ᠰᠠᠢ᠌ᠬᠠᠨ ᠬᠠᠨ ᠤ ᠵᠢᠪᠠᠷ

ᠰᠠᠢ᠌ᠬᠠᠨ ᠬᠠᠨ ᠤ ᠵᠢᠪᠠᠷ  


ᠨᠠᠭᠤᠷ ᠤᠨ ᠶᠢᠡᠨ ᠣᠰᠤᠨ ᠤ ᠳᠤᠩᠭ᠋ᠠᠯᠠᠭ ᠭᠡᠪᠠᠯᠢ ᠳ᠋ᠤ  

ᠡᠭᠦᠯᠡ ᠲᠡᠶ ᠪᠠᠨ ᠶᠠᠷᠢᠳᠠᠭ

ᠠᠯᠳᠠᠩᠬᠸ᠎ᠠ ᠴᠡᠴᠡᠭ᠌ ᠤᠨ ᠭᠤᠶᠤᠬᠠᠨ ᠭᠠᠯᠪᠢᠷ  

ᠳᠤᠷᠠᠰᠬᠤ ᠶᠢᠨ ᠡᠷᠭᠡᠨ ᠳᠤ ᠵᠡᠭᠦᠳᠤᠨ ᠳᠡᠭᠡᠨ ᠣᠴᠠᠷᠠᠳᠠᠭ

ᠳᠤᠭᠤᠢ ᠭᠦᠭᠡᠷᠦᠭᠦᠨ ᠴᠢᠨᠤ ᠳᠦᠷᠢ᠁   


ᠰᠠᠢ᠌ᠬᠠᠨ ᠬᠠᠨ ᠤ ᠪᠠᠨ ᠣᠷᠤᠢ ᠳ᠋ᠤ  

                  ᠭᠠᠷᠴᠤ ᠨᠢᠭᠡ ᠬᠠᠷᠠᠶ᠎ᠠ ᠭᠡᠭᠦ

ᠰᠠᠨᠠᠭ᠎ᠠ ᠨᠢ ᠪᠠᠢ᠌ᠭᠠᠤᠨ ᠴᠠᠭ ᠨᠢ ᠥᠭᠡᠢ  

                  ᠮᠢᠨᠤ ᠳᠤᠷᠠᠰᠤᠯ

ᠴᠢᠨᠤ ᠵᠥᠭᠡᠯᠡᠨ ᠠᠮᠢᠰᠬᠤᠭᠠᠨ ᠳᠤ

                  ᠬᠠᠮᠤᠭ ᠤᠢ᠌ᠷᠠᠬᠠᠨ ᠵᠢᠷᠭᠠᠶ᠎ᠠ ᠭᠡᠭᠦ

ᠴᠢᠩ ᠰᠡᠳᠭᠢᠯ ᠤᠨ ᠮᠦᠷᠦᠭᠡᠳᠦᠯ ᠶᠢᠡᠨ

                   ᠳᠠᠰᠤ ᠨᠢᠭᠤᠳᠠᠭ

                   ᠮᠢᠨᠤ ᠵᠠᠶᠠᠭ᠎ᠠ


ᠪᠢ ᠵᠥᠪᠭᠡᠨ ᠭᠦᠮᠤᠨ ᠤ

            ᠣᠯᠠᠷᠢᠯ ᠤᠨ ᠰᠠᠯᠭᠢ


ᠰᠠᠢ᠌ᠨ ᠰᠠᠢ᠌ᠬᠠᠨ ᠪᠣᠯᠪᠠᠰᠤᠨ ᠭᠡᠳᠡᠭ᠌ ᠲᠤ

ᠬᠠᠢ᠌ᠷ᠎ᠠ ᠪᠠᠨ ᠠᠮᠢᠳᠤ ᠪᠠᠷ ᠨᠢ ᠪᠣᠯᠠᠰᠢᠯᠠᠳᠠᠭ

ᠰᠡᠳᠬᠢᠯᠭᠡ ᠶᠢᠨ ᠭᠢᠮᠤᠷᠠᠯ

        

ᠣᠯᠠᠨ ᠤ ᠨᠢᠳᠤᠨ ᠳᠡᠭᠡᠷ᠎ᠡ

ᠴᠢᠨᠤ ᠭᠦ᠋ ᠬᠠᠷ᠎ᠠ ᠭᠡᠵᠢᠭᠡ ᠶᠢ ᠡᠩᠭᠦᠷᠡᠢ᠌ᠯᠡᠨ ᠢᠯᠪᠢᠳᠡᠭ᠌

ᠰᠠᠢ᠌ᠬᠠᠨ ᠬᠠᠨ ᠤ ᠵᠢᠪᠠᠷ᠁


ᠵᠤᠬᠢᠶᠠᠭᠴᠢ ᠶᠢᠨ ᠬᠠ‍‌ᠶᠢᠭ ᠄ ᠪᠠᠭᠠᠷᠢᠨ ᠤ ᠪᠠᠢ᠌ᠰᠢᠩᠳᠤ

ᠵᠤᠬᠢᠶᠠᠭᠴᠢ᠄ ᠳ᠋·ᠪᠦᠷᠢᠨ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1486
ᠴᠠᠭ᠄ 2011 ᠤᠨ ᠤ 11 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁