠪᠠᠢ᠌ᠨ᠎ᠠ᠃ ᠵᠢᠱᠢᠶᠠᠯᠠᠪᠠᠯ᠂ ᠭᠦᠮᠦᠰ ᠤᠨ ᠪᠦᠷ ᠮᠠᠳᠠᠵᠤ ᠪᠠᠢ᠌ᠳᠠᠭ ᠴᠢᠨᠤᠠᠴᠢᠷ ᠬᠡᠦᠬᠡᠳ ᠤᠨ ᠥᠯᠢᠭᠡᠷ ᠳᠠᠭᠢ ᠡᠨᠡᠳᠭᠡᠭ᠌ ᠤᠨ ᠴᠢᠨᠤᠠᠴᠢᠷ ᠬᠡᠦᠬᠡᠳ ᠺᠠᠮᠠᠯᠠ (ᠡᠮᠡᠭ᠍ᠳᠡᠢ) ᠵᠢ 1920 ᠣᠨ ᠳᠤ ᠴᠢᠨ᠋ᠸ᠎ᠠ ᠶᠢᠨ ᠡᠭᠦᠷ ᠡᠴᠠ ᠣᠯᠵᠤ ᠠᠪᠬᠤ ᠳᠤ 8 ᠨᠠᠰᠤ ᠭᠦᠷᠦᠭ᠍ᠰᠡᠨ ᠪᠠᠢ᠌ᠪᠠ᠃ ᠭᠡᠴᠦᠨᠡᠨ ᠵᠢᠯ ᠴᠢᠨ᠋ᠸ᠎ᠠ ᠲᠡᠶ ᠬᠠᠮᠳᠤ ᠠᠮᠢᠳᠤᠷᠠᠭᠰᠠᠨ ᠡᠴᠠ ᠠᠪᠣᠷᠢ ᠠᠭᠠᠰᠢ᠂ ᠵᠠᠩ ᠴᠢᠨᠠᠷ᠂ ᠠᠮᠢᠳᠤᠷᠠᠯ ᠤᠨ ᠳᠠᠳᠬᠠᠯ ᠨᠢ ᠭᠦᠷᠳᠡᠯ᠎ᠡ ᠴᠢᠨ᠋ᠸ᠎ᠠ ᠲᠡᠶ ᠠᠳᠠᠯᠢ ᠪᠣᠯᠤᠭᠰᠠᠨ ᠪᠠᠢ᠌ᠵᠠᠢ᠃ ᠳᠠᠷᠠ ᠵᠤᠭᠰᠤᠭ᠎ᠠ ᠶᠠᠪᠣᠵᠤ ᠴᠢᠳᠠᠬᠤ ᠦᠭᠡᠶ ᠮᠥᠯᠭᠦᠵᠤ ᠶᠠᠪᠣᠨ᠎ᠠ᠂ ᠡᠳᠦᠷ ᠪᠣᠯ ᠳᠠᠯᠳᠠᠯᠠᠵᠤ ᠰᠦᠨᠢ ᠭᠦᠳᠡᠯᠭᠡᠭᠡᠨ ᠭᠢᠨ᠎ᠡ᠂ ᠰᠦᠨᠢ ᠳᠦᠯᠢ ᠪᠣᠯᠤᠭᠰᠠᠭᠠᠷ ᠣᠯᠢᠵᠤ᠂ ᠥᠴᠦᠭᠡᠨ ᠴᠤ ᠭᠦᠮᠤᠨ ᠤ ᠳᠠᠭᠤ ᠭᠠᠷᠭᠠᠵᠤ ᠴᠢᠳᠠᠬᠤ ᠦᠭᠡᠶ᠂ ᠳᠦᠭᠦᠭᠡᠢ ᠮᠢᠬ᠎ᠠ ᠢᠳᠠᠨ᠎ᠡ᠂ ᠭᠡᠪᠠᠴᠤ ᠭᠠᠷ ᠰᠤᠩᠭ᠋ᠠᠨ ᠠᠪᠴᠤ ᠴᠢᠳᠠᠬᠤ ᠦᠭᠡᠶ᠂ ᠭᠠᠵᠠᠷ ᠬᠠᠶᠠᠵᠤ ᠦᠭ‍ᠭᠦᠭ᠍ᠰᠡᠨ ᠬᠣᠢ᠌ᠨ᠎ᠠ ᠠᠮᠠ ᠪᠠᠷ ᠶᠢᠡᠨ ᠵᠠᠭᠤᠵᠤ ᠠᠪᠳᠠᠭ᠃ ᠭᠦᠮᠦᠰ ᠶᠡᠭᠡ ᠴᠢᠷᠮᠠᠢ᠌ᠯᠭ᠎ᠠ ᠭᠠᠷᠭᠠᠵᠤ ᠭᠦᠮᠤᠨ ᠤ ᠴᠢᠨᠠᠷ ᠢ ᠨᠢ ᠰᠡᠷᠭᠦᠭᠡᠭᠦ ᠪᠠᠷ ᠭᠦᠮᠦᠵᠢᠭᠦᠯᠵᠤ ᠪᠣᠯᠪᠠᠰᠤᠷᠠᠭᠤᠯᠤᠭᠰᠠᠨ ᠪᠣᠯᠪᠠᠴᠤ ᠳᠠᠮᠠᠢ ᠰᠠᠢ᠌ᠨ ᠦᠷ᠎ᠡ ᠳ᠋ᠦ᠋ᠩ ᠣᠯᠤᠭᠰᠠᠨ ᠦᠭᠡᠶ᠃ 2 ᠵᠢᠯ ᠢᠯᠡᠭᠦᠤ ᠭᠡᠷᠡᠭ᠍ᠰᠡᠵᠤ ᠵᠤᠭᠰᠤᠵᠤ ᠴᠢᠳᠠᠬᠤ ᠪᠣᠯᠭᠠᠵᠤ᠂ 6 ᠵᠢᠯ ᠪᠣᠯᠬᠤ ᠳᠤ ᠭᠡᠳᠤᠨ ᠠᠯᠬᠤᠮ ᠶᠠᠪᠣᠵᠤ ᠴᠢᠳᠠᠬᠤ ᠪᠣᠯᠵᠤ᠂ 4 ᠵᠢᠯ ᠤᠨ ᠳᠤᠳᠤᠷ᠎ᠠ ᠰᠠ‍‌ᠶᠢ ᠵᠢᠷᠭᠤᠭᠠᠬᠠᠨ ᠳᠠᠩ ᠥᠭᠡ ᠶᠢ ᠭᠡᠯᠡᠵᠤ ᠴᠢᠳᠠᠵᠤ᠂ 1929 ᠣᠨ ᠳᠤ 17 ᠲᠡᠶ ᠨᠠᠰᠤ ᠪᠠᠷᠠᠬᠤ ᠪᠣᠯᠳᠠᠯ᠎ᠠ ᠪᠠᠨ ᠳᠡᠭᠦᠨ ᠤ ᠣᠢ ᠣᠬᠠᠭᠠᠨ᠂ ᠴᠢᠳᠠᠪᠣᠷᠢ ᠨᠢ ᠳᠦᠩᠭᠡᠵᠢ ᠬᠤᠶᠠᠷ ᠭᠤᠷᠪᠠᠨ ᠨᠠᠰᠤᠳᠠᠢ ᠬᠡᠦᠬᠡᠳ ᠤᠨ ᠭᠢᠷᠢ ᠭᠡᠮᠵᠢᠶ᠎ᠡ ᠳᠤ ᠭᠦᠷᠦᠭ᠍ᠰᠡᠨ ᠪᠠᠢ᠌ᠨ᠎ᠠ᠃ ᠭᠦᠮᠦᠰ ᠳᠡᠭᠦᠨ ᠳᠤ ᠮᠠᠰᠢ ᠰᠠᠢ᠌ᠨ ᠰᠤᠷᠭᠠᠨ ᠭᠦᠮᠦᠵᠢᠯ ᠭᠢᠭ᠍ᠰᠡᠨ ᠪᠣᠯᠪᠠᠴᠤ ᠭᠦᠮᠤᠨ ᠤ ᠪᠦᠷᠢᠯᠳᠦᠭᠦᠯᠵᠤ ᠪᠣᠯᠬᠤ ᠳᠠᠳᠬᠠᠯ ᠢ ᠶᠠᠷᠤᠨᠢ ᠰᠤᠷᠴᠤ ᠴᠢᠳᠠᠭᠰᠠᠨ ᠦᠭᠡᠶ᠃ ᠡᠭᠦᠨ ᠤ ᠬᠠᠮᠤᠭ ᠦᠨᠳᠦᠰᠦᠨ ᠰᠢᠯᠳᠠᠭᠠᠨ ᠨᠢ ᠨᠢ ᠳᠠᠷᠤᠢ ᠪᠣᠯᠪᠠᠰᠤᠷᠠᠯ ᠭᠦᠷᠳᠡᠭᠦ ᠵᠠᠩᠭᠢᠯᠠᠭ᠎ᠠ ᠶᠢᠨ ᠴᠠᠭ ᠨᠢ ᠠᠯᠳᠠᠭᠳᠠᠭᠰᠠᠨ ᠡᠴᠠ ᠪᠣᠯᠵᠠᠢ᠃ ᠡᠭᠦᠨ ᠡᠴᠠ ᠭᠠᠳᠠᠨᠠᠭᠢ ᠪᠠᠰᠠ ᠨᠢᠭᠡ ᠵᠢᠱᠢᠶ᠎ᠠ ᠭᠡᠪᠠᠯ᠂ 19 ᠳ᠋ᠦᠭᠡᠷ ᠵᠠᠭᠤᠨ ᠤ ᠦᠶ᠎ᠡ ᠳᠤ ᠭᠠᠳᠠᠭᠠᠳᠤ ᠣᠯᠤᠰ ᠤᠨ ᠨᠢᠭᠡᠨ ᠸᠠᠩ ᠤᠨ ᠭᠦᠪᠠᠭᠦᠨ ᠪᠠᠭ᠎ᠠ ᠶᠢᠨ ᠦᠶ᠎ᠡ ᠳᠡᠭᠡᠨ ᠭᠦᠮᠤᠨ ᠳᠤ ᠣᠯᠵᠠᠯᠠᠭᠳᠠᠵᠤ᠂ ᠨᠢᠭᠡᠨ ᠨᠢᠷᠤᠭᠤ ᠴᠤ ᠳᠡᠨᠢᠢᠵᠤ ᠳᠡᠢ᠌ᠯᠭᠦ ᠦᠭᠡᠶ ᠬᠠᠷᠠᠩᠭ᠋ᠤᠢ ᠭᠡᠷ ᠲᠤ ᠬᠤᠷᠢᠭᠳᠠᠵᠤ ᠡᠳᠦᠷ ᠪᠦᠷᠢ ᠵᠥᠪᠭᠡᠨ ᠮᠢᠶᠠᠠᠪᠣᠤ ᠣᠰᠤ ᠶᠢ ᠯᠠ ᠣᠯᠵᠤ ᠭᠦᠷᠳᠡᠵᠤ 17 ᠨᠠᠰᠤ ᠲᠡᠶ ᠰᠠ‍‌ᠶᠢ ᠳᠠᠯᠪᠢᠭᠳᠠᠪᠠ᠃ ᠡᠨᠡ ᠦᠶ᠎ᠡ ᠳᠤ ᠸᠠᠩ ᠤᠨ ᠭᠦᠪᠠᠭᠦᠨ ᠨᠢᠭᠡᠨᠲᠡ ᠵᠠᠮ ᠶᠠᠪᠣᠵᠤ ᠴᠢᠳᠠᠬᠤ ᠦᠭᠡᠶ᠂ ᠥᠭᠡ ᠶᠠᠷᠢᠵᠤ ᠴᠢᠳᠠᠬᠤ ᠦᠭᠡᠶ ᠪᠠᠢ᠌ᠪᠠ᠃ ᠬᠤᠵᠢᠮ ᠨᠢ ᠭᠡᠳᠥᠢᠪᠠᠷ ᠡᠯ᠎ᠡ ᠵᠣᠢ᠌ᠯ ᠤᠨ ᠪᠣᠯᠪᠠᠰᠤᠷᠠᠯ ᠪᠠ ᠭᠦᠮᠦᠵᠢᠯ ᠢ ᠭᠢᠭ᠍ᠰᠡᠨ ᠪᠣᠯᠪᠠᠴᠤ ᠣᠢ ᠪᠢᠯᠢᠭ᠌ ᠨᠢ ᠶᠠᠷᠤ ᠨᠢ ᠡᠩ ᠤᠨ ᠭᠦᠮᠤᠨ ᠡᠴᠠ ᠬᠤᠯᠠ ᠳᠤᠷᠤᠢ ᠪᠠᠢ᠌ᠵᠠᠢ᠃ ᠳᠡᠭᠦᠨ ᠤ ᠥᠭᠦᠭ᠍ᠰᠡᠨ ᠤ ᠳᠠᠷᠤᠢ ᠳᠤ ᠮᠠᠰᠠ ᠵᠠᠰᠠᠯ ᠭᠢᠵᠤ ᠥᠵᠡᠭᠦ ᠳᠤ ᠳᠠᠷᠢᠭᠢ ᠨᠢ ᠣᠳᠠᠭᠠᠨ ᠡᠳᠦᠷ ᠶᠠᠭ ᠭᠡᠷᠡᠭᠯᠡᠭ᠍ᠰᠡᠨ ᠦᠭᠡᠶ ᠡᠴᠠ ᠪᠣᠢ᠌ᠵᠢᠯᠳᠠ ᠨᠡᠭᠡᠭᠡᠯᠳᠡ ᠪᠠᠨ ᠠᠯᠳᠠᠵᠤ᠂ ᠪᠦᠳᠦᠴᠡ ᠨᠢ ᠮᠠᠰᠢ ᠳᠦᠭᠦᠮ ᠪᠣᠯᠵᠤ ᠬᠤᠪᠢᠷᠠᠭᠰᠠᠨ ᠢ ᠮᠡᠳᠡᠭ᠍ᠰᠡᠨ ᠪᠠᠢ᠌ᠨ᠎ᠠ᠃ ᠶ‍ᠸᠵᠢᠫᠲ᠋ ᠶᠢᠨ ᠨᠢᠭᠡᠨ ᠬᠠᠭᠠᠨ ᠠᠮᠢᠳᠤ ᠭᠦᠮᠤᠨ ᠶᠢᠡᠷ ᠳᠤᠷᠰᠢᠯᠳᠠ ᠭᠢᠭᠦ ᠳᠡᠭᠡᠨ ᠳᠣᠢ᠌ᠯ ᠤᠨ ᠪᠠᠯᠠᠮᠠᠤᠨ ᠭᠡᠷᠴᠡᠭᠡᠢ ᠪᠠᠷ ᠬᠤᠶᠠᠷ ᠨᠢᠯᠬ᠎ᠠ ᠬᠡᠦᠬᠡᠳ ᠢ ᠭᠠᠵᠠᠷ ᠳᠤᠤᠷᠠᠭᠢ ᠥᠷᠦᠭᠡᠨ ᠳᠤ ᠨᠢᠭᠤᠵᠤ ᠵᠥᠪᠭᠡᠨ ᠪᠣᠳᠠᠭ᠎ᠠ ᠬᠤᠭᠤᠯᠠ ᠢᠳᠡᠭᠦᠯᠭᠦ ᠡᠴᠠ ᠪᠢᠰᠢ ᠶᠠᠮᠠᠷ ᠴᠤ ᠭᠦᠮᠤᠨ ᠲᠡᠶ ᠠᠭᠤᠯᠵᠠᠭᠤᠯᠬᠤ ᠦᠭᠡᠶ ᠬᠤᠷᠢᠪᠠ᠃ ᠬᠤᠶᠠᠷ ᠬᠡᠦᠬᠡᠳ ᠡᠴᠦᠰ ᠲᠡᠭᠡᠨ ᠥᠰᠦᠭᠡᠳ ᠠᠷᠪᠠᠨ ᠬᠤᠶᠠᠷ ᠭᠤᠷᠪᠠ ᠭᠦᠷᠭᠦ ᠳᠤ ᠵᠥᠪᠭᠡᠨ ᠨᠢᠭᠡ ᠯᠠ ᠮᠠᠶ‍ᠢᠭ ᠶᠢᠡᠷ ᠣᠷᠢᠯᠠᠵᠤ ᠴᠢᠳᠠᠬᠤ ᠡᠴᠠ ᠪᠢᠰᠢ ᠶᠠᠭᠤ ᠴᠤ ᠭᠡᠯᠡᠵᠤ ᠴᠢᠳᠠᠬᠤ ᠦᠭᠡᠶ ᠪᠠᠢ᠌ᠵᠠᠢ᠃

ᠳᠡᠭᠡᠷᠡᠭᠢ ᠥᠯᠢᠭᠡᠷ ᠨᠢ ᠮᠠᠨ ᠳᠤ ᠪᠠᠯᠴᠢᠷ ᠪᠠᠭ᠎ᠠ ᠦᠶ᠎ᠡ ᠶᠢᠨ ᠪᠠ ᠵᠠᠩᠭᠢᠯᠠᠭ᠎ᠠ ᠶᠢᠨ ᠴᠠᠭ ᠦᠶ᠎ᠡ ᠶᠢᠨ ᠰᠤᠷᠭᠠᠨ ᠭᠦᠮᠦᠵᠢᠯ ᠢ ᠣᠯᠵᠤ ᠭᠦᠷᠳᠡᠭ᠍ᠰᠡᠨ ᠦᠭᠡᠶ ᠬᠡᠦᠬᠡᠳ ᠤᠨ ᠣᠢ ᠣᠬᠠᠭᠠᠨ᠂ ᠴᠢᠳᠠᠪᠣᠷᠢ᠂ ᠭᠦᠳᠡᠯᠦᠯ ᠪᠠᠷᠢᠯ᠂ ᠵᠠᠩ ᠳᠠᠳᠬᠠᠯ ᠵᠡᠷᠭᠡ ᠶᠢᠨ ᠭᠦᠭ᠍ᠵᠢᠯᠳᠡ ᠨᠢ ᠴᠤ ᠳᠤᠩ ᠳᠤᠷᠤᠢ ᠪᠣᠯᠳᠠᠭ ᠢ ᠵᠢᠱᠢᠶᠠᠯᠠᠵᠤ ᠦᠭ‍ᠭᠦᠭ᠍ᠰᠡᠨ ᠪᠠᠢ᠌ᠨ᠎ᠠ᠃

ᠡᠭᠦᠨ ᠤ ᠡᠰᠡᠷᠭᠦᠤ ᠨᠢᠭᠡ ᠵᠢᠱᠢᠶ᠎ᠠ ᠭᠡᠪᠠᠯ᠂ 1972 ᠣᠨ ᠳᠤ ᠭᠦᠮᠦᠰ ᠵᠡᠭᠦᠨ ᠡᠮᠦᠨᠡᠳᠤ ᠠᠽᠢᠶ᠎ᠠ ᠶᠢᠨ ᠶᠡᠭᠡ ᠣᠢ ᠡᠴᠠ ᠳᠡᠯᠡᠭᠡᠢ ᠶᠢᠨ ᠬᠤᠶᠠᠳᠤᠭᠠᠷ ᠣᠳᠠᠭᠠᠨ ᠤ ᠶᠡᠭᠡ ᠳᠠᠢ᠌ᠨ ᠳᠤ ᠳᠦᠭᠡᠷᠢᠭ᠍ᠰᠡᠨ ᠶᠠᠫᠣᠨ ᠤ ᠪᠠᠢ᠌ᠯᠳᠤᠭᠴᠢ ᠡᡁᠸᠩ ᠵᠢᠩ ᠵᠤᠸᠠᠩ ᠢ ᠣᠯᠵᠤ ᠠᠪᠣᠭᠰᠠᠨ ᠪᠠᠢ᠌ᠨ᠎ᠠ᠃ ᠳᠠᠷᠠ ᠭᠦᠮᠤᠨ ᠲᠦᠷᠦᠯᠭᠢᠳᠠᠨ ᠡᠴᠠ ᠵᠠᠢ᠌ᠳᠠᠵᠤ ᠵᠡᠷᠯᠢᠭ᠌ ᠭᠦᠮᠤᠨ ᠶᠢᠡᠷ 28 ᠵᠢᠯ ᠠᠮᠢᠳᠤᠷᠠᠭᠰᠠᠨ ᠡᠴᠠ ᠭᠦᠮᠤᠨ ᠳᠤ ᠪᠠᠢ᠌ᠳᠠᠭ ᠵᠠᠩᠰᠢᠯ ᠪᠠ ᠶᠠᠫᠣᠨ ᠥᠭᠡ ᠪᠠᠨ ᠭᠦᠷᠳᠡᠯ᠎ᠡ ᠮᠠᠷᠳᠠᠴᠢᠬᠠᠭᠰᠠᠨ ᠪᠠᠢ᠌ᠵᠠᠢ᠃ ᠭᠡᠪᠠᠴᠤ ᠳᠡᠭᠦᠨ ᠤ ᠠᠪᠣᠷᠠᠭᠳᠠᠭᠰᠠᠨ ᠤ ᠳᠠᠷᠠᠭ᠎ᠠ ᠭᠦᠮᠦᠰ ᠵᠥᠪᠭᠡᠨ 82 ᠡᠳᠦᠷ ᠤᠨ ᠪᠣᠯᠪᠠᠰᠤᠷᠠᠯ ᠶᠢᠡᠷ ᠳᠠᠮᠵᠢᠭᠤᠯᠵᠤ ᠳᠡᠭᠦᠨ ᠤ ᠭᠦᠮᠤᠨ ᠤ ᠵᠠᠩ ᠳᠠᠳᠬᠠᠯ ᠢ ᠨᠢ ᠰᠡᠷᠭᠦᠭᠡᠵᠤ᠂ ᠭᠦᠮᠤᠨ ᠲᠦᠷᠦᠯᠭᠢᠳᠠᠨ ᠤ ᠠᠮᠢᠳᠤᠷᠠᠯ ᠳᠤ ᠵᠤᠭᠢᠴᠠᠬᠤ ᠪᠣᠯᠭᠠᠭᠰᠠᠨ ᠪᠦᠭᠡᠳ ᠨᠢᠭᠡ ᠵᠢᠯ ᠤᠨ ᠳᠠᠷᠠᠭ᠎ᠠ ᠬᠤᠷᠢᠮ ᠭᠢᠯᠭᠡᠭ᠍ᠰᠡᠨ ᠪᠠᠢ᠌ᠨ᠎ᠠ᠃ ᠡᠨᠡ ᠪᠠᠢ᠌ᠯᠳᠤᠭᠴᠢ ᠭᠡᠳᠥᠢᠪᠠᠷ ᠵᠡᠷᠯᠢᠭ᠌ ᠭᠦᠮᠤᠨ ᠤ ᠠᠮᠢᠳᠤᠷᠠᠯ ᠢ ᠴᠢᠨᠤᠠᠴᠢᠷ ᠬᠡᠦᠬᠡᠳ ᠺᠠᠮᠠᠯᠠ ᠡᠴᠠ 20 ᠵᠢᠯ ᠢᠯᠡᠭᠦᠤ ᠭᠢᠯ᠎ᠠ ᠭᠡᠳᠡᠭ᠌ ᠴᠤ ᠳᠡᠭᠦᠨ ᠳᠤ ᠭᠦᠮᠦᠵᠢᠯ ᠪᠠ ᠪᠣᠯᠪᠠᠰᠤᠷᠠᠯ ᠭᠢᠭᠦ ᠳᠤ ᠴᠢᠨᠤᠠᠴᠢᠷ ᠬᠡᠦᠬᠡᠳ ᠡᠴᠠ ᠬᠤᠯᠠ ᠭᠢᠯᠪᠠᠷ ᠪᠠᠢ᠌ᠵᠠᠢ᠃ ᠡᠭᠦᠨ ᠤ ᠰᠢᠯᠳᠠᠭᠠᠨ ᠨᠢ ᠳᠠᠷᠠ ᠭᠦᠮᠦᠵᠢᠯ ᠭᠦᠷᠳᠡᠭᠦ ᠵᠠᠩᠭᠢᠯᠠᠭ᠎ᠠ ᠶᠢᠨ ᠴᠠᠭ ᠬᠤᠭᠤᠴᠠᠭ᠎ᠠ᠂ ᠳᠠᠷᠤᠢ ᠬᠡᠦᠬᠡᠳ ᠤᠨ ᠦᠶ᠎ᠡ ᠶᠢᠨ ᠭᠦᠮᠦᠵᠢᠯ ᠤᠨ ᠲᠤᠬᠢᠶᠠᠯ ᠶᠢᠡᠨ ᠠᠯᠳᠠᠭᠰᠠᠨ ᠦᠭᠡᠶ ᠳᠤ ᠣᠷᠤᠰᠢᠨ᠎ᠡ᠃ ᠡᠳᠡᠭᠡᠷ ᠵᠢᠱᠢᠶ᠎ᠠ ᠡᠴᠠ ᠪᠢᠳᠠ ᠬᠡᠦᠬᠡᠳ ᠤᠨ ᠭᠦᠮᠦᠵᠢᠯ ᠭᠦᠷᠳᠡᠭᠦ ᠵᠠᠩᠭᠢᠯᠠᠭ᠎ᠠ ᠶᠢᠨ ᠴᠠᠭ ᠬᠤᠭᠤᠴᠠᠭ᠎ᠠ ᠨᠢ ᠭᠡᠴᠦᠨᠡᠨ ᠴᠢᠬᠤᠯᠠ ᠭᠡᠰᠡᠨ ᠢ ᠣᠢ᠌ᠯᠭᠠᠵᠤ ᠪᠣᠯᠤᠨ᠎ᠠ᠃

ᠬᠠᠭᠠᠰ ᠵᠠᠭᠤᠨ ᠤ ᠳᠤᠷᠰᠢᠭᠢ ᠣᠯᠤᠰ ᠤᠨ ᠳᠤᠳᠤᠭᠠᠳᠤ ᠭᠠᠳᠠᠭᠠᠳᠤ ᠶᠢᠨ ᠬᠠᠮᠢᠶ᠎ᠠ ᠪᠦᠭᠦᠢ ᠰᠤᠳᠤᠯᠭᠠᠨ ᠭᠡᠷᠡᠴᠢᠯᠡᠭ᠍ᠰᠡᠨ ᠨᠢ᠄

ᠨᠢᠯᠬ᠎ᠠ ᠬᠡᠦᠬᠡᠳ ᠤᠨ ᠮᠡᠡᠳᠦᠯᠡᠭ᠍ᠰᠡᠨ ᠡᠴᠠ ᠳᠠᠷᠠᠭᠠᠭᠢ 6 ᠰᠠᠷ᠎ᠠ ᠶᠢᠨ ᠬᠤᠭᠤᠴᠠᠭ᠎ᠠ ᠨᠢ ᠵᠠᠵᠢᠯᠠᠬᠤ ᠶᠢ ᠰᠤᠷᠬᠤ ᠵᠠᠩᠭᠢᠯᠠᠭ᠎ᠠ ᠶᠢᠨ ᠦᠶ᠎ᠡ

8 ᠡᠴᠠ 9 ᠰᠠᠷ᠎ᠠ ᠪᠣᠯ ᠶᠡᠭᠡ ᠪᠠᠭ᠎ᠠ᠂ ᠣᠯᠠᠨ ᠴᠥᠭᠡᠨ ᠢ ᠢᠯᠭᠠᠬᠤ ᠵᠠᠩᠭᠢᠯᠠᠭ᠎ᠠ ᠶᠢᠨ ᠴᠠᠭ ᠦᠶ᠎ᠡ

2 ᠡᠴᠠ 3 ᠨᠠᠰᠤ ᠨᠢ ᠶᠠᠷᠢᠶᠠᠨ ᠤ ᠥᠭᠡ ᠭᠡᠯᠡ ᠶᠢ ᠰᠤᠷᠬᠤ ᠨᠢᠭᠡᠳᠦᠭᠡᠷ ᠵᠠᠩᠭᠢᠯᠠᠭ᠎ᠠ ᠶᠢᠨ ᠬᠤᠭᠤᠴᠠᠭ᠎ᠠ

2 ᠨᠠᠰᠤ ᠬᠠᠭᠠᠰ ᠡᠴᠠ 3 ᠨᠠᠰᠤ ᠶᠢᠨ ᠦᠶ᠎ᠡ ᠪᠣᠯ ᠬᠡᠦᠬᠡᠳ ᠲᠤ ᠶᠠᠭᠠᠭᠢᠵᠤ ᠶᠤᠰᠤ ᠨᠤᠮ ᠢ ᠭᠦᠢᠴᠡᠳᠭᠡᠭᠦ ᠶᠢ ᠵᠢᠭᠠᠬᠤ ᠵᠠᠩᠭᠢᠯᠠᠭ᠎ᠠ ᠶᠢᠨ ᠦᠶ᠎ᠡ

3 ᠨᠠᠰᠤ ᠶᠢᠨ ᠦᠶ᠎ᠡ ᠪᠣᠯ ᠪᠣᠳᠤᠯᠭ᠎ᠠ ᠶᠢᠨ ᠴᠢᠳᠠᠪᠣᠷᠢ ᠶᠢᠨ ᠭᠦᠭ᠍ᠵᠢᠯᠳᠡ ᠶᠢᠨ ᠵᠠᠩᠭᠢᠯᠠᠭ᠎ᠠ ᠶᠢᠨ ᠦᠶ᠎ᠡ (ᠲ᠋ᠤᠭ᠎ᠠ ᠳᠤᠭᠠᠯᠠᠬᠤ᠂ ᠳᠤᠭ᠎ᠠ ᠶᠢ ᠢᠯᠭᠠᠬᠤ᠂ ᠱᠠᠭᠠᠷᠳᠠᠯᠭ᠎ᠠ ᠪᠠᠷ ᠶᠠᠭᠤᠮ᠎ᠠ ᠠᠪᠬᠤ᠂ ᠨᠠᠢ᠌ᠳᠠ ᠳᠤᠭ᠎ᠠ ᠶᠢ ᠭᠡᠯᠡᠵᠤ ᠭᠠᠷᠭᠠᠬᠤ ᠵᠡᠷᠭᠡ)

3 ᠨᠠᠰᠤ ᠡᠴᠠ 5 ᠨᠠᠰᠤ ᠪᠣᠯ ᠳᠠᠭᠤᠤ ᠭᠦᠭ᠍ᠵᠢᠮ ᠤᠨ ᠳᠤᠬᠠᠢ ᠴᠢᠳᠠᠪᠣᠷᠢ ᠶᠢᠨ ᠭᠦᠭ᠍ᠵᠢᠯᠳᠡ ᠶᠢᠨ ᠵᠠᠩᠭᠢᠯᠠᠭ᠎ᠠ ᠶᠢᠨ ᠴᠠᠭ ᠦᠶ᠎ᠡ

4 ᠡᠴᠠ 5 ᠨᠠᠰᠤ ᠶᠢᠨ ᠦᠶ᠎ᠡ ᠪᠣᠯ ᠨᠤᠮ ᠪᠢᠴᠢᠭ᠌ ᠡᠴᠠ ᠥᠭᠡ ᠭᠡᠯᠡ᠂ ᠶᠠᠷᠢᠶ᠎ᠠ ᠰᠤᠷᠬᠤ ᠵᠠᠩᠭᠢᠯᠠᠭ᠎ᠠ ᠶᠢᠨ ᠦᠶ᠎ᠡ

3 ᠨᠠᠰᠤ ᠪᠠ ᠪᠠᠭᠠᠴᠤᠳ ᠤᠨ ᠦᠶ᠎ᠡ ᠪᠣᠯ ᠪᠠᠶ᠎ᠠ ᠪᠠᠨ ᠳᠠᠭᠠᠭᠠᠬᠤ ᠴᠢᠨᠠᠷ ᠢ ᠭᠦᠮᠦᠵᠢᠭᠦᠯᠭᠦ ᠬᠤᠶᠠᠷ ᠵᠠᠩᠭᠢᠯᠠᠭ᠎ᠠ ᠶᠢᠨ ᠦᠶ᠎ᠡ ᠮᠦᠨ

4 ᠨᠠᠰᠤᠨ ᠡᠴᠠ ᠡᠮᠦᠨᠡᠭᠢ ᠬᠤᠭᠤᠴᠠᠭ᠎ᠠ ᠪᠣᠯ ᠳᠦᠷᠰᠦᠯᠢᠭ᠌ ᠬᠠᠷᠠᠭᠠᠨ ᠰᠠᠷᠠᠯ ᠤᠨ ᠭᠦᠭ᠍ᠵᠢᠯᠳᠡ ᠶᠢᠨ ᠵᠠᠩᠭᠢᠯᠠᠭ᠎ᠠ ᠶᠢᠨ ᠦᠶ᠎ᠡ

5 ᠡᠴᠠ 6 ᠨᠠᠰᠤ ᠪᠣᠯ ᠥᠭᠡᠰ ᠢ ᠡᠵᠡᠮᠰᠢᠭᠦ ᠵᠠᠩᠭᠢᠯᠠᠭ᠎ᠠ ᠶᠢᠨ ᠦᠶ᠎ᠡ

5 ᠨᠠᠰᠤ ᠪᠣᠯ ᠳᠤᠭᠠᠨ ᠤ ᠣᠬᠠᠭᠳᠠᠬᠤᠨ ᠢ ᠡᠵᠡᠮᠰᠢᠭᠦ ᠵᠠᠩᠭᠢᠯᠠᠭ᠎ᠠ ᠶᠢᠨ ᠦᠶ᠎ᠡ

9 ᠡᠴᠠ10 ᠨᠠᠰᠤ ᠪᠣᠯ ᠬᠡᠦᠬᠡᠳ ᠤᠨ ᠠᠵᠢᠯᠯᠠᠭᠠᠨ ᠤ ᠪᠠᠨ ᠦᠷ᠎ᠡ ᠳ᠋ᠦ᠋ᠩ ᠢ ᠠᠩᠬᠠᠷᠳᠠᠭ ᠡᠴᠠ ᠪᠠᠨ ᠣᠭ ᠰᠠᠨᠠᠭ᠎ᠠ ᠶᠢ ᠠᠩᠬᠠᠷᠬᠤ ᠳᠤ ᠰᠢᠯᠵᠢᠭᠦ ᠵᠠᠩᠭᠢᠯᠠᠭ᠎ᠠ ᠶᠢᠨ ᠦᠶ᠎ᠡ

ᠪᠠᠯᠴᠢᠷ ᠬᠡᠦᠬᠡᠳ ᠤᠨ ᠴᠠᠭ ᠬᠤᠭᠤᠴᠠᠭ᠎ᠠ ᠪᠣᠯ ᠠᠵᠢᠭᠯᠠᠬᠤ ᠴᠢᠳᠠᠪᠣᠷᠢ ᠶᠢᠨ ᠭᠦᠭ᠍ᠵᠢᠯᠳᠡ ᠶᠢᠨ ᠵᠠᠩᠭᠢᠯᠠᠭ᠎ᠠ ᠶᠢᠨ ᠦᠶ᠎ᠡ ᠮᠦᠨ᠃

ᠪᠠᠭ᠎ᠠ ᠰᠤᠷᠭᠠᠭᠤᠯᠢ ᠶᠢᠨ 1᠂ 2 ᠣᠨ ᠤ ᠦᠶ᠎ᠡ ᠪᠣᠯ ᠳᠠᠳᠬᠠᠯ ᠤᠨ ᠰᠤᠷᠤᠯᠴᠠᠯᠭ᠎ᠠ ᠭᠦᠮᠦᠵᠢᠯ ᠤᠨ ᠵᠠᠩᠭᠢᠯᠠᠭ᠎ᠠ ᠶᠢᠨ ᠦᠶ᠎ᠡ

ᠪᠠᠭ᠎ᠠ ᠰᠤᠷᠭᠠᠭᠤᠯᠢ ᠶᠢᠨ 3᠂ 4 ᠣᠨ ᠦᠶ᠎ᠡ ᠪᠣᠯ ᠰᠠᠭᠢᠯᠭ᠎ᠠ ᠪᠠᠳᠤ ᠶᠢ ᠢᠯᠭᠠᠵᠤ ᠰᠠᠯᠭᠠᠬᠤ ᠵᠠᠩᠭᠢᠯᠠᠭ᠎ᠠ ᠶᠢᠨ ᠦᠶ᠎ᠡ

ᠪᠠᠭ᠎ᠠ ᠰᠤᠷᠭᠠᠭᠤᠯᠢ ᠶᠢᠨ 3᠂ 4 ᠣᠨ᠂ ᠠᠩᠬ᠎ᠠ 2᠂ ᠳᠡᠭᠡᠳᠤ 2 ᠣᠨ ᠤ ᠦᠶ᠎ᠡ ᠪᠣᠯ ᠯᠤᠭᠢᠭ ᠰᠡᠳᠭᠢᠭᠦᠢ ᠨᠢ ᠭᠦᠭ᠍ᠵᠢᠭᠦ ᠶᠢᠨ ᠵᠠᠩᠭᠢᠯᠠᠭ᠎ᠠ ᠶᠢᠨ ᠦᠶ᠎ᠡ ᠮᠦᠨ

ᠪᠠᠭ᠎ᠠ ᠰᠤᠷᠭᠠᠭᠤᠯᠢ ᠶᠢᠨ ᠱᠠᠳᠤ ᠦᠶ᠎ᠡ ᠪᠣᠯ ᠴᠡᠭᠡᠵᠢᠯᠡᠭᠦ ᠴᠢᠳᠠᠪᠣᠷᠢ ᠶᠢᠨ ᠭᠦᠭ᠍ᠵᠢᠯᠳᠡ ᠶᠢᠨ ᠵᠠᠩᠭᠢᠯᠠᠭ᠎ᠠ ᠶᠢᠨ ᠦᠶ᠎ᠡ ᠮᠦᠨ

ᠠᠩᠬ᠎ᠠ ᠳᠤᠮᠳᠠᠳᠤ ᠶᠢᠨ ᠱᠠᠳᠤ ᠦᠶ᠎ᠡ ᠪᠣᠯ ᠣᠤᠠᠬᠠᠴᠢᠯᠠᠨ ᠴᠡᠭᠡᠵᠢᠯᠡᠭᠦ ᠶᠢᠨ ᠵᠠᠩᠭᠢᠯᠠᠭ᠎ᠠ ᠶᠢᠨ ᠦᠶ᠎ᠡ ᠮᠦᠨ᠃

ᠳᠡᠭᠡᠷᠡᠭᠢ ᠵᠣᠢ᠌ᠯ ᠤᠳ ᠢ ᠭᠡᠳᠥᠢᠪᠠᠷ ᠰᠤᠳᠤᠯᠤᠯ ᠭᠡᠷᠡᠴᠢᠯᠡᠯ᠎ᠡ ᠭᠡᠳᠡᠭ᠌ ᠴᠤ ᠳᠠᠷᠠ ᠪᠦᠭᠦᠨ ᠶᠢᠡᠷ ᠶᠢᠡᠨ ᠬᠠᠷᠢᠴᠠᠰᠢ ᠦᠭᠡᠶ ᠳᠠᠢ᠌ᠮᠤ ᠭᠡᠵᠤ ᠭᠡᠯᠡᠭᠦ ᠶᠢᠨ ᠠᠷᠭ᠎ᠠ ᠦᠭᠡᠶ ᠶᠤᠮ᠃ ᠭᠡᠶ᠎ᠡ ᠬᠡᠦᠬᠡᠳ ᠪᠣᠯᠭᠠᠨ ᠳᠤ ᠪᠦᠷ ᠪᠣᠢ᠌ᠵᠢᠯᠳᠠ ᠶᠢᠨ ᠭᠢᠨᠢ ᠵᠠᠩᠭᠢᠯᠠᠭ᠎ᠠ ᠶᠢᠨ ᠴᠠᠭ ᠦᠶ᠎ᠡ ᠪᠠᠢ᠌ᠳᠠᠭ ᠢ ᠭᠡᠨ ᠴᠤ ᠥᠭᠡᠢ᠌ᠰᠭᠡᠵᠤ ᠴᠢᠳᠠᠬᠤ ᠦᠭᠡᠶ ᠶᠤᠮ᠃

ᠵᠠᠯᠠᠭᠤ ᠪᠠᠭᠠᠴᠤᠳ ᠤᠨ ᠴᠠᠭ ᠦᠶ᠎ᠡ ᠪᠣᠯ ᠮᠠᠳᠠᠷᠠᠯ ᠤᠨ ᠰᠢᠰᠲ᠋ᠸᠮ ᠪᠠ ᠳᠠᠷᠢᠭᠢᠨ ᠤ ᠭᠦᠭ᠍ᠵᠢᠯᠳᠡ ᠨᠢ ᠪᠦᠳᠦᠴᠢᠳᠤ ᠴᠢᠨᠠᠷ ᠤᠨ ᠭᠦᠭ᠍ᠵᠢᠯᠳᠡ ᠡᠴᠠ ᠪᠠᠨ ᠠᠵᠢᠯᠯᠠᠭᠠᠠᠳᠤ ᠴᠢᠨᠠᠷ ᠤᠨ ᠭᠦᠭ᠍ᠵᠢᠯᠳᠡ ᠳᠤ ᠰᠢᠯᠵᠢᠵᠤ ᠪᠠᠢ᠌ᠳᠠᠭ ᠡᠴᠠ ᠳᠠᠷᠢᠭᠢᠨ ᠤ ᠭᠦᠭ᠍ᠵᠢᠯᠳᠡ ᠶᠢᠨ ᠭᠢᠨᠢ ᠵᠠᠩᠭᠢᠯᠠᠭ᠎ᠠ ᠶᠢᠨ ᠦᠶ᠎ᠡ ᠮᠦᠨ᠃ ᠡᠢ᠌ᠮᠤ ᠡᠴᠠ ᠭᠡᠷ ᠤᠨ ᠠᠬᠠᠮᠠᠤᠨ ᠨᠢ ᠬᠡᠦᠬᠡᠳ ᠪᠠᠭᠠᠴᠤᠳ ᠶᠢᠡᠨ ᠱᠠᠭᠠᠷᠳᠠᠨ ᠵᠢᠯᠤᠭᠤᠤᠠᠴᠤ᠂ ᠢᠯᠡᠭᠦᠭᠡᠨ ᠳᠠᠷᠢᠭᠢ ᠶᠢ ᠨᠢ ᠭᠦᠳᠡᠯᠭᠡᠯᠭᠡᠵᠤ᠂ ᠢᠯᠡᠭᠦᠭᠡᠨ ᠰᠡᠳᠭᠢᠭᠦᠯᠵᠤ᠂ ᠣᠯᠠᠮ ᠭᠦᠴᠢᠷ᠂ ᠣᠯᠠᠮ ᠪᠣᠳᠤᠯᠢᠶᠠᠠᠳᠤ ᠳᠠᠷᠢᠭᠢᠨ ᠤ ᠭᠦᠳᠡᠯᠭᠡᠭᠡᠨ ᠢ ᠭᠢᠯᠭᠡᠵᠤ ᠳᠠᠷᠢᠭᠢ ᠪᠠᠨ ᠨᠠᠩ ᠰᠢᠡᠵᠢᠯᠡᠭᠦ ᠣᠬᠠᠭᠠᠠᠴᠢ᠂ ᠨᠠᠩ ᠦᠷ᠎ᠡ ᠠᠰᠢᠭ ᠲᠡᠶ ᠪᠠᠷ ᠭᠡᠷᠡᠭᠯᠡᠭᠦ ᠵᠥᠭ᠌ ᠲᠤ ᠨᠢ ᠣᠷᠤᠭᠤᠯᠬᠤ ᠭᠡᠷᠡᠭ᠍ᠳᠡᠢ᠃


ᠨᠠᠰᠤᠨ ᠳᠤᠷᠰᠢᠳᠠ ᠶᠢᠨ ᠰᠤᠷᠭᠠᠨ ᠭᠦᠮᠦᠵᠢᠯ ᠭᠢᠭᠡᠳ ᠭᠡᠷ ᠪᠦᠯᠢ ᠶᠢᠨ ᠰᠤᠷᠭᠠᠨ ᠭᠦᠮᠦᠵᠢᠯ


ᠭᠡᠷ ᠪᠦᠯᠢ ᠶᠢᠨ ᠰᠤᠷᠭᠠᠨ ᠭᠦᠮᠦᠵᠢᠯ ᠨᠢ ᠦᠷ᠎ᠡ ᠬᠡᠦᠬᠡᠳ ᠤᠨ ᠶᠢᠡᠨ ᠨᠠᠰᠤᠨ ᠳᠤᠷᠰᠢᠳᠠ ᠶᠢ ᠨᠥᠯᠦᠭᠡᠯᠡᠭᠦ ᠣᠢ᠌ᠯᠠᠳᠤᠯ ᠲᠡᠶ ᠪᠠᠢ᠌ᠳᠠᠭ᠃ ᠣᠴᠢᠷ ᠨᠢ ᠠᠪᠣ ᠡᠵᠢ ᠪᠣᠯ ᠦᠷ᠎ᠡ ᠬᠡᠦᠬᠡᠳ ᠤᠨ ᠶᠢᠡᠨ ᠨᠠᠰᠤᠨ ᠳᠤᠷᠰᠢᠳᠠ ᠶᠢᠨ ᠭᠢᠨᠢ ᠪᠠᠭᠰᠢ ᠮᠦᠨ ᠳᠤ ᠪᠠᠢ᠌ᠭ᠎ᠠ ᠶᠤᠮ᠃

ᠮᠠᠰᠢ ᠣᠯᠠᠨ ᠭᠦᠮᠦᠰ ᠳᠤᠮᠤᠭᠠᠳᠠᠨ ᠤ ᠳᠤᠭᠠᠨ ᠳᠤ ᠣᠷᠤᠵᠤ ᠲᠦᠷᠦ ᠣᠯᠤᠰ ᠲᠠᠭᠠᠨ ᠨᠠᠷ᠎ᠠ ᠲᠡᠶ ᠭᠦᠮᠤᠨ ᠪᠣᠯᠤᠭᠰᠠᠨ ᠴᠤ ᠪᠠᠰᠠ ᠯᠠ ᠠᠪᠣ ᠡᠵᠢ ᠶᠢᠨ ᠶᠢᠡᠨ ᠰᠠᠨᠠᠭᠤᠯᠭ᠎ᠠ ᠰᠤᠷᠭᠠᠯ ᠢ ᠭᠦᠡᠳᠦᠳᠭᠡᠵᠤ᠂ ᠴᠢᠬᠤᠯᠠ ᠶᠡᠭᠡ ᠭᠡᠷᠡᠭ᠌ ᠣᠴᠢᠷ ᠲᠤᠬᠢᠶᠠᠯᠳᠤᠭᠰᠠᠭᠠᠷ ᠨᠠᠰᠤ ᠲᠡᠶ ᠠᠪᠣ ᠡᠵᠢ ᠡᠴᠠ ᠪᠠᠨ ᠰᠤᠷᠭᠠᠯ ᠰᠠᠨᠠᠭᠤᠯᠭ᠎ᠠ ᠰᠤᠨᠤᠰᠳᠠᠭ᠃ ᠳᠡᠦᠭᠡᠨ ᠳᠡᠭᠡᠷᠡᠭᠢ ᠮᠠᠰᠢ ᠣᠯᠠᠨ ᠠᠭᠤᠤ ᠶᠡᠭᠡ ᠭᠦᠮᠤᠨ᠂ ᠡᠷᠳᠡᠮᠳᠡᠨ ᠮᠡᠷᠭᠡᠳ ᠤᠨ ᠶᠡᠭᠡ ᠣᠢ᠌ᠯᠠᠰ ᠪᠦᠳᠦᠭᠡᠭ᠍ᠰᠡᠨ ᠨᠢ ᠬᠤᠪᠢ ᠭᠦᠮᠤᠨ ᠤ ᠭᠢᠨᠢ ᠴᠢᠷᠮᠠᠢ᠌ᠯᠭ᠎ᠠ ᠳᠤ ᠪᠠᠢ᠌ᠳᠠᠭ ᠴᠤ ᠳᠡᠭᠦᠨ ᠤ ᠪᠠᠰᠠ ᠨᠢᠭᠡ ᠰᠢᠯᠳᠠᠭᠠᠨ ᠨᠢ ᠰᠠᠢ᠌ᠨ ᠰᠠᠢ᠌ᠬᠠᠨ ᠭᠡᠷ ᠪᠦᠯᠢ ᠶᠢᠨ ᠰᠤᠷᠭᠠᠨ ᠭᠦᠮᠦᠵᠢᠯ ᠭᠦᠷᠳᠡᠭ᠍ᠰᠡᠨ ᠲᠡᠶ ᠴᠤ ᠰᠢᠭᠤᠳ ᠬᠤᠯᠪᠣᠭ᠎ᠠ ᠲᠡᠶ ᠶᠤᠮ᠃ ᠴᠠᠭ ᠦᠶ᠎ᠡ ᠬᠤᠪᠢᠰᠴᠤ ᠨᠡᠢ᠌ᠭᠡᠮ ᠣᠷᠤᠭᠰᠢᠯᠠᠵᠤ᠂ ᠶᠡᠭᠡ ᠪᠠᠭ᠎ᠠ ᠶᠠᠮᠠᠷᠪᠠ ᠣᠢ᠌ᠯᠠᠰ ᠡᠷᠭᠢᠯᠡᠵᠤ ᠪᠠᠢ᠌ᠭ᠎ᠠ ᠭᠦᠮᠤᠨ ᠨᠢ ᠪᠦᠷ ᠥᠷᠢᠰᠦᠯᠳᠦᠭᠡᠨ ᠳᠤ ᠳᠤᠯᠭᠠᠷᠠᠵᠤ ᠪᠠᠢ᠌ᠭ᠎ᠠ ᠰᠢᠨ᠎ᠡ ᠴᠠᠭ ᠡᠷᠡᠨ ᠳᠤ ᠨᠠᠰᠤᠨ ᠳᠤᠷᠰᠢᠳᠠ ᠰᠤᠷᠭᠠᠨ ᠭᠦᠮᠦᠵᠢᠯ ᠭᠦᠷᠳᠡᠵᠤ᠂ ᠨᠠᠰᠤᠨ ᠳᠤᠷᠰᠢᠳᠠ ᠦᠪᠡᠷ ᠢ ᠪᠠᠨ ᠳᠡᠭᠡᠭ᠍ᠰᠢᠯᠡᠭᠦᠯᠭᠦ ᠭᠡᠰᠡᠨ ᠦᠵᠡᠯ ᠰᠠᠨᠠᠭ᠎ᠠ ᠲᠡᠶ ᠭᠦᠮᠤᠨ ᠰᠠ‍‌ᠶᠢ ᠥᠷᠢᠰᠦᠯᠳᠦᠭᠡᠨ ᠢ ᠨᠠᠩ ᠰᠠᠢ᠌ᠨ ᠣᠭᠳᠤᠵᠤ ᠴᠢᠳᠠᠨ᠎ᠠ᠃ ᠭᠡᠷ ᠪᠦᠯᠢ ᠶᠢᠨ ᠰᠤᠷᠭᠠᠨ ᠭᠦᠮᠦᠵᠢᠯ ᠨᠢ ᠪᠣᠰᠤᠳ ᠰᠤᠷᠭᠠᠨ ᠭᠦᠮᠦᠵᠢᠯ ᠶᠢᠡᠷ ᠣᠷᠤᠯᠠᠭᠤᠯᠵᠤ ᠪᠣᠯᠤᠰᠢ ᠦᠭᠡᠶ ᠣᠠᠴᠠᠭᠠᠢ ᠴᠢᠨᠠᠷᠳᠤ ᠰᠤᠷᠭᠠᠨ ᠭᠦᠮᠦᠵᠢᠯ ᠪᠣᠯᠤᠭᠰᠠᠨ ᠤ ᠬᠤᠪᠢ ᠳᠤ ᠴᠠᠭ ᠦᠶ᠎ᠡ ᠶᠢᠨ ᠱᠠᠭᠠᠷᠳᠠᠯᠭ᠎ᠠ ᠡᠴᠠ ᠡᠭᠦᠰᠴᠤ᠂ ᠬᠡᠦᠬᠡᠳ ᠪᠠᠭᠠᠴᠤᠳ ᠤᠨ ᠣᠠᠴᠠᠯᠢᠭ ᠡᠴᠠ ᠡᠭᠦᠰᠴᠤ ᠳᠠᠳᠠᠨ ᠤ ᠪᠠᠭ᠎ᠠ ᠶᠢᠨ ᠦᠶ᠎ᠡ ᠶᠢᠨ ᠭᠢᠨᠢ ᠰᠤᠷᠭᠠᠨ ᠭᠦᠮᠦᠵᠢᠯ ᠢ ᠰᠠᠢ᠌ᠨ ᠭᠢᠭᠦ ᠪᠠᠷ ᠪᠠᠷᠠᠬᠤ ᠦᠭᠡᠶ ᠳᠠᠳᠠᠨ ᠤ ᠨᠠᠰᠤᠨ ᠳᠤᠷᠰᠢᠳᠠ ᠶᠢᠨ ᠭᠦᠮᠦᠵᠢᠯ ᠳᠤ ᠨᠢ ᠴᠤ ᠭᠡᠷ ᠤᠨ ᠠᠬᠠᠮᠠᠤᠨ ᠲᠤ ᠣᠠᠴᠠ ᠪᠠᠢ᠌ᠳᠠᠭ ᠴᠢᠳᠠᠪᠭᠢ ᠪᠠᠨ ᠭᠦᠢᠴᠡᠳ ᠭᠠᠷᠭᠠᠬᠤ ᠭᠡᠷᠡᠭ᠍ᠳᠡᠢ᠃ ᠣᠳᠤᠬᠠᠨ ᠤ ᠭᠡᠷ ᠪᠦᠯᠢ ᠶᠢᠨ ᠰᠤᠷᠭᠠᠨ ᠭᠦᠮᠦᠵᠢᠯ ᠡᠴᠠ ᠠᠪᠴᠤ ᠦᠵᠡᠪᠠᠯ ᠭᠡᠷ ᠤᠨ ᠠᠬᠠᠮᠠᠤᠨ ᠤᠨ ᠪᠠᠢ᠌ᠪᠠᠰᠤ ᠵᠤᠭᠢᠬᠤ ᠴᠢᠳᠠᠪᠭᠢ ᠪᠠᠨ ᠭᠦᠢᠴᠡᠳ ᠪᠠᠳᠠᠷᠠᠭᠤᠯᠬᠤ ᠪᠠᠷ ᠳᠤᠳᠠᠮᠠᠭ᠂ ᠠᠷᠭ᠎ᠠ ᠣᠬᠠᠭᠠᠨ ᠶᠢᠡᠨ ᠣᠯᠬᠤ ᠦᠭᠡᠶ ᠥᠵᠡᠭ᠍ᠳᠡᠯ ᠵᠥᠩᠳᠡᠭᠡᠨ ᠬᠠᠷᠠᠭᠳᠠᠵᠤ ᠪᠠᠢ᠌ᠨ᠎ᠠ᠃ ᠵᠠᠷᠢᠮ ᠭᠡᠷ ᠪᠦᠯᠢ ᠨᠢ ᠬᠡᠦᠬᠡᠳ ᠤᠨ ᠶᠢᠡᠨ ᠨᠠᠰᠤᠨ ᠳᠤᠷᠰᠢᠳᠠ ᠶᠢᠨ ᠰᠤᠷᠭᠠᠨ ᠭᠦᠮᠦᠵᠢᠯ ᠢ ᠪᠣᠳᠤᠯᠭᠢᠯᠠᠬᠤ ᠣᠬᠠᠮᠰᠠᠷ ᠪᠠᠢ᠌ᠳᠤᠭᠠᠢ ᠪᠠᠭ᠎ᠠ ᠶᠢᠨ ᠦᠶ᠎ᠡ ᠶᠢᠨ ᠭᠢᠨᠢ ᠰᠤᠷᠭᠠᠨ ᠭᠦᠮᠦᠵᠢᠯ ᠢ ᠴᠤ ᠰᠠᠢ᠌ᠨ ᠭᠢᠵᠤ ᠴᠢᠳᠠᠬᠤ ᠦᠭᠡᠶ ᠪᠠᠢ᠌ᠵᠤ ᠦᠪᠡᠷ ᠤᠨ ᠬᠣᠢ᠌ᠴᠢᠰ ᠤᠨ ᠶᠢᠡᠨ ᠭᠦᠭ᠍ᠵᠢᠯᠳᠡ ᠳᠠᠪᠰᠢᠯᠳᠠ ᠢᠷᠡᠭᠡᠳᠦᠢ ᠶᠢ ᠨᠢ ᠨᠥᠯᠦᠭᠡᠯᠡᠵᠤ ᠪᠠᠢ᠌ᠨ᠎ᠠ᠃ ᠵᠢᠱᠢᠶᠠᠯᠠᠪᠠᠯ᠂ ᠬᠠᠢ᠌ᠷᠠᠯᠠᠬᠤ ᠶᠢ ᠯᠠ ᠮᠡᠳᠡᠭᠡᠳ ᠵᠦᠢ ᠵᠤᠭᠢᠰᠳᠠᠢ ᠳᠠᠪᠳᠠᠨ ᠪᠣᠯᠪᠠᠰᠤᠷᠠᠭᠤᠯᠬᠤ ᠶᠢ ᠮᠡᠳᠡᠭᠦ ᠦᠭᠡᠶ ᠵᠤᠭᠤᠰ ᠮᠦᠩᠭᠦ ᠡᠳ᠋ ᠪᠣᠳᠠᠰ ᠶᠢᠡᠷ ᠭᠦᠰᠡᠯ ᠰᠠᠨᠠᠭ᠎ᠠ ᠶᠢ ᠨᠢ ᠬᠠᠩᠭ᠋ᠠᠬᠤ ᠶᠢ ᠮᠡᠳᠡᠭᠦ ᠡᠴᠠ ᠪᠢᠰᠢ ᠣᠶᠤᠨ ᠰᠠᠨᠠᠭᠠᠨ ᠤ ᠭᠢᠨᠢ ᠳᠠᠯ᠎ᠠ ᠳᠤ ᠳᠤᠳᠠᠭᠳᠠᠵᠤ ᠪᠠᠢ᠌ᠬᠤ ᠵᠣᠢ᠌ᠯ ᠢ ᠨᠢ ᠬᠠᠩᠭ᠋ᠠᠬᠤ ᠪᠠᠷ ᠳᠤᠳᠠᠮᠠᠭ᠂ ᠰᠤᠷᠤᠯᠭ᠎ᠠ ᠶᠢ ᠨᠢ ᠯᠠ ᠳᠡᠭᠡᠭ᠍ᠰᠢᠯᠡᠭᠦᠯᠭᠦ ᠭᠡᠵᠤ ᠥᠷᠦᠭᠡᠰᠦᠯ ᠶᠢᠡᠷ ᠱᠠᠭᠠᠷᠳᠠᠬᠤ ᠡᠴᠠ ᠪᠢᠰᠢ ᠪᠠᠶ᠎ᠠ ᠰᠠᠳᠭᠢᠴᠠ ᠶᠢᠨ ᠡᠷᠡᠭᠦᠯ ᠮᠠᠠᠳᠤ᠂ ᠶᠤᠰᠤ ᠮᠤᠷᠠᠯ ᠵᠡᠷᠭᠡ ᠪᠦᠭᠦ ᠳᠠᠯ᠎ᠠ ᠶᠢᠨ ᠭᠢᠨᠢ ᠭᠡᠪ ᠴᠢᠨᠠᠷ ᠢ ᠠᠩᠬᠠᠷᠬᠤ ᠪᠠᠷ ᠳᠤᠳᠠᠮᠠᠭ ᠪᠠᠢ᠌ᠳᠠᠭ᠃ ᠡᠳᠡᠭᠡᠷ ᠨᠢ ᠦᠨᠡᠨ ᠳᠡᠭᠡᠨ ᠬᠡᠦᠬᠡᠳ ᠪᠠᠭᠠᠴᠤᠳ ᠤᠨ ᠬᠤᠵᠢᠮ ᠬᠣᠢ᠌ᠰᠢᠳᠠ ᠶᠢᠨ ᠭᠦᠭ᠍ᠵᠢᠯᠳᠡ ᠳᠤ ᠪᠦᠷ ᠠᠰᠢᠭ ᠦᠭᠡᠶ ᠪᠠᠢ᠌ᠳᠠᠯ ᠢ ᠠᠪᠴᠢᠷᠠᠳᠠᠭ᠃ ᠬᠡᠦᠬᠡᠳ ᠶᠢᠡᠨ ᠬᠠᠷᠬᠠᠨ ᠪᠠᠭ᠎ᠠ ᠡᠴᠠ ᠨᠢ ᠡᠯ᠎ᠡ ᠳᠠᠯ᠎ᠠ ᠪᠠᠷ ᠰᠠᠢ᠌ᠬᠠᠨ ᠭᠦᠮᠦᠵᠢᠭᠦᠯᠭᠦ ᠨᠢ ᠵᠥᠪᠭᠡᠨ ᠳᠠᠳᠠᠨ ᠤ ᠣᠳᠤᠭᠢ ᠭᠦᠭ᠍ᠵᠢᠯᠳᠡ ᠶᠢ ᠨᠢ ᠯᠠ ᠪᠣᠳᠤᠯᠭᠢᠯᠠᠭᠰᠠᠨ ᠳᠠᠳᠤᠢ ᠪᠢᠰᠢ ᠨᠠᠰᠤᠨ ᠳᠤᠷᠰᠢᠳᠠ ᠶᠢ ᠨᠢ ᠴᠤ ᠪᠣᠳᠤᠯᠭᠢᠯᠠᠭᠰᠠᠨ ᠰᠠᠭᠤᠷᠢᠯᠠᠭᠴᠢ ᠠᠴᠢ ᠬᠤᠯᠪᠣᠭᠳᠠᠯ ᠪᠠᠢ᠌ᠳᠠᠭ ᠡᠴᠠ ᠮᠠᠨ ᠤ ᠭᠡᠷ ᠤᠨ ᠠᠬᠠᠮᠠᠤᠨ ᠨᠡᠷ ᠨᠢ ᠰᠤᠷᠭᠠᠨ ᠭᠦᠮᠦᠵᠢᠯ ᠤᠨ ᠰᠢᠡᠵᠢᠯᠡᠭᠦ ᠣᠬᠠᠭᠠᠠᠴᠢ ᠴᠢᠨᠠᠷ ᠢ ᠠᠩᠬᠠᠷᠴᠤ᠂ ᠬᠡᠦᠬᠡᠳ ᠤᠨ ᠶᠢᠡᠨ ᠨᠠᠰᠤᠨ ᠳᠤᠷᠰᠢᠳᠠ ᠶᠢ ᠨᠢ ᠨᠥᠯᠦᠭᠡᠯᠡᠭᠦ ᠰᠠᠭᠤᠷᠢᠯᠠᠭᠴᠢ ᠵᠣᠢ᠌ᠯᠠᠰ ᠢ ᠠᠯᠢ ᠴᠢᠳᠠᠬᠤ ᠪᠠᠷ ᠢᠯᠡᠭᠦᠭᠡᠨ ᠡᠵᠡᠮᠰᠢᠭᠦᠯᠭᠦ ᠭᠡᠷᠡᠭ᠍ᠳᠡᠢ ᠶᠤᠮ᠃


ᠯᠠᠪᠯᠠᠯᠳᠠ ᠪᠣᠯᠭᠠᠭᠰᠠᠨ ᠮᠠᠲ᠋ᠸᠷᠢᠶᠠᠯ᠄

《ᠮᠤᠩᠭ᠋ᠤᠯ ᠳᠤᠯᠭᠤᠷ ᠪᠢᠴᠢᠭ᠌ ᠤᠨ ᠴᠤᠪᠣᠷᠠᠯ》

《ᠢᠰᠢᠳᠠᠠᠽᠠᠠᠸᠠᠩᠵᠢᠯ ᠤᠨ ᠰᠢᠯᠦᠭ᠌ ᠤᠳ》


2009.12


ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠭᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 11920
ᠴᠠᠭ᠄ 2010 ᠤᠨ ᠤ 03 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ