ᠴᠠᠰᠤᠨ ᠳᠡᠭᠡᠷ᠎ᠡ ᠪᠢᠴᠢᠭ᠍ᠰᠡᠨ ᠰᠢᠯᠦᠭ᠌

ᠴᠠᠰᠤᠨ ᠳᠡᠭᠡᠷ᠎ᠡ ᠪᠢ

ᠬᠠᠢ᠌ᠷ᠎ᠠ ᠪᠠᠨ ᠠᠰᠠᠭᠠᠵᠤ ᠪᠠᠢ᠌ᠭᠠᠤᠨ ᠰᠢᠯᠦᠭ᠌ ᠪᠢᠴᠢᠭ᠍ᠰᠡᠨ ᠶᠤᠮ

ᠴᠠᠰᠤ ᠳᠡᠭᠡᠭᠦ ᠳᠤ ᠬᠠᠢ᠌ᠯᠤᠭᠠᠤᠨ

ᠬᠠᠷᠢᠨ ᠮᠦᠩᠭᠦᠨ ᠣᠰᠤ ᠮᠠᠳᠤ ᠣᠷᠤᠰᠴᠤ ᠪᠠᠢ᠌ᠭᠰᠠᠨ ᠶᠤᠮ

ᠴᠢᠨᠤ ᠵᠥᠭ᠌

ᠣᠳᠤ ᠮᠠᠳᠤ ᠳᠤᠶᠠᠭᠠᠷᠠᠵᠤ ᠯᠠ ᠪᠠᠢ᠌ᠭᠰᠠᠨ ᠶᠤᠮ

ᠴᠠᠭᠠᠨ ᠭᠡᠷᠡᠯ ᠨᠢ

ᠣᠢ᠌ᠤᠠᠬᠠᠷ ᠢ ᠮᠢᠨᠢ ᠭᠠᠯ ᠮᠠᠳᠤ ᠳᠣᠢ᠌ᠮᠠᠷᠳᠠᠵᠤ ᠪᠠᠢ᠌ᠭᠰᠠᠨ ᠶᠤᠮ

ᠰᠦᠨᠢ ᠶᠢᠨ ᠭᠦᠨ

ᠭᠦᠯ ᠦᠭᠡᠶ ᠳᠠᠯᠠᠢ ᠰᠢᠭ᠌ ᠨᠠᠯᠣᠢ᠌ᠵᠤ ᠪᠠᠢ᠌ᠬᠤ ᠳ᠋ᠤ

ᠰᠡᠳᠬᠢᠯ ᠤᠨ ᠮᠦᠷᠦᠭᠡᠳᠦᠯ ᠶᠢᠡᠨ ᠪᠢ

ᠭᠦᠷ ᠴᠠᠰᠤᠨ ᠳᠡᠭᠡᠷ᠎ᠡ ᠢᠩᠭᠢᠵᠤ ᠯᠠ ᠰᠢᠭᠤᠳᠳᠡᠯ᠎ᠡ ᠪᠢᠴᠢᠭ᠍ᠰᠡᠨ ᠶᠤᠮ

ᠴᠠᠰᠤᠨ ᠳᠡᠭᠡᠷ᠎ᠡ ᠪᠢ

ᠵᠢᠷᠦᠭᠡ ᠪᠠᠨ ᠵᠤᠷᠠᠨ ᠨᠤᠴᠤᠭᠠᠵᠤ

ᠴᠢᠮ᠎ᠠ ᠣᠷᠤᠭᠤ ᠪᠢ

ᠵᠡᠭᠦᠳᠤᠨ ᠤ ᠮᠦᠷᠠᠨ ᠶᠢᠡᠷ ᠣᠷᠤᠰᠤᠭᠰᠠᠨ ᠶᠤᠮ ᠁


ᠨᠠᠪᠴᠢᠨ ᠳᠡᠭᠡᠷ᠎ᠡ ᠪᠢᠴᠢᠭ᠍ᠰᠡᠨ ᠰᠢᠯᠦᠭ᠌


ᠨᠠᠢ᠌ᠷᠠᠭ ᠤᠨ ᠥᠭᠡᠨ ᠳᠤ ᠮᠦᠷᠦᠭᠡᠳᠦᠯ ᠶᠢᠡᠨ ᠠᠭᠤᠰᠬᠠᠵᠤ

ᠨᠠᠪᠴᠢᠨ ᠳᠡᠭᠡᠷ᠎ᠡ ᠪᠢ ᠰᠢᠯᠦᠭ᠌ ᠪᠢᠴᠢᠭ᠍ᠰᠡᠨ ᠶᠤᠮ

ᠨᠠᠮᠤᠷ ᠤᠨ ᠰᠠᠯᠭᠢ ᠨᠠᠪᠴᠢ ᠶᠢ ᠳᠡᠭᠡᠭᠡᠭᠡᠳ

ᠨᠤᠳᠤᠭ ᠣᠷᠤᠭᠤ ᠨᠢᠰᠦᠭᠡᠳ ᠶᠠᠪᠣᠴᠢᠬᠠᠭᠰᠠᠨ ᠶᠤᠮ

ᠨᠢᠳᠤ ᠴᠢᠴᠢᠮ᠎ᠠ ᠬᠠᠷᠠᠩᠭ᠋ᠤᠢ ᠶᠢᠨ ᠳᠤᠮᠳᠠ

ᠨᠣᠢ᠌ᠳᠠᠨ ᠣᠢ᠌ᠤᠠᠬᠠᠷ ᠨᠠᠮᠢ᠋ᠢ ᠭᠡᠮᠢᠯᠡᠭ᠍ᠰᠡᠨ ᠶᠤᠮ

ᠨᠠᠮᠤᠷ ᠤᠨ ᠰᠢᠪᠠᠭᠤᠳ ᠦᠳᠡᠰᠢ ᠳᠤᠵᠢ ᠭᠠᠩᠭ᠋ᠠᠨᠠᠯᠳᠤᠭᠠᠤᠨ

ᠨᠤᠮᠢᠨ ᠳᠡᠭ᠍ᠷᠢ ᠳᠤ ᠮᠦᠷᠦᠭᠡᠳᠦᠯ ᠨᠠᠮᠢᠷᠠᠭᠰᠠᠨ ᠶᠤᠮ


ᠣᠰᠤᠨ ᠳᠡᠭᠡᠷ᠎ᠡ ᠪᠢᠴᠢᠭ᠍ᠰᠡᠨ ᠰᠢᠯᠦᠭ᠌


ᠣᠰᠤᠨ ᠤ ᠨᠢᠭᠤᠷ ᠳᠡᠭᠡᠷ᠎ᠡ

ᠨᠢᠯᠪᠣᠰᠤ ᠪᠠᠷ ᠶᠢᠡᠨ ᠰᠢᠯᠦᠭ᠌ ᠪᠢᠴᠢᠭ᠍ᠰᠡᠨ ᠶᠤᠮ

ᠣᠰᠤ ᠳᠡᠭᠡᠭᠦ ᠳᠤ ᠦᠣᠡᠭᠡᠷᠡᠭᠡᠳ

ᠨᠠᠮᠤᠷ ᠤᠨ ᠨᠠᠪᠴᠢ ᠪᠠᠷ ᠪᠣᠴᠠᠯᠤᠭᠰᠠᠨ ᠶᠤᠮ

ᠣᠰᠤ ᠳᠠᠰᠴᠤ ᠴᠢᠳᠠᠯ ᠥᠭᠡᠢ

ᠡᠷᠭᠢ ᠪᠠᠨ ᠭᠢᠷᠦᠭᠡᠳᠡᠭᠡᠳ ᠡᠭᠢᠯᠡᠯ᠎ᠡ

ᠣᠰᠤᠨ ᠳᠤᠳᠤᠷᠠᠭᠢ ᠨᠢᠭᠤᠷ ᠮᠢᠨᠢ ᠣᠷᠤᠰᠤᠭᠠᠤᠨ

ᠡᠩᠭᠦᠷᠡᠢ ᠴᠢᠮᠢ᠋ᠢ ᠵᠤᠷᠢᠯ᠎ᠠ



ᠵᠤᠬᠢᠶᠠᠭᠴᠢ ᠶᠢᠨ ᠬᠠᠶ‍ᠢᠭ᠄ ᠰᠢᠠᠵᠢᠶᠠᠩ ᠢᠯᠢ ᠵᠸᠤ ᠶᠢᠨ ᠳᠤᠷᠰᠢᠯᠳᠠ ᠶᠢᠨ ᠳᠤᠮᠳᠠᠳᠤ ᠰᠤᠷᠭᠠᠭᠤᠯᠢ

ᠵᠤᠬᠢᠶᠠᠭᠴᠢ᠄ ᠭᠠᠩᠭ᠋᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1377
ᠴᠠᠭ᠄ 2010 ᠤᠨ ᠤ 07 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁