《ᠴᠢᠯᠠᠭᠤᠨ ᠰᠤᠳᠤᠷ》 ᠊ᠤᠨ ᠳᠤᠬᠠᠢ ᠰᠤᠳᠤᠯᠤᠯ

《ᠠᠭᠤᠯᠭ᠎ᠠ ᠶᠢᠨ ᠳᠤᠪᠴᠢ》᠄ ᠳᠤᠰ ᠥᠭᠦᠯᠡᠯ ᠳᠤ ᠰᠢᠠᠵᠢᠶᠠᠩ ᠤᠨ ᠢᠯᠢ ᠵᠸᠤ ᠶᠢᠨ ᠨᠢᠯᠬ᠎ᠠ ᠰᠢᠶᠠᠨ ᠤ ᠭᠢᠯᠢ ᠳᠤᠳᠤᠷ᠎ᠠ ᠡᠴᠡ ᠣᠯᠳᠠᠭᠰᠠᠨ 《ᠴᠢᠯᠠᠭᠤᠨ ᠰᠤᠳᠤᠷ》᠊ᠤᠨ ᠣᠬᠠᠭᠳᠠᠬᠤᠨ ᠪᠠ ᠢᠷᠠᠯᠳᠠ᠂ ᠬᠠᠢ᠌ᠨ ᠰᠢᠡᠵᠢᠯᠡᠭ᠍ᠰᠡᠨ ᠶᠠᠪᠣᠴᠠ᠂ ᠳᠡᠭᠦᠨ ᠤ ᠢᠯᠡᠷᠡᠭ᠍ᠰᠡᠨ ᠳᠡᠦᠭᠡ ᠰᠤᠶᠤᠯ ᠤᠨ ᠠᠷᠤ ᠭᠦᠰᠢᠭᠡ ᠪᠠ ᠴᠠᠭ ᠦᠶ᠎ᠡ ᠶᠢᠨ ᠳᠤᠬᠠᠢ ᠪᠠᠳᠤᠯᠠᠯᠳᠠ ᠨᠤᠳᠠᠯᠠᠯᠳᠠ ᠭᠢᠵᠤ᠂ ᠪᠠᠯᠠᠨ ᠮᠠᠲ᠋ᠸᠷᠢᠶᠠᠯ ᠢ ᠣᠩᠰᠢᠨ ᠳᠤᠳᠤᠷᠬᠠᠢ᠌ᠯᠠᠵᠤ᠂ ᠦᠪᠡᠷ ᠤᠨ ᠭᠡᠰᠡᠨ ᠰᠢᠨ᠎ᠠ ᠦᠵᠡᠯᠳᠠ ᠶᠢ ᠳᠤᠷᠠᠳᠠᠭᠰᠠᠨ ᠪᠣᠯᠤᠨ᠎ᠠ᠃

《ᠵᠠᠩᠭᠢᠯᠭ᠎ᠠ ᠶᠢᠨ ᠥᠭᠡ》 ᠄ ᠴᠢᠯᠠᠭᠤᠨ ᠰᠤᠳᠤᠷ᠂ ᠴᠠᠭ ᠦᠶ᠎ᠡ᠂ ᠵᠠᠳᠠᠯᠤᠯᠳᠠ

ᠨᠢᠭᠡ᠂ 《ᠴᠢᠯᠠᠭᠤᠨ ᠰᠤᠳᠤᠷ》᠊ᠤᠨ ᠣᠬᠠᠭᠳᠠᠬᠤᠨ ᠪᠠ ᠢᠷᠠᠯᠳᠠ

ᠰᠢᠠᠵᠢᠶᠠᠩ ᠤᠨ ᠣᠢ᠌ᠭᠤᠷ ᠤᠨ ᠦᠪᠠᠷᠳᠡᠭᠡᠨ ᠵᠠᠰᠠᠬᠤ ᠣᠷᠤᠨ ᠤ ᠢᠯᠢ ᠶᠢᠨ ᠬᠠᠰᠠᠭ ᠤᠪᠠᠷᠳᠡᠭᠡᠨ ᠵᠠᠰᠠᠬᠤ ᠵᠸᠤ ᠶᠢᠨ ᠨᠢᠯᠬ᠎ᠠ ᠰᠢᠶᠠᠨ ᠤ ᠨᠢᠯᠬ᠎ᠠ ᠶᠢᠨ ᠭᠤᠤᠯ ᠤᠨ ᠳᠤᠮᠳᠠ ᠣᠷᠤᠰᠬᠠᠯ ᠤᠨ ᠴᠠᠭᠠᠨ ᠬᠠᠳᠠ ᠶᠢᠨ ᠣᠷᠴᠢᠮ ᠡᠴᠡ᠂ ᠭᠡᠰᠡᠭ᠌ ᠭᠡᠰᠡᠭ᠌ ᠤᠯᠡᠨ ᠴᠢᠯᠡᠭᠤᠨ ᠳᠡᠭᠡᠷ᠎ᠡ ᠳᠤᠳᠤ ᠮᠤᠩᠭ᠋ᠤᠯ ᠪᠠ ᠵᠠᠷᠢᠮ ᠴᠢᠯᠠᠭᠤᠨ ᠳᠤ ᠳᠦᠪᠠᠳ ᠥᠰᠦᠭ᠌ ᠶᠢᠡᠷ ᠪᠢᠴᠢᠭ᠍ᠰᠡᠨ ᠣᠯᠠᠨ ᠴᠢᠯᠠᠭᠤ ᠪᠠᠢ᠌ᠭᠰᠠᠨ ᠢ ᠳᠤᠬᠠᠢ ᠶᠢᠨ ᠭᠠᠵᠠᠷ ᠤᠨ ᠮᠤᠩᠭ᠋ᠤᠯᠴᠤᠳ ᠡᠷᠳᠡᠨ ᠡᠴᠡ 《ᠪᠢᠴᠢᠭ᠍ᠳᠡᠢ ᠴᠢᠯᠠᠭᠤᠨ》 ᠭᠡᠵᠤ ᠨᠠᠷᠠᠯᠠᠵᠤ ᠢᠷᠡᠭ᠍ᠰᠡᠨ ᠪᠦᠭᠡᠳ ᠲ᠋ᠡᠭᠦᠨ ᠢ ᠬᠠᠢ᠌ᠷᠠᠯᠠᠨ ᠬᠠᠮᠠᠭᠠᠯᠠᠵᠤ᠂ ᠰᠢᠳᠤᠵᠤ ᠳᠠᠭᠢᠵᠤ ᠢᠷᠡᠭ᠍ᠰᠡᠨ ᠳᠡᠦᠭᠡ ᠲᠡᠶ ᠰᠠᠠᠵᠢ᠃ ᠡᠨᠡᠭᠦ 《ᠪᠢᠴᠢᠭ᠍ᠳᠡᠢ ᠴᠢᠯᠠᠭᠤᠨ》᠊ᠤ ᠳᠤᠭ᠎ᠠ ᠭᠡᠮᠵᠢᠶ᠎ᠡ ᠤᠯᠡᠨ ᠪᠠᠢ᠌ᠳᠠᠭ ᠶᠢᠡᠷ ᠨᠢ ᠭᠦᠮᠦᠰ ᠠᠶᠠᠠᠳᠠᠭᠠᠨ 《ᠴᠢᠯᠠᠭᠤᠨ ᠰᠤᠳᠤᠷ》 ᠭᠡᠮᠡᠨ ᠨᠡᠷᠡᠯᠡᠭ᠍ᠰᠡᠨ ᠪᠢᠯᠠ᠃ 《ᠴᠢᠯᠠᠭᠤᠨ ᠰᠤᠳᠤᠷ》᠊ᠤᠨ ᠳᠤᠬᠠᠢ ᠨᠤᠳᠤᠭ ᠤᠨ ᠳᠤᠳᠤᠷ᠎ᠠ ᠨᠠᠯᠢᠶᠠᠤᠨ ᠶᠠᠷᠢᠶ᠎ᠠ ᠭᠡᠯᠡᠯᠭᠡ ᠪᠠᠢ᠌ᠳᠠᠭ ᠢ ᠪᠢ ᠡᠪᠦᠭᠡᠳ ᠨᠠᠰᠤᠳᠠᠤᠨ ᠢ ᠰᠤᠷᠪᠣᠯᠵᠢᠯᠠᠬᠤ ᠪᠠᠷ ᠳᠠᠮᠵᠢᠨ ᠣᠢ᠌ᠯᠠᠭᠠᠨ ᠮᠡᠳᠡᠭ᠍ᠰᠡᠨ ᠪᠢᠯᠠ᠃

2007 ᠣᠨ ᠤ ᠬᠠᠪᠣᠷ ᠡᠴᠡ ᠪᠢ ᠠᠵᠢᠯ ᠤᠨ ᠴᠢᠯᠦᠭᠡ ᠵᠠᠪ ᠶᠢᠡᠷ ᠬᠣᠢ᠌ᠴᠢ ᠶᠢᠨ ᠴᠦᠷᠤᠮ ᠳᠠᠤᠯᠠᠢ ᠵᠢᠯᠳᠠᠢ᠂ 69 ᠨᠠᠰᠤᠳᠠᠢ᠂ ᠮᠠᠯᠴᠢᠨ᠃ ᠴᠣᠢ᠌ᠳᠤᠨ ᠤ ᠴᠡᠭᠡᠢ᠂ ᠮᠦᠷᠢᠨ ᠵᠢᠯᠳᠠᠢ᠂ 66 ᠨᠠᠰᠤᠳᠠᠢ᠂ ᠪᠠᠭ᠎ᠠ ᠰᠤᠷᠭᠠᠭᠤᠯᠢ ᠶᠢᠨ ᠪᠠᠭᠰᠢ ᠪᠠᠢ᠌ᠭᠰᠡᠨ᠂ ᠴᠡᠪᠠᠭ᠌ ᠤᠨ ᠵᠤᠤᠵᠠᠢ ᠬᠤᠨᠢᠨ ᠵᠢᠯᠳᠠᠢ᠂ 65 ᠨᠠᠰᠤᠳᠠᠢ᠂ ᠮᠠᠯ ᠤᠨ ᠡᠮᠴᠢ ᠪᠠᠢ᠌ᠭᠰᠠᠨ᠃ ᠡᠳᠡᠭᠡᠷ ᠭᠦᠮᠦᠰ ᠢ ᠲ᠋ᠤᠰᠭᠠᠢ᠌ᠯᠠᠨ ᠰᠤᠷᠪᠣᠯᠵᠢᠯᠠᠬᠤ ᠪᠠᠷ ᠳᠠᠮᠵᠢᠨ 《ᠴᠢᠯᠠᠭᠤᠨ ᠰᠤᠳᠤᠷ》᠊ᠤᠨ ᠳᠤᠬᠠᠢ ᠨᠤᠳᠤᠭ ᠤᠨ ᠳᠤᠮᠳᠠᠭᠢ ᠶᠠᠷᠢᠶ᠎ᠠ ᠭᠡᠯᠡᠯᠭᠡ ᠶᠢ ᠴᠤᠭᠯᠠᠭᠤᠯᠠᠨ ᠣᠢ᠌ᠯᠠᠭᠠᠵᠠᠢ᠃ ᠣᠴᠢᠷ ᠨᠢ ᠡᠳᠡᠭᠡᠷ ᠭᠦᠮᠦᠰ ᠪᠦᠷ ᠪᠠᠭ᠎ᠠ ᠡᠴᠡ ᠪᠠᠨ ᠳᠤᠰ ᠴᠢᠯᠠᠭᠤᠨ ᠰᠤᠳᠤᠷ ᠢ ᠨᠢᠳᠤ ᠪᠠᠷ ᠶᠢᠡᠨ ᠦᠵᠡᠵᠤ᠂ ᠭᠠᠷ ᠶᠢᠡᠷ ᠶᠢᠡᠨ ᠪᠠᠷᠢᠵᠤ᠂ ᠥᠰᠦᠭ᠌ ᠳᠠᠨᠢᠵᠤ ᠮᠡᠳᠡᠭᠦ ᠡᠴᠡ ᠣᠩᠰᠢᠵᠤ ᠢᠷᠡᠭ᠍ᠰᠡᠨ ᠭᠦᠮᠦᠰ ᠪᠢᠯᠠ᠃

ᠨᠠᠰᠤᠳᠠᠢ᠌ᠴᠤᠳ ᠤᠨ ᠭᠡᠯᠡᠭᠦ ᠪᠠᠷ ᠡᠮᠦᠨ᠎ᠡ ᠵᠠᠭᠤᠨ ᠤ ᠳᠠᠪᠢᠭᠠᠤᠨ ᠣᠨ ᠤ ᠦᠶ᠎ᠡ ᠪᠠᠷ ᠮᠤᠩᠭ᠋ᠤᠯᠴᠤᠳ ᠡ᠊ᠨᠳᠡᠭᠦᠷ ᠥᠩᠭᠡᠷᠡᠭᠦ ᠳᠡᠭᠡᠨ ᠮᠤᠷᠢᠨ ᠡᠴᠡ ᠪᠠᠨ ᠪᠠᠭᠤᠵᠤ ᠮᠥᠷᠭᠦᠵᠤ ᠶᠤᠰᠤᠯᠠᠳᠠᠭ ᠪᠦᠭᠡᠳ᠂ ᠰᠠᠴᠤᠯ ᠰᠠᠴᠤᠵᠤ ᠵᠠᠯᠪᠢᠷᠠᠵᠤ ᠰᠥᠰᠦᠭᠯᠡᠳᠡᠭ᠌ ᠪᠠᠢ᠌ᠵᠠᠢ᠃ ᠵᠤᠨ ᠤ ᠳᠤᠯᠠᠭᠠᠨ ᠦᠶ᠎ᠡ ᠪᠠᠷ ᠯᠠᠮ᠎ᠠ ᠪᠣᠶᠤ ᠨᠤᠮ ᠪᠢᠴᠢᠭ᠌ ᠮᠡᠳᠡᠳᠡᠭ᠌ ᠪᠢᠴᠢᠭᠡᠴᠢ ᠭᠦᠮᠦᠰ ᠳᠤᠰᠭᠠᠢ᠌ᠯᠠᠨ ᠢᠷᠠᠵᠤ ᠰᠠᠩ ᠭᠦᠵᠢ ᠣᠮᠤᠯᠭᠠᠵᠤ᠂ ᠳᠤᠰ ᠰᠤᠳᠤᠷ ᠢ ᠣᠩᠰᠢᠬᠤ ᠪᠡ ᠪᠢᠴᠢᠭᠡᠴᠢ ᠭᠦᠮᠦᠰ ᠨᠢ ᠳᠤᠰ ᠰᠤᠳᠤᠷ ᠤᠨ ᠪᠢᠴᠢᠭ᠌ ᠲ᠋ᠡᠭᠡᠭᠦᠷ ᠨᠢ ᠥᠩᠭᠡᠯᠡᠵᠤ ᠪᠣᠳᠤᠳᠠᠭ ᠪᠠ ᠰᠠᠯᠪᠠᠷᠠᠵᠤ ᠪᠣᠳᠠᠷᠠᠭᠰᠠᠨ ᠢ ᠬᠤᠷᠢᠶᠠᠵᠤ ᠴᠤᠭᠯᠠᠭᠤᠯᠠᠭᠠᠤᠨ ᠳᠠᠰ ᠳᠠᠷᠠᠭ᠎ᠠ ᠪᠠᠷ ᠨᠢ ᠳᠠᠯᠪᠢᠳᠠᠭ ᠪᠠᠢ᠌ᠵᠠᠢ᠃ ᠡᠢ᠌ᠮᠦᠷᠭᠦ ᠪᠠᠢ᠌ᠳᠠᠯ ᠡᠮᠦᠨ᠎ᠡ ᠵᠠᠭᠤᠨ ᠤ ᠳᠠᠪᠢᠭᠠᠤᠨ ᠣᠨ ᠤ ᠰᠡᠭᠦᠯᠴᠢ ᠦᠶ᠎ᠡ ᠭᠦᠷᠳᠡᠯ᠎ᠡ ᠥᠷᠭᠦᠯᠵᠢᠯᠡᠩᠰᠡᠨ ᠪᠦᠭᠡᠳ᠂ ᠳᠡᠭᠦᠨ ᠤ ᠳᠠᠷᠠᠭ᠎ᠠ ᠪᠠᠷ ᠭᠡᠳᠦᠷᠡᠭᠡᠢ ᠪᠠᠷᠠᠭᠤᠨ ᠤ ᠦᠵᠡᠯ ᠤᠨ ᠨᠥᠯᠦᠭᠡᠨ ᠡᠴᠡ ᠪᠣᠯᠵᠤ ᠳᠤᠰ 《ᠴᠢᠯᠠᠭᠤᠨ ᠰᠤᠳᠤᠷ》 ᠨᠢ ᠬᠠᠭᠤᠴᠢᠨ ᠤ ᠵᠣᠢ᠌ᠯ ᠶᠢᠡᠷ ᠭᠠᠢ᠌ᠯᠠᠭᠳᠠᠵᠤ ᠭᠢᠰᠭᠢᠯᠠᠭᠠᠨ ᠳᠤ ᠬᠠᠶᠠᠭᠳᠠᠨ ᠭᠡᠷᠡᠭ᠍ᠴᠡᠭᠡᠨ ᠡᠴᠡ ᠬᠤᠴᠤᠷᠴᠤ᠂ ᠵᠠᠷᠢᠮ ᠭᠦᠮᠦᠰ ᠬᠤᠷᠤᠭ᠎ᠠ ᠬᠠᠰᠢᠶᠠᠨ ᠤ ᠴᠢᠯᠠᠭᠤᠨ ᠤ ᠣᠷᠤᠨ ᠳᠤ ᠥᠷᠦᠭ᠍ᠰᠡᠨ ᠴᠢᠭᠢ ᠰᠤᠨᠤᠰᠳᠠᠳᠠᠭ᠃ ᠳᠠᠢ᠌ᠮᠤ ᠴᠤ ᠣᠴᠢᠷ ᠡᠴᠡ ᠶᠡᠭᠡ ᠣᠯᠠᠨ ᠪᠢᠴᠢᠭ᠍ᠳᠡᠢ ᠴᠢᠯᠠᠭᠤ ᠨᠢ ᠭᠡᠭᠡᠭ᠍ᠳᠡᠵᠤ ᠪᠣᠳᠠᠷᠠᠭᠰᠠᠨ ᠪᠠᠢ᠌ᠨ᠎ᠠ᠃ ᠢ᠌ᠩᠭᠢᠭᠡᠳ ᠭᠤᠴᠢ ᠰᠢᠬᠠᠮ ᠵᠢᠯ ᠤᠨ ᠳᠠᠷᠠᠭ᠎ᠠ ᠲᠦᠷᠦ ᠶᠢᠨ ᠪᠣᠳᠤᠯᠭ᠎ᠠ ᠶᠢᠨ ᠰᠠᠢ᠌ᠵᠢᠷᠠᠬᠤ ᠶᠢ ᠳᠠᠭᠠᠯᠳᠤᠨ ᠰᠡᠭᠡᠭᠡᠳᠡᠨ ᠺᠠᠳ᠋ᠷᠴᠤᠳ ᠪᠡ ᠡᠷᠳᠡᠮᠳᠡᠨ᠂ ᠳᠡᠭᠦᠡᠴᠢᠯᠡᠨ ᠬᠤᠯᠪᠣᠭᠳᠠᠯᠳᠠᠢ ᠨᠢᠭᠡᠴᠡ ᠪᠠᠢ᠌ᠭᠤᠯᠤᠯᠭ᠎ᠠ ᠡᠴᠡ ᠳᠤᠰ 《ᠴᠢᠯᠠᠭᠤᠨ ᠰᠤᠳᠤᠷ》᠊ᠢ ᠠᠩᠬᠠᠷᠤᠨ ᠭᠦᠡᠳᠦᠳᠭᠡᠨ ᠴᠢᠬᠤᠯᠠᠴᠢᠯᠠᠵᠤ᠂ ᠴᠤᠭᠯᠤᠭᠤᠯᠵᠤ ᠡᠭᠢᠯᠡᠵᠡᠢ᠃ ᠡᠭᠦᠨ ᠳᠤ ᠭᠤᠤᠯᠳᠠᠭᠤ ᠭᠦᠭᠡ‍ᠬᠤᠳᠤᠭᠤᠷ ᠮᠤᠩᠭ᠋ᠤᠯ ᠦᠨᠳᠦᠰᠦᠳᠠᠨ ᠤ ᠰᠤᠮᠤᠨ ᠤ ᠪᠠᠭ᠎ᠠ ᠰᠤᠷᠭᠠᠭᠤᠯᠢ ᠶᠢᠨ ᠪᠠᠭᠰᠢ ᠴᠣᠢ᠌ᠨᠵᠳ ᠤ ᠮᠥᠩᠭᠡ᠂ ᠰᠢᠡᠵᠢᠶᠡᠩ ᠶᠡᠭᠡ ᠰᠤᠷᠭᠠᠭᠤᠯᠢ ᠶᠢᠨ ᠪᠠᠭᠰᠢ ᠡᠷᠳᠡᠨᠢᠪᠠᠶᠡᠷ᠂ ᠨᠢᠯᠬ᠎ᠠ ᠶᠢᠨ ᠭᠤᠤᠯ ᠤᠨ ᠴᠢ᠊·ᠪᠠᠮᠪᠠᠷ᠂ ᠴᠡᠭᠡᠢ ᠪᠠᠭᠰᠢ᠂ ᠳᠦᠭᠦᠷ ᠤᠨ ᠴᠦᠷᠤᠮ᠂ ᠰᠢᠶᠠᠨ ᠤ ᠬᠠᠩᠭ᠋ᠠᠨ ᠪᠣᠷᠤᠯᠠᠭᠤᠯᠬᠤ ᠬᠤᠷᠰᠢᠶᠠᠨ ᠤ ᠵᠢᠪᠰᠠᠨ ᠤ ᠨᠠᠮᠵᠢᠯ᠂ ᠳᠤᠬᠠᠢ ᠶᠢᠨ ᠦᠶ᠎ᠡ ᠶᠢᠨ ᠰᠢᠶᠠᠨ ᠤ ᠠᠷᠠᠤᠨ ᠤᠨ ᠳᠦᠯᠦᠭᠡᠯᠡᠭ᠍ᠴᠢ ᠶᠢᠨ ᠪᠠᠢ᠌ᠩᠭ᠋ᠤ ᠬᠤᠷᠢᠶᠠᠨ ᠤ ᠳᠠᠳ᠋ ᠳᠠᠷᠤᠭ᠎ᠠ ᠳᠦᠭᠦᠷ ᠤᠨ ᠬᠤᠴᠢᠶᠠᠨ ᠵᠡᠷᠭᠡ ᠭᠦᠮᠦᠰ ᠤᠨ ᠣᠷᠤᠯᠴᠠᠯᠠᠭ᠎ᠠ ᠪᠠᠷ 1988 ᠣᠨ ᠤ 10 ᠰᠠᠷ᠎ᠠ ᠳᠤ᠂ ᠦᠪᠠᠷᠳᠡᠭᠡᠨ ᠵᠠᠰᠠᠬᠤ ᠣᠷᠤᠨ ᠤ ᠳᠡᠦᠭᠡ ᠰᠤᠶᠤᠯ ᠢ ᠬᠠᠢ᠌ᠨ ᠰᠢᠡᠵᠢᠯᠡᠭᠦ ᠳᠤᠭᠣᠢ᠌ᠯᠠᠩ ᠤᠨ ᠰᠢᠷᠭᠠᠭᠤ ᠠᠵᠢᠯᠯᠠᠭᠰᠠᠨ ᠤ ᠦᠷ᠎ᠡ ᠳ᠋ᠦ᠋ᠩ ᠳᠤ ᠨᠠᠢ᠌ᠳᠠ 46 ᠭᠡᠰᠡᠭ᠌ ᠳᠤᠳᠤ ᠮᠤᠩᠭ᠋ᠤᠯ ᠪᠢᠴᠢᠭ᠍ᠳᠡᠢ 43 ᠭᠡᠰᠡᠭ᠌ ᠴᠢᠯᠠᠭᠤ᠂ ᠲᠦᠪᠡᠳ ᠪᠢᠴᠢᠭ᠍ᠳᠡᠢ 3 ᠭᠡᠰᠡᠭ᠌ ᠴᠢᠯᠠᠭᠤ ᠶᠢ ᠬᠤᠷᠢᠶᠠᠨ ᠴᠤᠭᠯᠠᠭᠤᠯᠵᠤ ᠥᠪᠠᠷᠳᠡᠭᠡᠨ ᠵᠠᠰᠠᠠᠬᠤ ᠣᠷᠤᠨ ᠤ ᠠᠷᠠᠤᠨ ᠤᠨ ᠮᠦᠽᠧᠢ ᠳᠤ ᠬᠠᠳᠠᠭᠠᠯᠠᠵᠠᠢ᠃ ᠮᠦᠨ 1989 ᠣᠨ ᠤ ᠨᠢᠭᠡᠳᠦᠭᠡᠷ ᠬᠤᠭᠤᠴᠠᠭᠠᠨ ᠤ 《ᠰᠢᠠᠵᠢᠶᠠᠩ ᠤᠨ ᠰᠤᠶᠤᠯ ᠳᠤᠷᠠᠰᠬᠠᠯ》 ᠰᠡᠳᠭᠦᠯ ᠳᠤ᠂ ᠳᠤᠰ ᠨᠢᠯᠬ᠎ᠠ ᠰᠢᠶᠠᠨ ᠡᠴᠡ ᠣᠯᠳᠠᠭᠰᠠᠨ 《ᠴᠢᠯᠠᠭᠤᠨ ᠰᠤᠳᠤᠷ》᠊ᠤᠨ ᠳᠤᠬᠠᠢ ᠨᠠᠷᠢᠨ ᠳᠠᠨᠢᠯᠴᠠᠭᠤᠯᠵᠤ᠂ ᠳᠤᠰ ᠪᠢᠴᠢᠭ᠍ᠳᠡᠢ ᠴᠢᠯᠠᠭᠤ ᠨᠤᠭᠤᠳ ᠤᠨ ᠬᠠᠮᠤᠭ ᠤᠨ ᠳᠤᠮᠤ ᠶᠢᠨ ᠣᠷᠳᠤ ᠨᠢ 43cm᠂ ᠥᠷᠭᠡᠨ ᠨᠢ 26cm᠂ ᠵᠤᠵᠠᠭᠠᠨ ᠨᠢ 4.5 cm᠃ ᠬᠠᠮᠤᠭ ᠪᠠᠭ᠎ᠠ ᠶᠢᠨ ᠣᠷᠳᠤ ᠨᠢ 30cm᠂ ᠥᠷᠭᠡᠨ ᠨᠢ 19cm᠂ ᠵᠤᠵᠠᠭᠠᠨ ᠨᠢ 3.5cm ᠪᠠᠢ᠌ᠭᠰᠠᠨ ᠭᠡᠵᠤ ᠮᠡᠳᠡᠭᠡᠯᠡᠵᠡᠢ᠃ ᠭᠡᠪᠠᠴᠤ ᠬᠠᠷᠠᠮᠰᠠᠯ ᠲᠡᠶ ᠨᠢ ᠳᠤᠰ 《ᠴᠢᠯᠠᠭᠤᠨ ᠰᠤᠳᠤᠷ》᠊ᠢ ᠳᠡᠭᠦᠨ ᠤ ᠳᠠᠷᠠᠭ᠎ᠠ ᠳᠠᠭᠢᠵᠤ ᠰᠤᠳᠤᠯᠤᠭᠰᠠᠨ ᠵᠤᠬᠢᠶᠠᠯ ᠶᠠᠷᠤ ᠬᠠᠷᠠᠭᠳᠠᠭᠰᠠᠨ ᠦᠭᠡᠶ᠃ ᠬᠤᠷᠢ ᠰᠢᠬᠠᠮ ᠵᠢᠯ ᠤᠨ ᠳᠠᠷᠠᠭ᠎ᠠ 2007 ᠣᠨ ᠳᠤ ᠮᠢᠨᠤ ᠪᠠᠶ᠎ᠠ 《ᠰᠤᠶᠤᠯ ᠤᠨ ᠠᠪᠣᠷᠭᠤ ᠪᠦᠳᠦᠭᠡᠯ ᠴᠢᠯᠠᠭᠤᠨ ᠰᠤᠳᠤᠷ ᠤᠨ ᠳᠤᠬᠠᠢ》 ᠭᠡᠰᠡᠨ ᠥᠭᠦᠯᠡᠯ ᠶᠢᠡᠨ ᠣᠢ᠌ᠷᠠᠤᠨ ᠮᠤᠩᠭ᠋ᠤᠯ ᠤᠨ ᠰᠤᠶᠤᠯ ᠳᠡᠦᠭᠡ ᠶᠢᠨ ᠡᠷᠳᠡᠮ ᠰᠢᠡᠵᠢᠯᠡᠭᠡᠨ ᠤ ᠬᠤᠷᠠᠯ ᠳᠤ ᠳᠡᠪᠰᠢᠭᠦᠯᠵᠤ ᠡᠷᠳᠡᠮᠳᠡᠳ ᠤᠨ ᠠᠩᠬᠠᠷᠠᠯ ᠢ ᠳᠠᠳᠠᠵᠤ ᠪᠠᠢ᠌ᠭᠰᠠᠨ ᠨᠢ ᠨᠠᠳᠠ ᠳᠤ ᠵᠤᠷᠢᠭᠵᠢᠭᠤᠯᠠᠯ ᠪᠣᠯᠵᠤ᠂ ᠳᠠᠷᠠᠭ᠎ᠠ ᠪᠠᠷ ᠬᠠᠢ᠌ᠨ ᠰᠢᠡᠵᠢᠯᠡᠭᠡ ᠪᠠᠨ ᠣᠯᠠᠮ ᠴᠢᠩᠭ᠋ᠠᠳᠬᠠᠵᠤ᠂ ᠴᠥᠭᠦᠷᠦᠯᠳᠡ ᠦᠭᠡᠶ ᠰᠤᠷᠠᠭ ᠴᠢᠮᠡᠭᠡ ᠠᠪᠬᠤ ᠪᠠᠷ ᠳᠠᠮᠵᠢᠨ ᠵᠠᠷᠢᠮ ᠠᠢ᠌ᠯ ᠤᠳ ᠶᠢᠡᠷ 《ᠴᠢᠯᠠᠭᠤᠨ ᠰᠤᠳᠤᠷ》 ᠤᠨ ᠨᠢᠭᠡ ᠬᠤᠶᠠᠷ ᠭᠡᠰᠡᠭ᠌ ᠴᠢᠯᠠᠭᠤ ᠪᠠᠢ᠌ᠬᠤ ᠶᠢ ᠣᠯᠵᠤ ᠰᠤᠨᠤᠰᠤᠭᠰᠠᠨ ᠤ ᠬᠠᠮᠳᠤ᠂ ᠵᠠᠪ ᠲ᠋ᠤᠭᠢᠶᠠᠯ ᠢ ᠠᠰᠢᠭᠯᠠᠨ ᠳᠠᠳᠠᠨ ᠤ ᠭᠡᠷ ᠶᠢᠡᠷ ᠰᠤᠷᠪᠣᠯᠵᠢᠯᠠᠵᠤ᠂ ᠵᠦᠪᠰᠢᠶᠠᠷᠠᠯ ᠣᠯᠤᠭᠰᠠᠨ ᠨᠥᠭᠦᠴᠡᠯ ᠳᠤᠤᠷ᠎ᠠ ᠹᠤᠲ᠋ᠤ᠋ ᠵᠢᠷᠤᠭ ᠲᠤ ᠪᠠᠭᠤᠯᠭᠠᠨ ᠠᠪᠴᠠᠢ᠃ ᠡᠭᠦᠨ ᠳᠤ ᠨᠢᠭᠡ ᠮᠠᠯᠴᠢᠨ ᠠᠢ᠌ᠯ ᠡᠴᠡ ᠨᠢᠭᠡ ᠴᠢᠯᠠᠭᠤ᠂ ᠪᠠᠰᠠ ᠨᠢᠭᠡ ᠮᠠᠯᠴᠢᠨ ᠠᠢ᠌ᠯ ᠡᠴᠡ ᠭᠤᠷᠪᠠᠨ ᠴᠢᠯᠠᠭᠤ᠂ ᠰᠢᠶᠠᠨ ᠳᠡᠭᠡᠷ᠎ᠡ ᠠᠵᠢᠯᠳᠠᠢ ᠨᠢᠭᠡ ᠠᠢ᠌ᠯ ᠡᠴᠡ ᠨᠢᠭᠡ ᠴᠢᠯᠠᠭᠤ ᠨᠠᠢ᠌ᠳᠠ ᠳᠠᠪᠤᠨ ᠭᠡᠰᠡᠭ᠌ ᠴᠢᠯᠠᠭᠤ ᠶᠢ ᠣᠯᠵᠤ ᠰᠡᠭᠦᠳᠡᠷᠯᠡᠵᠤ ᠠᠪᠣᠭᠰᠠᠨ ᠮᠢᠨᠢ ᠨᠠᠳᠠᠳᠤ ᠪᠣᠳᠠᠳᠠᠢ ᠮᠠᠲ᠋ᠸᠷᠢᠶᠠᠯ ᠬᠠᠩᠭ᠋ᠠᠭᠰᠠᠨ ᠪᠢᠯᠠ᠃

ᠳᠤᠰ 《ᠴᠢᠯᠠᠭᠤᠨ ᠰᠤᠳᠤᠷ》᠊ᠢ ᠭᠡᠨ ︖ ᠭᠡᠵᠢᠶ᠎ᠡ ︖ ᠬᠠᠮᠢᠭ᠎ᠠ ︖ ᠶᠠᠭᠤᠨ ᠤ ᠣᠴᠢᠷ ᠡᠴᠡ ︖ ᠶᠠᠮᠠᠷ ᠰᠤᠳᠤᠷ ᠤᠨ ᠬᠠᠭᠤᠯᠠᠪᠣᠷᠢ ᠪᠣᠯᠬᠤ ︖ ᠶᠠᠮᠠᠷ ᠪᠠᠭᠠᠵᠢ ᠭᠡᠷᠡᠭᠯᠡᠵᠤ ᠪᠢᠴᠢᠭ᠍ᠰᠡᠨ ︖ ᠳᠡᠦᠭᠡ ᠰᠤᠶᠤᠯ ᠪᠠ ᠦᠵᠡᠯ ᠣᠬᠠᠮᠰᠠᠷ ᠤᠨ ᠠᠷᠤ ᠭᠦᠰᠢᠭᠡ ᠨᠢ ᠶᠠᠭᠤ ᠪᠠᠢ᠌ᠬᠤ ᠵᠡᠷᠭᠡ ᠠᠰᠠᠭᠤᠳᠠᠯ ᠪᠣᠯ ᠳᠤᠰ 《ᠴᠢᠯᠠᠭᠤᠨ ᠰᠤᠳᠤᠷ》᠊ᠤᠨ ᠰᠤᠳᠤᠯᠤᠯᠭᠠᠨ ᠤ ᠭᠤᠤᠯ ᠠᠰᠠᠭᠤᠳᠠᠯ ᠪᠣᠯᠬᠤ ᠶᠤᠮ ᠪᠢᠯᠠ᠃

ᠬᠤᠶᠠᠷ᠂ 《ᠴᠢᠯᠠᠭᠤᠨ ᠰᠤᠳᠤᠷ》᠊ᠤᠨ ᠪᠣᠰᠬᠠᠭᠳᠠᠭᠰᠠᠨ ᠳᠡᠦᠭᠡ ᠰᠤᠶᠤᠯ ᠤᠨ ᠠᠷᠤ ᠭᠦᠰᠢᠭᠡ ᠶᠢᠨ ᠳᠤᠬᠠᠢ

ᠨᠢᠯᠬ᠎ᠠ ᠰᠢᠶᠠᠨ ᠳᠤ ᠣᠳᠤ ᠨᠠᠢ᠌ᠳᠠ ᠨᠢ᠋ᠮᠠᠨ ᠮᠢᠩᠭ᠋᠎ᠠ ᠭᠠᠷᠤᠢ ᠮᠤᠩᠭ᠋ᠤᠯᠴᠤᠳ ᠠᠮᠢᠳᠤᠷᠠᠳᠠᠭ ᠪᠦᠭᠡᠳ ᠦᠪᠡᠷᠰᠠᠤᠨ ᠢ ᠪᠠᠨ ᠥᠭᠡᠯᠡᠳ ᠮᠤᠩᠭ᠋ᠤᠯᠴᠤᠳ ᠭᠡᠮᠡᠨ ᠨᠡᠷᠡᠯᠡᠳᠡᠭ᠌᠃ ᠭᠤᠤᠯᠳᠠᠭᠤ ᠵᠦᠩᠭ᠋ᠠᠷ ᠬᠠᠭᠠᠠᠳᠤ ᠣᠯᠤᠰ ᠤᠨ ᠥᠯᠡᠳᠡᠭ᠍ᠳᠡᠯ ᠭᠦᠮᠦᠰ ᠪᠢᠯᠠ᠃ ᠳᠠᠷᠤᠢ ᠣᠢ᠌ᠷᠠᠤᠨ - ᠥᠭᠡᠯᠡᠳ - ᠴᠤᠷᠤᠰ - ᠵᠦᠩᠭ᠋ᠠᠷ - ᠥᠭᠡᠯᠡᠳ ᠭᠡᠮᠡᠨ ᠬᠤᠪᠢᠷᠠᠵᠤ ᠭᠦᠭ᠍ᠵᠢᠵᠤ ᠢᠷᠡᠭ᠍ᠰᠡᠨ ᠳᠡᠦᠭᠡ ᠲᠡᠶ ᠭᠦᠮᠦᠰ ᠪᠣᠯᠬᠤ ᠶᠤᠮ᠃ 《ᠴᠢᠯᠠᠭᠤᠨ ᠰᠤᠳᠤᠷ》 ᠡᠨᠡ ᠨᠤᠳᠤᠭ ᠲᠤ ᠮᠡᠨᠳᠤᠯᠡᠭ᠍ᠰᠡᠨ ᠪᠣᠶᠤ ᠡᠰᠡᠭᠦᠯ᠎ᠡ ᠥᠭᠡᠷ᠎ᠡ ᠭᠠᠵᠠᠷ ᠡᠴᠡ ᠠᠪᠴᠢᠷᠠᠵᠤ ᠬᠠᠳᠠᠭᠠᠯᠠᠭᠰᠠᠨ ᠴᠤ ᠪᠠᠢ᠌ᠵᠤ ᠪᠣᠯᠬᠤ ᠶᠤᠮ᠃ ᠶᠠᠭᠤ ᠴᠤ ᠭᠡᠰᠡᠨ 《ᠴᠢᠯᠠᠭᠤᠨ ᠰᠤᠳᠤᠷ》 ᠡ᠊ᠨᠳᠡ ᠡᠴᠡ ᠣᠯᠳᠤᠭᠰᠠᠨ ᠶᠤᠮ ᠴᠢᠨᠢ᠂ ᠳᠤᠰ ᠨᠤᠳᠤᠭ ᠤᠨ ᠳᠡᠦᠭᠡ ᠰᠤᠶᠤᠯ ᠲᠡᠶ ᠬᠤᠯᠪᠣᠭ᠎ᠠ ᠲᠡᠶ ᠪᠠᠢ᠌ᠬᠤ ᠦᠭᠡᠶ ᠶᠢᠨ ᠠᠷᠭ᠎ᠠ ᠦᠭᠡᠶ᠃ ᠮᠦᠨᠴᠤ ᠳᠤᠰ ᠨᠤᠳᠤᠭ ᠤᠨ ᠳᠡᠦᠭᠡ ᠰᠤᠶᠤᠯ ᠨᠢ ᠣᠢ᠌ᠷᠠᠤᠨ ᠮᠤᠩᠭ᠋ᠤᠯᠴᠤᠳ ᠤᠨ ᠳᠡᠦᠭᠡ ᠰᠤᠶᠤᠯ ᠤᠨ ᠰᠠᠯᠤᠰᠢ ᠦᠭᠡᠶ ᠭᠡᠰᠡᠭ᠌ ᠨᠢ ᠮᠥᠷᠳᠡᠭᠡᠨ᠂ ᠵᠠᠷᠢᠮ ᠳᠠᠯ᠎ᠠ ᠪᠠᠷ ᠨᠥᠭᠦᠪᠦᠷᠢᠯᠡᠵᠤ ᠳᠦᠯᠦᠭᠡᠯᠡᠵᠤ ᠪᠠᠢ᠌ᠳᠠᠭ᠃ ᠳᠠᠢ᠌ᠮᠤ ᠡᠴᠡ ᠣᠢ᠌ᠷᠠᠤᠨ ᠤᠨ ᠳᠡᠦᠭᠡ ᠰᠤᠶᠤᠯ ᠢ ᠶᠠᠷᠢᠬᠤ ᠳᠤ ᠳᠤᠰ ᠨᠤᠳᠤᠭ ᠢ ᠪᠠᠰᠠ ᠪᠠᠭᠳᠠᠭᠠᠨ ᠬᠠᠮᠤᠷᠴᠤ ᠪᠠᠢ᠌ᠬᠤ ᠨᠢ ᠯᠠᠪᠳᠠᠢ ᠶᠤᠮ᠃ ᠳᠤᠤᠷ᠎ᠠ ᠵᠠᠷᠢᠮ ᠪᠠᠳᠤᠳᠠᠢ ᠪᠠᠷᠢᠮᠳᠠ ᠳᠤᠳᠠᠮᠠᠭ ᠪᠠᠢ᠌ᠬᠤ ᠰᠢᠯᠳᠠᠭᠠᠨ ᠡᠴᠡ ᠪᠣᠯᠵᠤ᠂ ᠵᠠᠷᠢᠮ ᠵᠣᠢ᠌ᠯ ᠳᠤ ᠵᠣᠢ᠌ᠴᠢᠯᠠᠯ ᠮᠠᠭᠠᠳᠯᠠᠯ ᠭᠢᠭᠦ ᠴᠢᠬᠤᠯᠠᠳᠠᠢ ᠪᠣᠯᠵᠠᠢ᠃ ᠡᠭᠦᠨ ᠳᠤ ᠭᠤᠤᠯᠳᠠᠭᠤ 《ᠴᠢᠯᠠᠭᠤᠨ ᠰᠤᠳᠤᠷ》᠊ᠤᠨ ᠮᠡᠨᠳᠦᠯᠡᠭ᠍ᠰᠡᠨ ᠴᠠᠭ ᠦᠶ᠎ᠡ ᠶᠢ ᠳᠤᠭᠳᠠᠭᠠᠬᠤ ᠳᠤ ᠶᠠᠷᠤ ᠨᠢ ᠣᠯᠠᠨ ᠳᠠᠯ᠎ᠠ ᠶᠢᠨ ᠠᠰᠠᠭᠤᠳᠠᠯ ᠢ ᠪᠣᠳᠠᠯᠭᠢᠯᠠᠵᠤ᠂ ᠪᠣᠯᠤᠮᠵᠢ ᠨᠥᠭᠦᠴᠡᠯ ᠢ ᠳᠤᠳᠤᠷᠬᠠᠢ᠌ᠯᠠᠬᠤ ᠶᠢ ᠨᠠᠩ ᠰᠠᠢ᠌ᠨ ᠠᠩᠬᠠᠷᠤᠭᠰᠠᠨ ᠪᠢᠯᠠ᠃ ᠢᠯᠠᠩᠭ᠋ᠤᠶ᠎ᠠ ᠣᠢ᠌ᠷᠠᠤᠨ ᠲᠤ ᠰᠢᠷ᠎ᠠ ᠶᠢᠨ ᠱᠠᠵᠢᠨ ᠢᠳᠠ ᠲᠡᠶ ᠳᠡᠯᠭᠡᠷᠡᠭ᠍ᠰᠡᠨ᠂ ᠳᠤᠳᠤ ᠮᠤᠩᠭ᠋ᠤᠯ ᠥᠰᠦᠭ᠌ ᠵᠤᠬᠢᠶᠠᠭᠳᠠᠭᠰᠠᠨ᠂ ᠲᠦᠷᠦ ᠭᠦᠷᠤᠨ ᠭᠦᠭ᠍ᠵᠢᠨ ᠮᠠᠠᠳᠤᠭᠰᠠᠨ ᠴᠠᠭ ᠦᠶ᠎ᠡ ᠵᠡᠷᠭᠡ ᠶᠢ ᠪᠣᠳᠤᠯᠭᠢᠯᠠᠪᠠᠯ᠂ ᠳᠤᠰ 《ᠴᠢᠯᠠᠭᠤᠨ ᠰᠤᠳᠤᠷ》 ᠨᠢ ᠳᠤᠳᠤ ᠥᠰᠦᠭ᠌ ᠵᠤᠬᠢᠶᠠᠭᠳᠠᠬᠤ ᠶᠢᠨ ᠡᠮᠦᠨ᠎ᠡ᠂ ᠳᠡᠭᠦᠡᠴᠢᠯᠡᠨ 1648 ᠣᠨ ᠤ ᠡᠮᠦᠨ᠎ᠡ ᠮᠡᠨᠳᠤᠯᠡᠭᠦ ᠨᠥᠭᠦᠴᠡᠯ ᠪᠣᠯᠤᠮᠵᠢ ᠶᠠᠷᠤ ᠪᠠᠢ᠌ᠬᠤ ᠦᠭᠡᠶ ᠶᠤᠮ᠃ ᠡᠨᠡᠭᠦ ᠣᠷᠢᠳᠠᠯ ᠳᠤᠤᠷ᠎ᠠ 17 ᠳ᠋ᠤᠭᠠᠷ ᠵᠠᠭᠤᠨ ᠤ ᠳᠤᠤᠷᠠᠳᠤ ᠬᠠᠭᠠᠰ ᠡᠴᠡ ᠨᠠᠰᠢᠭᠢ ᠣᠢ᠌ᠷᠠᠤᠨ ᠮᠤᠩᠭ᠋ᠤᠯᠴᠤᠳ ᠤᠨ ᠳᠡᠦᠭᠡ ᠶᠢᠨ ᠭᠦᠭ᠍ᠵᠢᠯᠳᠡ ᠬᠤᠪᠢᠷᠠᠯᠳᠡ ᠶᠢ ᠨᠠᠷᠢᠪᠴᠢᠯᠠᠨ ᠰᠤᠳᠤᠯᠬᠤ ᠣᠴᠢᠷ ᠠᠶᠠᠠᠳᠠᠭᠠᠨ ᠳᠤᠯᠭᠠᠷᠠᠳᠠᠭ᠃

ᠽᠠᠶ᠎ᠠ ᠪᠠᠠᠳᠢᠳᠠ ᠪᠣᠶᠤ ᠳᠡᠭᠦᠨ ᠤ ᠱᠠᠪᠢᠨᠠᠷ᠂ ᠳᠤᠰ ᠴᠢᠯᠠᠭᠤᠨ ᠰᠤᠳᠤᠷ ᠲᠡᠶ ᠬᠤᠯᠪᠣᠭ᠎ᠠ ᠲᠡᠶ ᠡᠰᠡᠭᠦ ᠳᠤᠬᠠᠢ ᠶᠠᠷᠢᠪᠠᠯ᠂ ᠣᠳᠤ ᠪᠠᠷ ᠪᠣᠳᠠᠳᠠᠢ ᠪᠠᠷᠢᠮᠳᠠ ᠪᠢᠳᠠᠨ ᠳᠤ ᠪᠠᠢ᠌ᠬᠤ ᠦᠭᠡᠶ᠂ ᠭᠡᠪᠠᠴᠤ ᠪᠣᠯᠤᠮᠵᠢ ᠨᠥᠭᠦᠴᠡᠯ ᠪᠠᠢ᠌ᠵᠤ ᠪᠣᠯᠬᠤ ᠶᠤᠮ᠃ ᠵᠢᠱᠢᠶᠠᠯᠠᠪᠠᠯ ᠄ ᠮᠡᠳᠡᠯᠭᠡ ᠮᠡᠷᠭᠡᠵᠢᠯ ᠳᠡᠭᠦᠰ᠂ ᠡᠷᠳᠡᠮᠳᠡᠨ ᠯᠠᠮ᠎ᠠ ᠪᠠᠢ᠌ᠬᠤ ᠯᠠ ᠶᠤᠰᠤᠳᠠᠢ᠂ ᠭᠡᠪᠠᠴᠤ ᠭᠡᠨ ᠤ ᠳᠦᠯᠦᠭᠡ ︖ ᠶᠠᠭᠤᠨ ᠤ ᠣᠴᠢᠷ ᠴᠢᠯᠠᠭᠤᠨ ᠳᠤ ᠰᠤᠳᠤᠷ ᠪᠣᠰᠬᠠᠬᠤ ᠠᠰᠠᠭᠤᠳᠠᠯ ᠢ ᠪᠣᠳᠤᠯᠭᠢᠯᠠᠬᠤ ᠳᠤ 《ᠣᠴᠢᠷ ᠰᠢᠯᠳᠠᠭᠠᠨ》᠊ᠤ ᠪᠣᠯᠤᠮᠵᠢ ᠠᠷᠠᠢ ᠳᠤᠳᠠᠭᠤ ᠰᠢᠭ᠃ ᠭᠡᠷᠪᠡ ᠳᠡᠦᠭᠡ ᠶᠢᠨ ᠴᠠᠭ ᠦᠶ᠎ᠡ ᠪᠠᠷ ᠨᠢ ᠪᠣᠳᠤᠯᠭᠢᠯᠠᠪᠠᠯ᠂ ᠪᠢᠳᠠᠨ ᠤ ᠮᠡᠳᠡᠭᠡᠵᠢ ᠪᠠᠷ 17 ᠳ᠋ᠤᠭᠠᠷ ᠵᠠᠭᠤᠨ ᠤ ᠳᠤᠤᠷᠠᠳᠤ ᠬᠠᠭᠠᠰ ᠡᠴᠡ ᠣᠢ᠌ᠷᠠᠤᠨ ᠤᠨ ᠭᠤᠤᠯᠯᠠᠭᠴᠢ ᠪᠠᠶ᠎ᠠ ᠶᠢᠨ ᠬᠤᠪᠢ ᠪᠠᠷ ᠵᠦᠩᠭ᠋ᠠᠷ ᠬᠠᠭᠠᠠᠳᠤ ᠣᠯᠤᠰ ᠮᠠᠠᠳᠤᠨ ᠪᠠᠳᠠᠷᠠᠵᠤ ᠡᠭᠢᠯᠡᠭ᠍ᠰᠡᠨ᠂ ᠭᠠᠯᠳᠠᠨ ᠪᠣᠱᠤᠭᠳᠤ ᠬᠠᠭᠠᠨ ᠭᠤᠤᠯᠳᠠᠭᠤ ᠬᠤᠯᠠ ᠠᠶᠠᠨ᠂ ᠳᠠᠢ᠌ᠨ ᠳᠠᠵᠢᠨ ᠶᠢᠡᠷ ᠨᠠᠰᠤ ᠪᠠᠨ ᠥᠩᠭᠡᠷᠡᠭᠦᠯᠵᠤ᠂ ᠣᠯᠤᠰ ᠳᠠᠶᠠᠭᠠᠷ ᠲᠤ ᠵᠢᠩᠭᠢᠨᠢ ᠡᠩᠭᠡ ᠳᠠᠢ᠌ᠪᠣᠩ ᠭᠦᠭ᠍ᠵᠢᠯᠳᠡ ᠪᠠᠢ᠌ᠵᠤ ᠴᠢᠳᠠᠭᠰᠠᠨ ᠦᠭᠡᠶ ᠭᠡᠵᠤ ᠭᠡᠯᠡᠵᠤ ᠪᠣᠯᠬᠤ ᠶᠤᠮ᠃ ᠡᠢ᠌ᠮᠤ ᠡᠴᠡ 17 ᠳ᠋ᠤᠭᠠᠷ ᠵᠠᠭᠤᠨ ᠳᠤ ᠳᠤᠰ 《ᠴᠢᠯᠠᠭᠤᠨ ᠰᠤᠳᠤᠷ》᠊ᠢ ᠪᠢᠴᠢᠵᠤ ᠪᠣᠰᠬᠠᠯ᠎ᠠ ᠭᠡᠵᠤ ᠳᠤᠭᠳᠠᠭᠠᠬᠤ ᠳᠤ ᠨᠠᠩ ᠭᠡᠴᠡᠭᠦᠤ᠃

ᠣᠢ᠌ᠷᠠᠤᠨ ᠮᠤᠩᠭ᠋ᠤᠯᠴᠤᠳ ᠤᠨ ᠬᠠᠷᠢᠴᠠᠩᠭ᠋ᠤᠢ ᠪᠠᠷ ᠡᠩᠭᠡ ᠳᠠᠢ᠌ᠪᠣᠩ᠂ ᠲᠦᠷᠦ ᠱᠠᠵᠢᠨ ᠨᠢ ᠪᠠᠳᠠᠷᠠᠨ ᠭᠦᠭ᠍ᠵᠢᠭ᠍ᠰᠡᠨ ᠴᠠᠭ ᠦᠶ᠎ᠡ ᠨᠢ 18 ᠳ᠋ᠤᠭᠠᠷ ᠵᠠᠭᠤᠨ ᠤ ᠳᠡᠭᠡᠳᠤ ᠬᠠᠭᠠᠰ᠂ ᠪᠣᠳᠠᠳᠠᠢ ᠪᠠᠷ ᠭᠡᠯᠡᠪᠠᠯ ᠴᠧᠸᠧᠩᠷᠠᠪᠳᠠᠨ ᠪᠠ ᠭᠠᠯᠳᠠᠠᠴᠠᠷᠠᠨ ᠬᠠᠭᠠᠨ ᠤ ᠲᠦᠷᠦ ᠪᠠᠷᠢᠵᠤ ᠪᠠᠢ᠌ᠭ᠎ᠠ ᠴᠠᠭ ᠦᠶ᠎ᠡ ᠪᠣᠯᠬᠤ ᠶᠤᠮ᠃ ᠳᠤᠬᠠᠢ ᠶᠢᠨ ᠦᠶ᠎ᠡ ᠳᠤ ᠵᠦᠩᠭ᠋ᠠᠷ ᠬᠠᠭᠠᠠᠳᠤ ᠣᠯᠤᠰ ᠤᠨ ᠲᠦᠪ ᠨᠢ ᠣᠳᠤ ᠤᠨ ᠢᠯᠢ ᠪᠠᠢ᠌ᠵᠤ᠂ ᠰᠢᠷ᠎ᠠ ᠶᠢᠨ ᠱᠠᠵᠢᠨ ᠶᠡᠭᠡ ᠭᠦᠭ᠍ᠵᠢᠯᠳᠡ ᠶᠢ ᠣᠯᠵᠤ᠂ ᠢᠯᠢ ᠶᠢᠨ ᠭᠠᠵᠠᠷ ᠣᠷᠤᠨ ᠳᠤ ᠠᠯᠳᠠᠨ ᠳᠡᠭᠡᠪᠦᠷᠢᠳᠤ 《ᠭᠤᠯᠵᠠ ᠰᠦᠮ᠎ᠡ》 ᠪᠠ ᠮᠥᠩᠭᠦᠨ ᠳᠡᠭᠡᠪᠦᠷᠢᠳᠤ 《ᠬᠠᠢ᠌ᠨᠠᠭ ᠤᠨ ᠰᠦᠮ᠎ᠡ》ᠵᠢ ᠪᠠᠢ᠌ᠭᠤᠯᠵᠤ᠂ ᠠᠵᠤ ᠠᠬᠤᠢ ᠰᠡᠷᠭᠦᠨ ᠮᠠᠠᠳᠤᠵᠤ᠂ ᠣᠯᠤᠰ ᠲᠦᠷᠦ ᠭᠦᠴᠦᠷᠭᠡᠭ᠍ᠵᠢᠨ᠂ ᠨᠢᠭᠡ ᠦᠶ᠎ᠡ ᠶᠢᠨ ᠪᠠᠳᠠᠷᠠᠯ ᠭᠦᠭ᠍ᠵᠢᠯ ᠢ ᠪᠣᠢ ᠪᠣᠯᠭᠠᠵᠠᠢ᠃ ᠡᠨᠡ ᠦᠶ᠎ᠡ ᠰᠢᠷ᠎ᠠ ᠶᠢᠨ ᠱᠠᠵᠢᠨ ᠶᠢᠡᠷ ᠳᠦᠯᠦᠭᠡᠯᠡᠭ᠍ᠰᠡᠨ ᠰᠤᠶᠤᠯ ᠴᠤ ᠭᠦᠭ᠍ᠵᠢᠨ ᠪᠠᠳᠠᠷᠠᠭᠰᠠᠨ ᠨᠢ ᠭᠠᠷᠴᠠᠭ᠎ᠠ ᠥᠭᠡᠢ᠃ ᠭᠡᠪᠠᠴᠤ ᠡᠨᠡ ᠦᠶ᠎ᠡ ᠳᠤ 《ᠴᠢᠯᠠᠭᠤᠨ ᠰᠤᠳᠤᠷ》 ᠮᠡᠨᠳᠦᠯᠡᠭᠦ ᠪᠣᠯᠤᠮᠵᠢ ᠬᠤᠢ᠌ᠴᠢᠰ ᠪᠦᠷᠢᠯᠳᠦᠯ᠎ᠡ ᠭᠡᠵᠤ ᠭᠡᠯᠡᠵᠤ ᠪᠣᠯᠬᠤ ᠪᠣᠯᠪᠠᠴᠤ᠂ ᠮᠦᠨ ᠴᠤ 《ᠣᠴᠢᠷ ᠰᠢᠯᠳᠠᠭᠠᠨ》᠊ᠤ ᠬᠤᠪᠢ ᠳᠤ ᠪᠣᠯᠤᠮᠵᠢ ᠪᠠᠰᠠ ᠳᠤᠳᠠᠭᠤ ᠶᠤᠮ᠃

ᠭᠡᠯᠡᠯᠭᠡᠨ ᠦᠭᠡᠶ 18 ᠳ᠋ᠤᠭᠠᠷ ᠵᠠᠭᠤᠨ ᠤ ᠳᠤᠤᠷᠠᠳᠤ ᠬᠠᠭᠠᠰ ᠲᠤ ᠣᠢ᠌ᠷᠠᠤᠨ ᠨᠤᠳᠤᠭ ᠳᠠᠶᠠᠭᠠᠷ ᠭᠠᠢ ᠪᠠᠷᠴᠢᠳ ᠳᠡᠭ᠍ᠳᠡᠵᠤ᠂ ᠮᠠᠠᠵᠤ ᠴᠢᠩ ᠡᠴᠡ ᠵᠦᠩᠭ᠋ᠠᠷ ᠣᠯᠤᠰ ᠲᠤ ᠳᠡᠯᠡᠭᠡᠢ ᠶᠢᠨ ᠳᠡᠦᠭᠡᠨ ᠳᠤ ᠪᠠᠢ᠌ᠬᠤ ᠦᠭᠡᠶ ᠬᠠᠷ᠎ᠠ ᠬᠤᠤᠷᠳᠠᠢ 《ᠭᠦᠢᠰᠤ ᠳᠡᠮᠳᠡᠷᠡᠭᠦ》 ᠶᠡᠭᠡ ᠭᠢᠳᠤᠯᠭ᠎ᠠ ᠶᠠᠪᠣᠭᠤᠯᠵᠤ᠂ ᠨᠢᠭᠦᠯ ᠭᠢᠯᠢᠨᠴᠠ ᠦᠭᠡᠶ ᠡᠭᠡᠯ ᠠᠷᠠᠤᠨ ᠢ ᠶᠡᠭᠡ ᠪᠠᠷ ᠠᠯᠠᠵᠤ ᠭᠢᠳᠤᠭᠰᠠᠨ ᠶᠠᠪᠣᠳᠠᠯ ᠣᠢ᠌ᠷᠠᠤᠨ ᠲᠦᠮᠡᠨ ᠢ ᠶᠡᠭᠡᠳᠡ ᠰᠤᠴᠢᠭᠠᠨ ᠭᠡᠯᠮᠡᠭ᠍ᠳᠡᠭᠦᠯᠵᠤ᠂ ᠰᠡᠳᠭᠢᠯ ᠵᠢᠷᠦᠭᠡᠨ ᠳ᠋ᠤᠨᠢ ᠡᠳᠡᠭᠡᠷᠡᠰᠢ ᠦᠭᠡᠶ ᠰᠢᠷᠬ᠎ᠠ ᠰᠤᠷᠪᠢ ᠥᠯᠡᠳᠡᠭᠡᠭ᠍ᠰᠡᠨ ᠪᠢᠯᠠ᠃ ᠳᠠᠷᠠᠭ᠎ᠠ ᠨᠢ ᠮᠠᠠᠵᠤ ᠴᠢᠩ ᠡᠴᠡ ᠭᠡᠳᠥᠢ᠌ᠪᠠᠷ ᠠᠮᠤᠷᠵᠢᠭᠤᠯᠬᠤ ᠲᠦᠷᠦ ᠶᠢᠨ ᠪᠣᠳᠤᠯᠭ᠎ᠠ ᠭᠠᠷᠳᠠᠨ᠂ ᠠᠷᠭᠠᠳᠠᠵᠤ ᠮᠡᠭᠡᠯᠡᠭᠦ ᠠᠶᠠᠳᠠᠭᠤᠯᠵᠤ ᠬᠠᠭᠤᠷᠬᠤ ᠠᠷᠭ᠎ᠠ ᠮᠡᠭᠡ ᠭᠡᠷᠡᠭᠯᠡᠭ᠍ᠰᠡᠨ ᠪᠣᠯᠪᠠᠴᠤ᠂ ᠣᠢ᠌ᠷᠠᠤᠨ ᠲᠦᠮᠡᠨ ᠤ ᠰᠢᠷ᠎ᠠ ᠶᠢᠨ ᠱᠠᠵᠢᠨ ᠢ ᠰᠢᠳᠦᠭᠦ ᠡᠷᠭᠡ ᠶᠢ ᠬᠠᠰᠤᠭᠰᠠᠨ ᠦᠭᠡᠶ᠂ ᠬᠠᠷᠢᠨ ᠳᠡᠭᠦᠨ ᠶᠢᠡᠷ ᠲᠦᠷᠦ ᠶᠢᠨ ᠪᠠᠭᠠᠵᠢ ᠪᠣᠯᠭᠠᠬᠤ ᠶᠢ ᠵᠤᠷᠢᠵᠤ᠂ ᠱᠠᠵᠢᠨ ᠤ ᠣᠢ᠌ᠯᠠ ᠶᠠᠪᠣᠳᠠᠯ ᠢ ᠣᠯᠠᠮ ᠭᠦᠴᠦᠷᠭᠡᠭᠵᠢᠭᠦᠯᠵᠤ᠂ ᠰᠦᠮ᠎ᠡ ᠭᠡᠢ᠌ᠤᠨ ᠪᠠᠢ᠌ᠭᠤᠯᠵᠤ᠂ ᠯᠠᠮ᠎ᠠ ᠬᠤᠤᠷᠠᠭ ᠢ ᠭᠦᠡᠳᠦᠳᠭᠡᠭ᠍ᠰᠡᠨ ᠡᠴᠡ᠂ ᠰᠢᠷ᠎ᠠ ᠶᠢᠨ ᠱᠠᠵᠢᠨ ᠤ ᠨᠤᠮ ᠰᠤᠷᠭᠠᠯ ᠲᠡᠶ ᠬᠠᠮᠳᠤ᠂ ᠳᠤᠳᠤ ᠥᠰᠦᠭ᠌ ᠴᠤ ᠭᠦᠭ᠍ᠵᠢᠨ᠂ ᠳᠤᠳᠤ ᠥᠰᠦᠭ᠌ ᠤᠨ ᠨᠤᠮ ᠰᠤᠳᠤᠷ ᠴᠤ ᠣᠯᠠᠰᠢᠷᠠᠵᠤ ᠪᠠᠢ᠌ᠭᠰᠠᠨ ᠤ ᠬᠠᠮᠳᠤ᠂ ᠡᠷᠳᠡᠮᠳᠡᠨ ᠯᠠᠮ᠎ᠠ ᠪᠠ ᠡᠷᠳᠡᠮᠳᠡᠢ ᠪᠢᠴᠢᠭᠡᠴᠢ ᠭᠦᠮᠦᠰ ᠣᠠᠳᠤᠷᠠᠨ ᠭᠠᠷᠤᠭᠰᠠᠭᠠᠷ ᠪᠠᠢ᠌ᠵᠠᠢ᠃ ᠳᠠᠳᠠᠨ ᠤ ᠦᠶ᠎ᠡ ᠵᠠᠯᠭᠠᠮᠵᠢ ᠨᠢ 20 ᠳ᠋ᠤᠭᠠᠷ ᠵᠠᠭᠤᠨ ᠤ ᠳᠠᠯᠠ ᠨᠠᠶᠠᠭᠠᠤᠨ ᠣᠨ ᠭᠦᠷᠳᠡᠯ᠎ᠡ ᠠᠮᠢᠳᠤᠷᠠᠭᠰᠠᠨ ᠪᠠᠢ᠌ᠨ᠎ᠠ᠃ ᠵᠢᠱᠢᠶᠠᠯᠠᠪᠠᠯ ᠄ ᠮᠠᠢ᠌ᠷᠠᠨ ᠭᠦᠭᠡᠢ 80 ᠊ᠭᠠᠳ ᠣᠨ ᠳᠤ 70 ᠭᠠᠷᠤᠢ ᠨᠠᠰᠤᠳᠠᠢ ᠳᠠᠭᠠᠨ ᠨᠠᠰᠤ ᠪᠠᠷᠠᠵᠠᠢ᠂ ᠯᠠᠭᠪᠠ ᠪᠢᠴᠢᠭᠡᠴᠢ 70 ᠊ᠭᠠᠳ ᠣᠨ ᠳᠤ 70 ᠭᠠᠷᠤᠢ ᠨᠠᠰᠤ ᠲᠡᠶ ᠨᠠᠰᠤ ᠪᠠᠷᠠᠵᠠᠢ᠂ ᠡᠭᠦᠨ ᠡᠴᠡ ᠭᠠᠳᠠᠨ᠎ᠠ ᠴᠢᠮᠠᠤᠨ ᠨᠠᠷᠠᠳᠠᠢ ᠬᠤᠶᠠᠷ ᠭᠦᠮᠤᠨ ᠨᠤᠮ ᠪᠣᠰᠬᠠᠳᠠᠭ ᠪᠠᠢ᠌ᠭᠰᠠᠨ ᠢ ᠭᠦᠮᠦᠰ ᠨᠢᠳᠤ ᠦᠵᠡᠵᠤ ᠪᠠᠢ᠌ᠭᠰᠠᠨ ᠪᠠ᠂ ᠨᠤᠳᠤᠭ ᠳᠤᠳᠤᠷ᠎ᠠ ᠶᠠᠷᠢᠭᠳᠠᠳᠠᠭ᠃ ᠶᠠᠭᠤ ᠴᠤ ᠭᠡᠰᠡᠨ ᠨᠤᠮ ᠪᠣᠰᠬᠠᠳᠠᠭ ᠡᠷᠳᠡᠮᠳᠡᠢ ᠭᠦᠮᠦᠰ ᠤᠨ ᠣᠷᠤᠯᠭ᠎ᠠ ᠨᠢ ᠰᠠᠢ᠌ᠨ ᠪᠠᠢ᠌ᠳᠠᠭ ᠶᠢᠡᠷ ᠨᠤᠳᠤᠭ ᠳᠤᠳᠤᠷ᠎ᠠ ᠨᠠᠷ᠎ᠠ ᠭᠦᠡᠳᠦᠳᠡᠢ ᠪᠠᠢ᠌ᠵᠤ᠂ ᠵᠠᠷᠢᠮ ᠳᠠᠭᠠᠨ ᠳᠦᠷᠢᠯᠳᠤᠵᠤ᠂ ᠠᠯᠳᠠ ᠪᠠᠷ ᠨᠤᠮ ᠰᠤᠳᠤᠷ ᠪᠣᠰᠬᠠᠬᠤ ᠮᠡᠷᠭᠡᠵᠢᠯ ᠴᠤ ᠳᠡᠯᠭᠡᠷᠡᠵᠤ᠂ ᠠᠯᠳᠠᠨ ᠥᠰᠦᠭ᠍ᠳᠡᠢ ᠰᠤᠳᠤᠷ ᠬᠠᠶᠠ ᠨᠢᠭᠡ ᠬᠠᠷᠠᠭᠳᠠᠳᠠᠭ᠃ ᠡᠭᠦᠨ ᠳᠤ ᠭᠡᠯᠡᠭᠦ ᠳᠤ᠂ 17 ᠳ᠋ᠤᠭᠠᠷ ᠵᠠᠭᠤᠨ ᠤ ᠳᠤᠤᠷᠠᠳᠤ ᠬᠠᠭᠠᠰ ᠡᠴᠡ 18 ᠳ᠋ᠤᠭᠠᠷ ᠵᠠᠭᠤᠨ ᠤ ᠳᠡᠭᠡᠳᠤ ᠬᠠᠭᠠᠰ᠂ ᠥᠭᠡᠷ᠎ᠡ ᠪᠠᠷ ᠭᠡᠯᠡᠪᠠᠯ᠎ ᠵᠦᠩᠭ᠋ᠠᠷ ᠬᠠᠭᠠᠠᠳᠤ ᠣᠯᠤᠰ ᠤᠨ ᠭᠦᠭ᠍ᠵᠢᠨ ᠮᠠᠠᠳᠤᠵᠤ ᠪᠠᠢ᠌ᠭᠰᠠᠨ 100 ᠵᠢᠯ ᠪᠠ ᠵᠦᠩᠭ᠋ᠠᠷ ᠬᠠᠭᠠᠠᠳᠤ ᠣᠯᠤᠰ ᠮᠥᠭᠦᠵᠤ ᠮᠠᠠᠵᠤ ᠴᠢᠩ ᠤᠨ ᠨᠤᠶᠠᠷᠬᠠᠯ ᠳᠤ ᠣᠷᠤᠭᠰᠠᠨ ᠡᠴᠡ 19 ᠳ᠋ᠤᠭᠡᠷ ᠵᠠᠭᠤᠨ ᠤ ᠳᠡᠭᠡᠳᠤ ᠬᠠᠭᠠᠰ᠂ ᠥᠭᠡᠷ᠎ᠡ ᠪᠠᠷ ᠭᠡᠯᠡᠪᠠᠯ᠎ᠡ 1864 ᠣᠨ ᠤ ᠢᠯᠢ ᠶᠢᠨ  ᠳᠠᠷᠢᠶᠠᠴᠢᠳ ᠤᠨ ᠪᠣᠰᠤᠯᠭ᠎ᠠ ᠭᠦᠷᠳᠡᠯᠡᠭᠢ 100 ᠵᠢᠯ ᠪᠣᠯ ᠳᠤᠰ᠂ 《ᠴᠢᠯᠠᠭᠤᠨ ᠰᠤᠳᠤᠷ》᠊ᠤᠨ ᠮᠡᠨᠳᠦᠯᠡᠭᠦ ᠪᠣᠯᠤᠮᠵᠢ ᠪᠠᠢ᠌ᠵᠤ ᠪᠣᠯᠬᠤ ᠴᠠᠭ ᠦᠶ᠎ᠡ ᠮᠦᠨ᠃ ᠢᠯᠠᠩᠭ᠋ᠤᠶ᠎ᠠ ᠮᠠᠠᠵᠤ ᠴᠢᠩ ᠤᠨ ᠨᠤᠶᠠᠷᠬᠠᠯ ᠳᠤᠤᠷᠠᠭᠢ 100 ᠵᠢᠯ ᠳᠤ ᠳᠤᠰ 《ᠴᠢᠯᠠᠭᠤᠨ ᠰᠤᠳᠤᠷ》 ᠮᠡᠨᠳᠦᠯᠡᠭᠦ ᠨᠥᠭᠦᠴᠡᠯ ᠪᠣᠯᠠᠮᠵᠢ ᠨᠠᠩ ᠪᠠᠳᠤᠳᠠᠢ ᠭᠡᠵᠤ ᠦᠵᠡᠵᠤ ᠪᠣᠯᠤᠮᠠᠷ ᠶᠤᠮ᠃ ᠣᠴᠢᠷ ᠨᠢ ᠡᠨᠡ ᠴᠠᠭ ᠦᠶ᠎ᠡ ᠳᠤ ᠣᠢ᠌ᠷᠠᠤᠨ ᠲᠦᠮᠡᠨ ᠤ ᠰᠡᠳᠬᠢᠯ ᠤᠨ ᠰᠢᠷᠬ᠎ᠠ ᠨᠢ ᠠᠷᠢᠯᠤᠭ᠎ᠠ ᠦᠭᠡᠶ ᠮᠥᠷᠳᠡᠭᠡᠨ᠂ ᠥᠩᠭᠡᠷᠡᠭ᠍ᠰᠡᠨ ᠤ ᠳᠡᠦᠭᠡ ᠶᠢᠨ ᠳᠤᠬᠠᠢ ᠰᠠᠨᠠᠯ ᠳᠤᠷᠠᠰᠤᠮᠵᠢ ᠨᠢ ᠵᠤᠵᠡᠭᠠᠳᠴᠤ᠂ ᠡᠪᠦᠭᠡ ᠳᠡᠭᠡᠳᠦᠰ ᠤᠨ ᠶᠢᠡᠨ ᠰᠦᠨᠡᠰᠤ ᠰᠦᠯᠳᠡᠷ ᠢ ᠳᠠᠭᠢᠬᠤ ᠮᠠᠳᠤ ᠪᠣᠷᠬᠠᠨ ᠱᠠᠵᠢᠨ ᠤ ᠦᠵᠡᠯ ᠣᠬᠠᠮᠰᠠᠷ ᠤᠨ ᠭᠦᠴᠦᠳᠡᠢ ᠨᠥᠯᠦᠭᠡᠨ ᠳᠤᠤᠷ᠎ᠠ ᠳᠤᠰ 《ᠴᠢᠯᠠᠭᠤᠨ ᠰᠤᠳᠤᠷ》 ᠮᠡᠨᠳᠦᠯᠡᠭᠦ ᠪᠣᠯᠤᠮᠵᠢ ᠨᠠᠩ ᠳᠡᠭᠦᠯᠳᠡᠷ ᠰᠢᠭ᠌ ᠪᠠᠢ᠌ᠳᠠᠭ᠃

ᠪᠢᠳᠠᠨ ᠤ ᠪᠠᠢ᠌ᠴᠠᠭᠠᠯᠳᠠ ᠪᠣᠯᠤᠨ ᠭᠠᠷ ᠲᠤ ᠪᠠᠢ᠌ᠭ᠎ᠠ ᠮᠠᠲ᠋ᠸᠷᠢᠶᠠᠯ ᠢ ᠬᠠᠷᠢᠴᠠᠭᠤᠯᠤᠨ ᠰᠤᠳᠤᠯᠬᠤ ᠪᠠᠷ ᠳᠠᠮᠵᠢᠨ ᠳᠤᠰ 《ᠴᠢᠯᠠᠭᠤᠨ ᠰᠤᠳᠤᠷ》 ᠨᠢ᠂ ᠨᠤᠳᠤᠭ ᠤᠨ ᠳᠤᠮᠳᠠ ᠳᠡᠯᠭᠦᠤ ᠪᠠᠢ᠌ᠳᠠᠭ 《

》 ᠳᠤᠷᠵᠢᠵᠤᠤᠠᠪᠣ ᠶᠢᠨ ᠴᠢᠯᠠᠭᠤᠨ ᠳ᠋ᠠᠭᠢ ᠬᠠᠭᠤᠯᠪᠣᠷᠢ ᠪᠣᠯᠬᠤ ᠶᠢ ᠳᠤᠳᠤᠷᠬᠠᠢ᠌ᠯᠠᠭᠰᠠᠨ ᠪᠢᠯᠠ᠃ ᠳᠡᠭᠡᠪᠠᠯ᠎ 《ᠳᠤᠷᠵᠢᠵᠤᠤᠠᠪᠣ》 ᠭᠡᠳᠡᠭ᠌ ᠴᠤᠬᠤᠮ ᠶᠠᠮᠠᠷ ᠰᠤᠳᠤᠷ ᠪᠣᠯᠬᠤ ︖ ᠶᠠᠭᠤᠨ ᠤ ᠣᠴᠢᠷ ᠣᠩᠰᠢᠬᠤ ᠪᠠ ᠪᠣᠰᠬᠠᠬᠤ ︖ ᠵᠡᠷᠭᠡ ᠠᠰᠡᠭᠤᠳᠠᠯ ᠪᠣᠯ ᠡᠷᠭᠢᠪᠰᠢ ᠪᠣᠳᠤᠯᠭᠢᠯᠠᠵᠤ ᠥᠵᠡᠭᠦ ᠠᠰᠠᠭᠤᠳᠠᠯ ᠮᠥᠷᠳᠡᠭᠡᠨ ᠪᠠᠰᠠ ᠵᠠᠩᠭᠢᠯᠠᠭ᠎ᠠ ᠶᠢᠨ ᠠᠰᠠᠭᠤᠳᠠᠯ ᠪᠣᠯᠵᠤ ᠮᠡᠳᠡᠭᠦ ᠶᠤᠮ᠃ ᠪᠢᠳᠠᠨ ᠤ ᠣᠢ᠌ᠯᠭᠠᠭᠰᠠᠨ ᠶᠢᠡᠷ 《ᠳᠤᠷᠵᠢᠵᠤᠤᠠᠪᠣ》 ᠪᠣᠯ ᠭᠦᠮᠤᠨ ᠤ ᠬᠣᠢ᠌ᠳᠤ ᠶᠢᠨ ᠪᠣᠶᠠᠨ ᠤ ᠳᠦᠯᠦᠭᠡ ᠣᠩᠰᠢᠳᠠᠭ ᠪᠣᠷᠬᠠᠨ ᠤ ᠨᠤᠮ ᠪᠣᠯᠬᠤ ᠶᠤᠮ᠂ ᠭᠡᠷᠪᠡ ᠪᠣᠰᠬᠠᠭᠴᠢ ᠭᠦᠮᠤᠨ ᠤ ᠵᠤᠷᠢᠯᠭ᠎ᠠ ᠡᠴᠡ ᠶᠠᠷᠢᠪᠠᠯ᠂ ᠶᠡᠭᠡ ᠪᠠᠷ ᠭᠡᠯᠡᠪᠠᠯ ᠣᠯᠤᠰ ᠦᠨᠳᠤᠰᠳᠠᠨ ᠤ ᠳᠦᠯᠦᠭᠡ ᠳᠠᠷᠤᠢ ᠵᠦᠩᠭ᠋ᠠᠷ ᠬᠠᠭᠠᠠᠳᠤ ᠣᠯᠤᠰ ᠮᠥᠭᠦᠭ᠍ᠰᠡᠨ ᠶᠠᠪᠣᠳᠠᠯ ᠳᠤ ᠬᠠᠭᠠᠤᠨ ᠨᠤᠶᠠᠤᠨ ᠤᠨ ᠬᠣᠢ᠌ᠳᠤ ᠶᠢᠨ ᠳᠦᠯᠦᠭᠡ ᠪᠣᠰᠬᠠᠭᠰᠠᠨ ᠪᠠᠢ᠌ᠵᠤ ᠪᠣᠯᠬᠤ ᠶᠤᠮ᠃ ᠪᠠᠭᠠᠳᠬᠠᠨ ᠶᠠᠷᠢᠪᠠᠯ ᠶᠠᠮᠠᠷ ᠨᠢᠭᠡᠨ ᠪᠢᠴᠢᠭᠡᠴᠢ ᠭᠦᠮᠤᠨ ᠳᠡᠭᠦᠨ ᠤ ᠡᠪᠦᠭᠡ ᠳᠡᠭᠡᠳᠦᠰ ᠤᠨ ᠳᠦᠯᠦᠭᠡ ᠪᠣᠰᠬᠠᠭᠰᠠᠨ ᠪᠠᠢ᠌ᠵᠤ ᠪᠣᠯᠬᠤ ᠪᠦᠭᠡᠳ ᠬᠤᠪᠢ ᠶᠢᠨ ᠵᠤᠷᠢᠯᠭ᠎ᠠ ᠪᠠᠷ ᠪᠣᠷᠬᠠᠨ ᠲᠦᠷᠦᠯ ᠣᠯᠬᠤ ᠶᠢᠨ ᠳᠦᠯᠦᠭᠡ ᠴᠤ ᠪᠣᠰᠬᠠᠭᠰᠠᠨ ᠪᠠᠢ᠌ᠵᠤ ᠪᠣᠯᠬᠤ ᠶᠤᠮ᠃ 《ᠳᠤᠷᠵᠢᠵᠤᠤᠠᠪᠣ》ᠵᠢᠨ ᠳᠠᠢ᠌ᠯᠪᠣᠷᠢ ᠭᠡᠰᠡᠭ᠌ ᠲᠤ ᠨᠤᠮᠯᠠᠭᠰᠠᠨ ᠶᠢᠡᠷ ᠪᠣᠯ᠂ ᠳᠤᠰ 《ᠳᠤᠷᠵᠢᠵᠤᠤᠠᠪᠣ》 ᠰᠤᠳᠤᠷ ᠢ ᠶᠠᠮᠠᠷ ᠨᠢᠭᠡᠨ ᠨᠤᠮ ᠮᠡᠳᠡᠭᠦ ᠭᠦᠮᠤᠨ ᠭᠡᠷᠪᠡ ᠪᠣᠰᠤᠳ ᠭᠦᠮᠦᠰ ᠲᠤ ᠣᠩᠰᠢᠨ ᠰᠤᠨᠤᠰᠬᠠᠬᠤ ᠪᠣᠯᠤᠨ ᠴᠠᠭᠠᠰᠤᠨ ᠳᠡᠭᠡᠷ᠎ᠡ ᠪᠢᠴᠢᠵᠤ ᠪᠣᠰᠬᠠᠬᠤ ᠭᠡᠵᠤ ᠭᠡᠯᠡᠳᠡᠭ᠌ ᠦᠭ‍ᠭᠦ ᠶᠠᠪᠣᠳᠠᠯ ᠢ ᠪᠣᠶᠠᠨ ᠥᠢᠯᠡᠳᠦᠭ᠍ᠰᠡᠨ ᠶᠠᠪᠣᠳᠠᠯ ᠳᠤ ᠳᠤᠭᠠᠴᠢᠨ᠂ ᠨᠢᠭᠡ ᠨᠡᠰᠤᠨ ᠤ ᠭᠢᠯᠢᠠᠴᠠ ᠠᠷᠢᠯᠵᠤ᠂ ᠬᠣᠢ᠌ᠳᠤ ᠲᠦᠷᠦᠯ ᠳᠤ ᠰᠠᠢ᠌ᠨ ᠲᠦᠷᠦᠯ ᠣᠯᠵᠤ ᠳᠦᠷᠦᠳᠡᠭ᠌ ᠭᠡᠳᠡᠭ᠌᠃ ᠳᠠᠢ᠌ᠮᠤ ᠴᠤ ᠣᠴᠢᠷ ᠡᠴᠡ ᠣᠢ᠌ᠷᠠᠤᠨ ᠨᠤᠳᠤᠭ ᠳᠠᠶᠠᠭᠠᠷ ᠠᠢ᠌ᠯ ᠪᠣᠯᠭᠠᠨ ᠳᠤ 《ᠳᠤᠷᠵᠢᠵᠤᠤᠠᠪᠣ》 ᠰᠤᠳᠤᠷ ᠪᠠᠢ᠌ᠭᠰᠠᠨ ᠪᠦᠭᠡᠳ᠃ ᠣᠳᠤ ᠭᠦᠷᠳᠡᠯ᠎ᠡ ᠵᠠᠷᠢᠮ ᠨᠠᠰᠤᠳᠠᠢ ᠠᠢ᠌ᠯ ᠳᠤ 《ᠳᠤᠷᠵᠢᠵᠤᠤᠠᠪᠣ》 ᠰᠤᠳᠤᠷ ᠪᠠᠢ᠌ᠵᠤ ᠪᠠᠢ᠌ᠳᠠᠭ ᠨᠢ ᠳᠠᠷᠤᠢ ᠣᠯᠠᠮᠵᠢᠯᠠᠯ ᠪᠣᠯᠬᠤ ᠶᠤᠮ᠃

ᠳᠡᠭᠡᠷᠡᠭᠢ ᠵᠣᠢ᠌ᠯᠠᠰ ᠪᠣᠯ ᠪᠦᠷ ᠵᠣᠢ᠌ᠴᠢᠯᠠᠯ ᠮᠠᠭᠠᠳᠯᠠᠯ ᠪᠢᠯᠠ᠃ ᠭᠡᠪᠠᠴᠤ ᠬᠣᠢ᠌ᠰᠢᠳᠠ ᠶᠢᠨ ᠰᠤᠳᠤᠯᠭᠠᠨ ᠤ ᠶᠠᠪᠣᠴᠠ ᠳᠤ ᠪᠢᠳᠠ ᠰᠢᠨ᠎ᠠ ᠳᠧᠭᠨᠢᠭ᠌ ᠤᠨ ᠠᠷᠭ᠎ᠠ ᠪᠠᠷᠢᠯ ᠢ ᠭᠡᠷᠡᠭᠯᠡᠨ ᠳᠤᠰ ᠴᠢᠯᠠᠭᠤᠨ ᠰᠤᠳᠤᠷ ᠤᠨ ᠨᠠᠰᠤ ᠶᠢ ᠣᠯᠠᠮ ᠨᠠᠷᠢᠨ ᠣᠨᠤᠪᠴᠢᠳᠠᠢ ᠳᠤᠳᠤᠯᠠᠵᠤ ᠪᠣᠯᠬᠤ ᠶᠤᠮ᠃

ᠭᠤᠷᠪᠠ᠂ ᠭᠠᠷ ᠳᠠᠭᠢ ᠪᠠᠯᠠᠨ ᠮᠠᠲ᠋ᠸᠷᠢᠶᠠᠯ ᠤᠨ ᠢᠷᠠᠯᠳᠠ ᠪᠠ ᠳᠡᠭᠦᠨ ᠤ ᠳᠤᠬᠠᠢ ᠵᠠᠳᠠᠯᠤᠯᠳᠠ

2007 ᠣᠨ ᠤ ᠨᠠᠮᠤᠷ᠂ ᠡᠮᠦᠨ᠎ᠡ ᠬᠣᠢ᠌ᠨ᠎ᠠ 3 ᠠᠢ᠌ᠯ ᠡᠴᠡ 5 ᠭᠡᠰᠡᠭ᠌ ᠳᠤᠳᠤ ᠪᠢᠴᠢᠭ᠍ᠳᠡᠢ ᠴᠢᠯᠠᠭᠤ ᠰᠡᠭᠦᠳᠡᠷᠯᠡᠵᠤ ᠠᠪᠣᠭᠰᠠᠨ ᠶᠠᠪᠣᠳᠠᠯ ᠢ ᠡᠮᠦᠨ᠎ᠡ ᠶᠠᠷᠢᠵᠤ ᠥᠩᠭᠡᠷᠡᠯ᠎ᠡ᠃ ᠳᠤᠰ 5 ᠴᠢᠯᠠᠭᠤᠨ ᠳᠤᠳᠤᠷ᠎ᠠ 1 ᠴᠢᠯᠠᠭᠤ ᠨᠢ ᠬᠤᠶᠠᠷ ᠨᠢᠭᠤᠷ ᠲᠠᠭᠠᠨ ᠪᠢᠴᠢᠭ᠍ᠳᠡᠢ ᠪᠠᠢ᠌ᠵᠤ᠂ ᠪᠦᠷ ᠨᠢᠭᠤᠷ ᠤᠨ ᠳ᠋ᠤᠭᠠᠷ ᠲᠡᠶ᠂ ᠪᠢᠴᠢᠭ᠌ ᠨᠢ ᠶᠡᠷᠦᠩᠭᠡᠢ ᠳᠡᠭᠡᠨ ᠣᠩᠰᠢᠵᠤ ᠪᠣᠯᠳᠠᠭ᠂ ᠶᠡᠭᠡ ᠪᠠᠭ᠎ᠠ ᠨᠢ ᠠᠳᠠᠯᠢ ᠦᠭᠡᠶ ᠴᠢᠯᠠᠭᠤ ᠨᠤᠭᠤᠳ ᠪᠢᠯᠠ᠂ ᠡᠭᠦᠨ ᠳᠤ ᠨᠢᠭᠤᠷ ᠤᠨ ᠳ᠋ᠤᠭᠠᠷ ᠤᠨ ᠳᠠᠷᠠᠭᠠᠯᠠᠯ ᠶᠢᠡᠷ ᠨᠢ ᠶᠠᠷᠢᠪᠠᠯ᠂ ᠨᠢᠭᠤᠷ ᠤᠨ ᠳ᠋ᠤᠭᠠᠷ ᠨᠢ ᠭᠤᠷᠪᠠᠨ ᠭᠡᠰᠡᠨ ᠴᠢᠯᠠᠭᠤᠨ ᠳᠤ᠂ ᠨᠠᠢ᠌ᠳᠠ 16 ᠮᠦᠷ᠂ 57 ᠥᠭᠡ ᠪᠢᠴᠢᠭ᠍ᠳᠡᠭ᠍ᠰᠡᠨ᠂ ᠠᠭᠤᠯᠭ᠎ᠠ ᠶᠢ ᠨᠢ ᠣᠭ ᠡᠭᠡ ᠲᠡᠶ ᠬᠠᠷᠢᠴᠠᠭᠤᠯᠪᠠᠯ ᠨᠠᠯᠢᠶᠠᠤᠨ ᠡᠮᠦᠨ᠎ᠡ ᠪᠠᠢ᠌ᠭ᠎ᠠ ᠰᠢᠭ ᠪᠠᠢ᠌ᠵᠤ ᠭᠤᠷᠪᠠ ᠭᠡᠰᠡᠨ ᠨᠢ ᠭᠤᠷᠪᠠᠳᠤᠭᠠᠷ ᠨᠢᠭᠤᠷ ᠪᠣᠯᠬᠤ ᠶᠢ ᠯᠠᠪᠳᠠᠢ ᠪᠠᠳᠤᠯᠠᠨ᠎ᠠ᠃ ᠳᠤᠰ ᠴᠢᠯᠠᠭᠤᠨ ᠤ ᠣᠷᠳᠤ ᠨᠢ 38 cm,ᠥᠷᠭᠡᠨ ᠨᠢ 21 cm᠂ ᠵᠤᠵᠠᠭᠠᠨ ᠨᠢ ᠪᠠᠷᠤᠭ 5.5 cm᠂ ᠭᠦᠡᠳᠤ ᠨᠢ 6.4kg ᠪᠠᠢ᠌ᠪᠠ᠂ 15 ᠥᠭᠡ ᠨᠢ ᠪᠠᠬᠠᠨ ᠪᠠᠯᠠᠷᠬᠠᠢ ᠰᠢᠭ ᠪᠠᠢ᠌ᠪᠠᠴᠤ᠂ ᠣᠭ ᠡᠭᠡ ᠲᠡᠶ ᠬᠠᠷᠢᠴᠠᠭᠤᠯᠠᠬᠤ ᠳᠤ ᠠᠮᠠᠷᠬᠠᠨ ᠣᠩᠰᠢᠵᠤ ᠪᠣᠯᠳᠠᠭ᠃ ᠳᠤᠰ ᠨᠢᠭᠤᠷ ᠤᠨ ᠠᠭᠤᠯᠭ᠎ᠠ ᠨᠢ᠄ 《

》 ᠭᠡᠳᠡᠭ᠌ ᠥᠭᠡᠰ ᠪᠢᠴᠢᠭ᠍ᠳᠡᠭ᠍ᠰᠡᠨ ᠪᠠᠢ᠌ᠨ᠎ᠠ᠃

ᠨᠢᠭᠤᠷ ᠤᠨ ᠳ᠋ᠤᠭᠠᠷ ᠨᠢ ᠵᠢᠷᠭᠤᠭ᠎ᠠ ᠭᠡᠰᠡᠨ ᠴᠢᠯᠠᠭᠤᠨ ᠳᠤ ᠨᠠᠢ᠌ᠳᠠ 11 ᠮᠦᠷ 35 ᠥᠭᠡ ᠣᠷᠤᠭᠰᠠᠨ ᠪᠠᠢ᠌ᠨ᠎ᠠ᠃ ᠳᠤᠰ ᠴᠢᠯᠠᠭᠤᠨ ᠤ ᠣᠷᠳᠤ ᠨᠢ 28 cm,ᠥᠷᠭᠡᠨ ᠨᠢ18 cm᠂ ᠵᠤᠵᠠᠭᠠᠨ ᠨᠢ4 cm᠂ ᠭᠦᠡᠳᠤ ᠨᠢ 4.5 kg ᠪᠠᠢ᠌ᠵᠠᠢ᠃ ᠡᠭᠦᠨ ᠳᠤ 23 ᠥᠭᠡ ᠨᠢ ᠪᠠᠬᠠᠨ ᠪᠠᠯᠠᠷᠬᠠᠢ ᠪᠣᠶᠤ ᠳᠦᠰᠦᠭᠡᠯᠡᠨ ᠣᠩᠰᠢᠬᠤ ᠳᠤ ᠪᠠᠭ᠎ᠠ ᠭᠡᠮᠵᠢᠶᠡᠨ ᠤ ᠭᠦᠴᠢᠷ ᠪᠠᠢ᠌ᠳᠠᠭ᠂ ᠭᠡᠪᠠᠴᠤ ᠭᠡᠮᠵᠢᠶ᠎ᠡ ᠭᠢᠵᠠᠭᠠᠷ ᠨᠢ ᠳᠤᠳᠤᠷᠬᠠᠢ ᠳᠤᠯᠠ᠂ ᠣᠭ ᠡᠭᠡ ᠲᠡᠶ ᠨᠢ ᠬᠠᠷᠢᠴᠠᠭᠤᠯᠤᠨ ᠳᠤᠳᠤᠷᠬᠠᠢ ᠣᠩᠰᠢᠵᠤ ᠪᠣᠯᠳᠠᠭ᠃ ᠳᠡᠭᠡᠷᠡᠭᠢ ᠡᠨᠡ ᠬᠤᠶᠠᠷ ᠴᠢᠯᠠᠭᠤ ᠬᠠᠷᠢᠴᠠᠩᠭ᠋ᠤᠢ ᠪᠠᠷ ᠳᠦᠷᠪᠡᠯᠵᠢᠨ ᠭᠡᠯᠪᠠᠷᠢᠳᠡᠢ᠃ ᠳᠤᠰ ᠴᠢᠯᠠᠭᠤᠨ ᠳᠤ᠄《

》 ᠭᠡᠳᠡᠭ᠌ ᠥᠭᠡᠰ ᠪᠢᠴᠢᠭ᠍ᠳᠡᠭ᠍ᠰᠡᠨ ᠪᠠᠢ᠌ᠨ᠎ᠠ᠃

ᠨᠢᠭᠤᠷ ᠤᠨ ᠳ᠋ᠤᠭᠠᠷ ᠨᠢ ᠳᠤᠯᠤᠭᠠᠨ ᠭᠡᠳᠡᠭ᠌ ᠴᠢᠯᠠᠭᠤᠨ᠂ ᠬᠤᠶᠠᠷ ᠳᠠᠯ᠎ᠠ ᠳᠤ ᠪᠠᠨ ᠥᠰᠦᠭ᠌ ᠲᠡᠶ᠂ ᠳᠤᠯᠤᠭᠠᠨ ᠭᠡᠳᠡᠭ᠌ ᠥᠭᠡ ᠶᠢᠨ 《 》ᠨᠢ ᠳᠤᠳᠤᠷᠬᠠᠢ ᠥᠵᠡᠭ᠍ᠳᠡᠵᠤ᠂ ᠳᠡᠭᠦᠨ ᠤ ᠳᠤᠤᠷᠠᠳᠤ ᠭᠡᠰᠡᠭ᠌ ᠨᠢ ᠭᠡᠭ᠍ᠵᠡᠷᠡᠭ᠍ᠰᠡᠨ ᠡᠴᠡ ᠪᠠᠯᠠᠷᠠᠵᠠᠢ᠃ ᠳ᠋ᠤᠭᠠᠷ ᠪᠠᠢ᠌ᠭᠰᠠᠨ ᠳᠠᠯ᠎ᠠ ᠶᠢᠨ ᠨᠢᠭᠤᠷ ᠤᠨ ᠣᠯᠠᠨ ᠭᠠᠵᠠᠷ ᠨᠢ ᠭᠡᠭ᠍ᠵᠡᠷᠡᠵᠡᠢ᠃ ᠳᠤᠰ ᠴᠢᠯᠠᠭᠤᠨ ᠤ ᠣᠷᠳᠤ ᠨᠢ 29 cm᠂ ᠥᠷᠭᠡᠨ ᠨᠢ 20cm᠂ ᠵᠤᠵᠠᠭᠠᠨ ᠨᠢ ᠪᠠᠷᠤᠭ 4.5cm᠂ ᠭᠦᠡᠳᠤ ᠨᠢ 4.3kg᠃ ᠳᠤᠰ ᠴᠢᠯᠠᠭᠤᠨ ᠤ ᠳ᠋ᠤᠭᠠᠷ ᠪᠠᠢ᠌ᠭᠰᠠᠨ ᠳᠠᠯ᠎ᠠ ᠳᠤ 15 ᠮᠦᠷ᠂ 63 ᠥᠭᠡ ᠳᠠᠭᠠᠪᠣᠷᠢ ᠶᠢ ᠪᠠᠭᠳᠠᠭᠠᠨ ᠪᠠᠢ᠌ᠵᠤ ᠳᠡᠭᠦᠨ ᠤ ᠳᠤᠳᠤᠷ᠎ᠠ 26 ᠥᠭᠡ ᠠᠳᠠᠯᠢ ᠪᠢᠰᠢ ᠭᠡᠮᠵᠢᠶ᠎ᠡ ᠪᠠᠷ ᠭᠡᠭ᠍ᠵᠡᠷᠡᠵᠤ ᠪᠠᠯᠠᠷᠬᠠᠢ᠌ᠰᠢᠭᠰᠠᠨ ᠪᠠᠢ᠌ᠵᠠᠢ᠃ ᠳᠤᠰ ᠨᠢᠭᠤᠷ ᠲᠤ᠄ 《

》 ᠭᠡᠳᠡᠭ᠌ ᠥᠭᠡᠰ ᠪᠢᠴᠢᠭ᠍ᠳᠡᠭ᠍ᠰᠡᠨ ᠪᠠᠢ᠌ᠨ᠎ᠠ᠃

ᠠᠷᠤ ᠳᠠᠯ᠎ᠠ ᠶᠢᠨ ᠨᠢᠭᠤᠷ ᠲᠤ᠂ 15 ᠮᠦᠷ᠂ 54 ᠥᠭᠡ ᠣᠷᠤᠭᠰᠠᠨ ᠪᠠᠢ᠌ᠵᠤ᠂ ᠪᠦᠭᠦᠳᠡ ᠶᠢ ᠳᠤᠳᠤᠷᠬᠠᠢ ᠣᠩᠰᠢᠵᠤ ᠪᠣᠯᠳᠠᠭ ᠪᠠᠢ᠌ᠨ᠎ᠠ᠃ ᠡᠭᠦᠨ ᠳᠤ ᠴᠠᠭᠠᠰᠤᠨ ᠡᠭᠢ ᠳᠡᠭᠡᠷ᠎ᠡ《》 ᠭᠡᠵᠤ ᠪᠠᠢ᠌ᠬᠤ ᠳᠤ᠂ ᠴᠢᠯᠠᠭᠤᠨ ᠳᠡᠭᠡᠷ᠎ᠡ ᠬᠠᠷᠢᠨ 《 》ᠭᠡᠵᠤ ᠨᠢᠭᠡ ᠥᠭᠡ ᠳᠤᠳᠠᠭᠤ ᠪᠠᠢ᠌ᠨ᠎ᠠ᠃ ᠳᠤᠰ ᠨᠢᠭᠤᠷ ᠲᠤ᠄ 《

》 ᠭᠡᠰᠡᠨ ᠥᠭᠡᠰ ᠪᠢᠴᠢᠭ᠍ᠳᠡᠭ᠍ᠰᠡᠨ ᠪᠠᠢ᠌ᠨ᠎ᠠ᠃ ᠳᠤᠰ ᠴᠢᠯᠠᠭᠤᠨ ᠤ ᠭᠡᠯᠪᠠᠷᠢ ᠨᠢ ᠬᠠᠷᠢᠴᠠᠩᠭ᠋ᠤᠢ ᠪᠠᠷ ᠳᠦᠷᠪᠡᠯᠵᠢᠨ ᠭᠡᠯᠪᠠᠷᠢ ᠲᠡᠶ ᠪᠠᠢ᠌ᠨ᠎ᠠ᠃ ᠡᠭᠦᠨ ᠳᠤ ᠠᠭᠤᠯᠭ᠎ᠠ ᠡᠴᠡ ᠨᠢ ᠳᠤᠯᠤᠳᠤᠭᠠᠷ ᠨᠢᠭᠤᠷ ᠮᠦᠨ ᠪᠣᠯᠬᠤ ᠶᠢ ᠪᠠᠳᠤᠯᠠᠭᠰᠠᠨ ᠪᠢᠯᠠ᠃

ᠨᠢᠭᠤᠷ ᠤᠨ ᠳ᠋ᠤᠭᠠᠷ ᠨᠢ ᠭᠤᠴᠢᠨ ᠵᠢᠷᠭᠤᠭ᠎ᠠ ᠭᠡᠰᠡᠨ ᠴᠢᠯᠠᠭᠤᠨ ᠳᠤ ᠨᠠᠢ᠌ᠳᠠ 13 ᠮᠦᠷ᠂ 61 ᠥᠭᠡ ᠳᠠᠭᠠᠪᠣᠷᠢ ᠶᠢ ᠪᠠᠭᠳᠠᠭᠠᠨ ᠣᠷᠤᠭᠰᠠᠨ ᠪᠠᠢ᠌ᠨ᠎ᠠ᠃ ᠳᠤᠰ ᠴᠢᠯᠠᠭᠤᠨ ᠤ ᠭᠡᠯᠪᠠᠷᠢ ᠨᠢ ᠬᠠᠷᠢᠴᠠᠩᠭ᠋ᠤᠢ ᠪᠠᠷ ᠭᠤᠷᠪᠠᠯᠵᠢᠨ ᠪᠠᠢ᠌ᠵᠤ᠂ ᠠᠷᠠᠢ 7 ᠡᠴᠡ 8 ᠥᠭᠡ ᠪᠠᠯᠠᠷᠬᠠᠢ ᠰᠢᠭ ᠪᠠᠢ᠌ᠵᠤ᠂ ᠳᠤᠯᠤᠳᠤᠭᠠᠷ ᠮᠦᠷ ᠳᠤ ᠪᠣᠰᠤᠳ ᠡᠭᠡ ᠲᠡᠶ ᠬᠠᠷᠢᠴᠠᠭᠤᠯᠠᠪᠠᠯ《 》 ᠭᠡᠰᠡᠨ ᠥᠭᠡ ᠳᠤᠳᠠᠭᠤ ᠪᠠᠢ᠌ᠨ᠎ᠠ᠃ ᠳᠤᠰ ᠴᠢᠯᠠᠭᠤᠨ ᠤ ᠣᠷᠳᠤ ᠨᠢ 30cm᠂ ᠥᠷᠭᠡᠨ ᠨᠢ 20cm᠂ ᠵᠤᠵᠠᠭᠠᠨ ᠨᠢ ᠪᠠᠷᠤᠭ 6cm᠂ ᠭᠦᠡᠳᠤ ᠨᠢ 5.5 kg ᠪᠠᠢ᠌ᠵᠠᠢ᠃ ᠳᠤᠰ ᠴᠢᠯᠠᠭᠤᠨ ᠳᠤ᠄ 《

》 ᠭᠡᠭᠦ ᠮᠠᠳᠤ ᠥᠭᠡᠰ ᠪᠢᠴᠢᠭ᠍ᠳᠡᠭ᠍ᠰᠡᠨ ᠪᠠᠢ᠌ᠵᠠᠢ᠃

ᠨᠢᠭᠤᠷ ᠤᠨ ᠳ᠋ᠤᠭᠠᠷ ᠨᠢ ᠮᠡᠳᠡᠭ᠍ᠳᠡᠭᠦ ᠦᠭᠡᠶ ᠭᠡᠮᠳᠡᠷᠡᠵᠤ ᠡᠪᠳᠡᠷᠡᠭ᠍ᠰᠡᠨ ᠨᠢᠭᠡ ᠴᠢᠯᠠᠭᠤ ᠶᠢ ᠪᠢᠳᠠ ᠭᠡᠮᠵᠢᠵᠤ ᠠᠮᠵᠢᠭᠰᠠᠨ ᠦᠭᠡᠶ᠂ ᠳᠤᠰ ᠴᠢᠯᠠᠭᠤᠨ ᠤ ᠥᠰᠦᠭ᠌ ᠤᠨ ᠡᠭᠢᠨ ᠤ ᠭᠡᠰᠡᠭ᠌ ᠲᠤ ᠭᠡᠮᠳᠡᠷᠡᠭ᠍ᠰᠡᠨ ᠡᠴᠡ ᠳ᠋ᠤᠭᠠᠷ ᠨᠢ ᠬᠠᠷᠠᠭᠳᠠᠬᠤ ᠦᠭᠡᠶ ᠪᠣᠯᠵᠠᠢ᠂ ᠠᠭᠤᠯᠭ᠎ᠠ ᠨᠢ ᠮᠠᠨᠢ ᠶᠢᠨ ᠵᠢᠷᠭᠤᠭᠠᠨ ᠥᠭᠡ ᠪᠠᠢ᠌ᠵᠤ᠂ ᠨᠠᠢ᠌ᠳᠠ ᠳᠤᠯᠤᠭᠠᠨ ᠣᠳᠠᠭ᠎ᠠ ᠳᠠᠪᠳᠠᠵᠤ ᠪᠢᠴᠢᠭ᠍ᠰᠡᠨ ᠪᠠᠢ᠌ᠨ᠎ᠠ᠃ ᠪᠦᠭᠦᠳᠡ ᠶᠢ ᠨᠢ ᠳᠤᠳᠤᠷᠬᠠᠢ ᠣᠩᠰᠢᠵᠤ ᠪᠣᠯᠳᠠᠭ ᠪᠠᠢ᠌ᠨ᠎ᠠ᠃ ᠳᠠᠷᠤᠢ᠄ 《

》 ᠴᠠᠭᠠᠰᠤᠨ ᠰᠤᠳᠤᠷ ᠤᠨ ᠵᠤᠷᠰᠢᠯ ᠶᠢᠡᠷ ᠳᠤᠰ ᠭᠡᠰᠡᠭ᠌ ᠪᠣᠯᠪᠠᠯ ᠳᠡᠭᠦᠰᠭᠡᠯ ᠤᠨ ᠭᠡᠰᠡᠭ᠌ ᠪᠣᠯᠳᠠᠭ ᠪᠠᠢ᠌ᠨ᠎ᠠ᠃


ᠵᠤᠬᠢᠶᠠᠭᠴᠢ ᠶᠢᠨ ᠬᠠᠶ‍ᠢᠭ ᠄ ᠰᠢᠠᠵᠢᠶᠠᠩ ᠤᠨ ᠨᠢᠯᠬ᠎ᠠ ᠰᠢᠶᠠᠨ ᠤ ᠵᠠᠭᠢᠳᠠᠯ ᠵᠠᠷᠭᠤ ᠶᠢᠨ ᠳᠤᠪᠴᠢᠶ᠎ᠠ

ᠵᠤᠬᠢᠶᠠᠭᠴᠢ᠄ ᠪᠠᠳᠤᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 2615
ᠴᠠᠭ᠄ 2009 ᠤᠨ ᠤ 12 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁