ᠮᠣᠩᠭᠣᠯ ᠤᠨ ᠬᠡᠯᠡ ᠪᠣᠰᠣᠭ᠎ᠠ
ᠲᠣᠯᠵᠦ ᠪᠣᠰᠳᠠᠭ ᠭᠠᠵᠠᠷ ᠪᠠᠢᠪᠠᠯ ᠲᠣᠭ ᠶᠢᠠᠨ ᠬᠡᠢᠰᠬᠡᠬᠦ ᠲᠩᠷᠢ ᠪᠠᠢᠳᠠᠭ


ᠲᠩᠷᠢ ᠭᠠᠵᠠᠷ ᠤᠨ ᠳᠤᠮᠳᠠ
ᠲᠡᠭᠷᠢᠯᠢᠭ ᠬᠥᠪᠡᠭᠦᠨ ᠡᠴᠡ ᠵᠠᠶᠠᠭᠠᠭᠰᠠᠨ ᠬᠡᠯᠡ
ᠲᠦᠮᠡᠨ ᠦᠶ᠎ᠡ ᠲᠦᠭᠰᠢᠵᠦ ᠢᠷᠡᠭᠰᠡᠨ
ᠲᠦᠳᠡᠭ ᠭᠠᠯ ᠲᠠᠢ ᠪᠣᠰᠣᠭ᠎ᠠ ᠬᠡᠯᠡ᠃

ᠡᠬᠡ ᠶᠢᠨ ᠬᠡᠪᠡᠯᠢ ᠶᠢ ᠢᠰᠬᠦᠯᠵᠦ
ᠡᠨᠡ ᠳᠡᠯᠡᠬᠡᠢ ᠳ᠋ᠦ ᠤᠨᠠᠭᠰᠠᠨ ᠲᠡᠷᠡ ᠡᠳᠦᠷ
ᠡᠴᠢᠭᠡ ᠶᠢᠨ ᠠᠮᠠᠨ ᠡᠴᠡ ᠡᠯᠪᠡᠷᠢᠬᠦ
ᠬᠦᠦ ᠮᠢᠨᠢ ᠭᠡᠵᠦ ᠳᠠᠭᠤᠳᠠᠭᠰᠠᠨ ᠨᠢ ᠲᠣᠳᠣᠬᠠᠨ᠃

ᠡᠭᠦᠨᠴᠡ ᠬᠣᠢᠰᠢ᠂ ᠲᠡᠭᠦᠨᠴᠡ ᠴᠠᠭᠠᠰᠢ
ᠵᠢᠩᠬᠢᠨᠢ ᠮᠣᠩᠭᠣᠯ ᠴᠢᠰᠤ ᠵᠢᠷᠦᠬᠡᠨ ᠳ᠋ᠦ ᠤᠷᠤᠰᠴᠤ
ᠵᠢᠩᠬᠢᠨᠢ ᠮᠣᠩᠭᠣᠯ ᠵᠢᠷᠦᠬᠡ ᠴᠡᠭᠡᠵᠢᠨ ᠳ᠋ᠦ ᠯᠤᠭᠰᠢᠬᠤ ᠳ᠋ᠦ
ᠠᠮᠢᠨ ᠰᠤᠳᠠᠰᠤ ᠠᠮᠢᠯᠠᠯ ᠤᠨ ᠭᠠᠯ ᠪᠣᠯᠣᠭᠰᠠᠨ ᠨᠢ ᠮᠣᠩᠭᠣᠯ ᠬᠡᠯᠡ ᠮᠢᠨᠢ ᠪᠢᠯᠡ᠃

ᠡᠷᠡᠯᠬᠡᠭ ᠮᠣᠩᠭᠣᠯ ᠤᠨ ᠥᠯᠥᠭᠡᠢ ᠳ᠋ᠦ ᠪᠦᠪᠡᠢᠯᠡᠭᠳᠡᠵᠦ
ᠡᠪᠦᠭᠡ ᠳᠡᠭᠡᠳᠦᠰ ᠤᠨ ᠨᠤᠲᠤᠭ ᠲᠦ ᠦᠰᠦᠨ
ᠥᠪᠡᠷ ᠤᠨ ᠮᠣᠩᠭᠣᠯ ᠬᠡᠯᠡ ᠪᠡᠨ ᠪᠢᠰᠢᠷᠡᠵᠦ
ᠥᠨᠢᠳᠡ ᠶᠢᠨ ᠰᠢᠲᠦᠭᠡᠨ ᠪᠣᠯᠭᠠᠭᠰᠠᠨ ᠪᠢ᠃

ᠮᠢᠨᠤ ᠮᠣᠩᠭᠣᠯ ᠤᠨ ᠪᠣᠰᠣᠭ᠎ᠠ ᠬᠡᠯᠡ ᠥᠷᠯᠥᠭ ᠶᠤᠮ
ᠥᠩᠭᠡᠷᠡᠭᠰᠡᠨ ᠲᠡᠷᠡ ᠵᠠᠭᠤᠨ ᠢ ᠲᠤᠭᠤᠯᠤᠨ
ᠥᠨᠥᠳᠥᠷ ᠨᠠᠳᠠ ᠲᠠᠢ ᠬᠠᠨᠢᠯᠠᠨ
ᠥᠷᠥ ᠵᠢᠷᠦᠬᠡᠨ ᠳ᠋ᠦ ᠰᠡᠢᠯᠦᠭᠳᠡᠭᠰᠡᠨ᠃

ᠮᠢᠨᠤ ᠮᠣᠩᠭᠣᠯ ᠤᠨ ᠪᠣᠰᠣᠭ᠎ᠠ ᠬᠡᠯᠡ ᠰᠦᠰᠦᠭ ᠶᠤᠮ
ᠮᠥᠩᠬᠡᠳᠡ ᠦᠡᠳᠦᠰᠦᠲᠡᠨ ᠤ ᠰᠦᠯᠳᠡ ᠶᠤᠮ
ᠮᠥᠷᠯᠡᠨ ᠵᠢᠭᠰᠠᠭᠠᠭᠳᠠᠭᠰᠠᠨ ᠢᠳᠡᠷᠭᠦᠨ ᠦᠰᠦᠭ ᠨᠢ
ᠮᠣᠷᠢᠲᠠᠨ ᠤᠳᠤᠮ ᠤᠨ ᠴᠡᠷᠢᠭ ᠶᠤᠮ᠃

ᠮᠢᠨᠤ ᠮᠣᠩᠭᠣᠯ ᠤᠨ ᠪᠣᠰᠣᠭ᠎ᠠ ᠬᠡᠯᠡ ᠰᠦᠨᠡᠰᠦ ᠶᠤᠮ
ᠮᠣᠩᠭᠣᠯᠰᠢᠬᠤ ᠪᠦᠬᠦᠨ ᠤ ᠤᠷᠢᠳᠠᠯ ᠶᠤᠮ
ᠮᠣᠬᠣᠰᠢ ᠦᠭᠡᠢ ᠵᠣᠷᠢᠭ ᠤᠨ ᠢᠲᠡᠭᠡᠯ
ᠮᠣᠩᠭᠣᠯᠴᠦᠳ ᠪᠢᠳᠡᠨ ᠤ ᠬᠡᠢᠮᠣᠷᠢ ᠶᠤᠮ᠃

ᠬᠣᠶᠠᠷᠬᠠᠨ ᠤᠲᠠᠰᠤ ᠲᠠᠢ ᠮᠣᠷᠢᠨ ᠬᠤᠭᠤᠷ ᠢᠶᠡᠷ
ᠬᠣᠷᠸ᠎ᠠ ᠶᠢ ᠤᠶᠠᠷᠠᠭᠠᠭᠰᠠᠨ ᠦᠡᠳᠦᠰᠦᠲᠡᠨ
ᠬᠣᠩᠭᠣᠷ ᠪᠣᠰᠣᠭ᠎ᠠ ᠬᠡᠯᠡ ᠪᠡᠷ ᠢᠶᠡᠨ
ᠬᠣᠶᠠᠷ ᠲᠢᠪ ᠢ ᠰᠤᠨᠳᠤᠯᠠᠭᠰᠠᠨ ᠮᠣᠩᠭᠣᠯ᠃

ᠪᠢ ᠮᠣᠩᠭᠣᠯ ᠢᠶᠡᠨ ᠯᠠ ᠪᠢᠰᠢᠷᠡᠨ᠎ᠡ
ᠪᠢᠰᠢᠷᠡᠬᠦ ᠳ᠋ᠦ ᠪᠡᠨ ᠪᠢ ᠥᠷᠥᠴᠡᠨ ᠡᠴᠡ ᠪᠡᠨ ᠪᠢᠰᠢᠷᠡᠨ᠎ᠡ
ᠪᠢ ᠮᠣᠩᠭᠣᠯ ᠢᠶᠡᠨ ᠯᠠ ᠰᠢᠲᠦᠨ᠎ᠡ
ᠰᠢᠲᠦᠬᠦ ᠳ᠋ᠦ ᠪᠡᠨ ᠪᠢ ᠰᠡᠳᠬᠢᠯ ᠤᠨ ᠤᠭ ᠡᠴᠡ ᠪᠡᠨ ᠰᠢᠲᠦᠨ᠎ᠡ
ᠪᠢ ᠵᠥᠪᠬᠡᠨ ᠮᠣᠩᠭᠣᠯ ᠳ᠋ᠦ ᠪᠡᠨ ᠵᠣᠷᠢᠨ᠎ᠠ
ᠤᠴᠢᠷ ᠨᠢ ᠮᠢᠨᠤ ᠮᠣᠩᠭᠣᠯ ᠤᠨ ᠬᠡᠯᠡ ᠪᠣᠰᠣᠭ᠎ᠠ᠃

ᠵᠤᠬᠢᠶᠠᠭᠴᠢ᠄ ᠦᠨᠡᠨᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 738
ᠴᠠᠭ᠄ 2020 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ 1 ᠠᠯᠳᠠᠭ᠎ᠠ ᠲᠠᠢ
ᠨᠡᠪᠲᠡᠷᠡᠨ ᠤᠷᠤᠬᠤ