ᠭᠦᠤ ᠮᠢᠨᠢ

ᠬᠤᠷᠸ᠎ᠠ ᠬᠤᠪᠢ ᠲᠡᠶ ᠳ᠋ᠠᠭᠠᠨ

ᠵᠠᠶᠠᠭᠠᠯ᠎ᠠ ᠰᠢᠤ ᠭᠦᠤ ᠮᠢᠨᠢ

ᠬᠤᠳᠠᠯᠠ ᠭᠡᠷ ᠳᠡᠭᠡᠨ

ᠦᠷ᠎ᠡ ᠰᠢᠤ ᠭᠦᠤ ᠮᠢᠨᠢ

ᠬᠣᠢ᠌ᠴᠢᠰ ᠠᠢ᠌ᠮᠠᠭ ᠳᠠᠭᠠᠨ

ᠦᠨᠳᠦᠰᠦ ᠰᠢᠤ ᠭᠦᠤ ᠮᠢᠨᠢ

ᠬᠤᠷᠴᠢᠨ ᠨᠤᠳᠤᠭ ᠳᠠᠭᠠᠨ

ᠦᠨᠦᠷ ᠰᠢᠤ ᠭᠦᠤ ᠮᠢᠨᠢ

ᠠᠯᠠᠭ ᠳᠡᠯᠡᠭᠡᠢ ᠳ᠋ᠡᠭᠡᠨ

ᠠᠮᠢᠵᠢᠷᠠᠯ ᠰᠢᠤ ᠭᠦᠤ ᠮᠢᠨᠢ

ᠠᠳᠠᠯ ᠡᠷᠦᠭᠡ ᠳᠡᠭᠡᠨ

ᠭᠡᠭᠡ ᠰᠢᠤ ᠭᠦᠤ ᠮᠢᠨᠢ

ᠠᠭᠳᠠ ᠶᠢᠨ ᠰᠦᠷᠦᠭ᠌ ᠳᠡᠭᠡᠨ

ᠠᠳᠠᠭᠤᠴᠢᠨ ᠰᠢᠤ ᠭᠦᠤ ᠮᠢᠨᠢ

ᠠᠠᠴᠢᠷ ᠵᠢᠷᠭᠠᠯ ᠳ᠋ᠠᠭᠠᠨ

ᠪᠠᠯᠡᠭ᠌ ᠰᠢᠤ ᠭᠦᠤ ᠮᠢᠨᠢ

ᠳᠠᠩᠰᠤᠭ ᠳᠠᠯ᠎ᠠ ᠳ᠋ᠠᠭᠠᠨ

ᠰᠤᠪᠣᠤᠨ ᠰᠢᠤ ᠭᠦᠤ ᠮᠢᠨᠢ

ᠳᠤᠩᠭ᠋ᠠᠯᠠᠭ ᠨᠠᠭᠤᠷ ᠳᠠᠭᠠᠨ

ᠬᠤᠨ ᠰᠢᠤ ᠭᠦᠤ ᠮᠢᠨᠢ

ᠲᠦᠮᠡᠨ ᠣᠯᠠᠨ ᠳᠠᠭᠠᠨ

ᠰᠤᠳᠤ ᠰᠢᠤ ᠭᠦᠤ ᠮᠢᠨᠢ

ᠳᠤᠭᠢᠯᠢᠭ ᠠᠢ᠌ᠯ ᠳᠠᠭᠠᠨ

ᠰᠦᠯᠳᠡ ᠰᠢᠤ ᠭᠦᠤ ᠮᠢᠨᠢ

ᠪᠠᠯᠴᠢᠷ ᠨᠠᠰᠤᠨ ᠤ ᠴᠢᠨᠢ

ᠳᠤᠷᠠᠰᠤᠯ ᠰᠢᠤ ᠭᠦᠤ ᠮᠢᠨᠢ

ᠪᠠᠶᠠᠯᠢᠭ ᠠᠮᠢᠳᠤᠷᠠᠯ ᠤᠨ

ᠳᠦᠷᠰᠤ ᠰᠢᠤ ᠭᠦᠤ ᠮᠢᠨᠢ

ᠪᠢᠴᠢᠯ ᠪᠦᠦᠪᠠᠢ ᠳᠠᠭᠤᠤ ᠴᠢᠨᠢ

ᠨᠠᠢ᠌ᠷᠠᠭ ᠰᠢᠤ ᠭᠦᠤ ᠮᠢᠨᠢ

ᠪᠢᠴᠢᠭ᠌ ᠤᠨ ᠦᠷᠦᠭᠡᠨ ᠳᠡᠭᠡᠨ

ᠪᠢᠯᠢᠭ᠌ ᠰᠢᠤ ᠭᠦᠤ ᠮᠢᠨᠢ

ᠪᠦᠮᠪᠦᠷᠴᠡᠭ᠌ ᠶ‍ᠢᠷᠳᠢᠠᠴᠤ ᠳ᠋ᠡᠭᠡᠨ

ᠨᠠᠷᠠ ᠰᠢᠤ ᠭᠦᠤ ᠮᠢᠨᠢ

ᠪᠦᠰᠡᠯᠡᠭᠦᠷᠳᠤ ᠡᠷᠡᠴᠦᠦᠯ ᠤᠨ

ᠳᠡᠮᠳᠡᠭ᠌ ᠰᠢᠤ ᠭᠦᠤ ᠮᠢᠨᠢ

ᠪᠦᠯᠭᠦᠮᠳᠡᠭᠦ ᠭᠡᠷ ᠳᠡᠭᠡᠨ

ᠳᠤᠯᠭᠠᠭᠤᠷᠢ ᠰᠢᠤ ᠭᠦᠤ ᠮᠢᠨᠢ

ᠠᠪᠣ ᠶᠢᠨ ᠨᠤᠳᠤᠭ ᠴᠢᠨᠢ

ᠡᠯᠡᠰᠤ ᠮᠠᠩᠬᠠᠨ ᠰᠢᠤ ᠭᠦᠤ ᠮᠢᠨᠢ

ᠠᠰᠠᠷᠠᠵᠤ ᠦᠰᠦᠭ᠍ᠰᠡᠨ ᠨᠤᠳᠤᠭ ᠴᠢᠨᠢ

ᠣᠷᠳᠤᠰ ᠬᠤᠳᠠ ᠰᠢᠤ ᠭᠦᠤ ᠮᠢᠨᠢ

ᠠᠩᠬᠠᠨ ᠤ ᠠᠯᠬᠤᠭ᠎ᠠ ᠴᠢᠨᠢ

ᠡ᠊ᠨᠳᠡ ᠡᠴᠡ ᠰᠢᠤ ᠭᠦᠤ ᠮᠢᠨᠢ

ᠠᠪᠣ ᠡᠵᠢ ᠬᠤᠶᠠᠷ ᠳ᠋ᠠᠭᠠᠨ

ᠠᠵᠠ ᠳᠠᠮᠢᠷ ᠰᠢᠤ ᠭᠦᠤ ᠮᠢᠨᠢ

ᠮᠠᠠᠳᠤᠬᠤ ᠨᠠᠷᠠᠨ ᠰᠢᠭ

ᠭᠡᠷᠡᠯᠳᠦᠵᠤ ᠶᠠᠪᠣ ᠭᠦᠤ ᠮᠢᠨᠢ

ᠮᠠᠴᠢᠳ ᠣᠳᠤᠨ ᠰᠢᠭ

ᠭᠢᠯᠠᠯᠵᠠᠵᠤ ᠶᠠᠪᠣ ᠭᠦᠤ ᠮᠢᠨᠢ

ᠮᠠᠠᠳᠠᠭᠠᠷ ᠰᠠᠷᠠᠨ ᠰᠢᠭ

ᠳᠦᠭᠦᠷᠡᠩ ᠶᠠᠪᠣ ᠭᠦᠤ ᠮᠢᠨᠢ

ᠮᠠᠷᠭᠠᠰᠢ ᠢᠷᠡᠭᠡᠳᠦᠢ ᠳ᠋ᠡᠭᠡᠨ

ᠭᠦᠰᠡᠯ ᠲᠡᠶ ᠶᠠᠪᠣ ᠭᠦᠤ ᠮᠢᠨᠢ

ᠭᠦᠭᠡᠷᠡᠭᠦ ᠴᠠᠭᠢᠯᠳᠠᠭ ᠰᠢᠭ

ᠴᠡᠯᠭᠡᠷᠡᠵᠤ ᠶᠠᠪᠣ ᠭᠦᠤ ᠮᠢᠨᠢ

ᠭᠦᠳᠡᠭᠡ ᠨᠤᠳᠤᠭ ᠵᠢᠠᠨ

ᠨᠤᠭᠤᠭᠠᠷᠠᠭᠤᠯᠵᠤ ᠶᠠᠪᠣ ᠭᠦᠤ ᠮᠢᠨᠢ

ᠭᠦᠭ᠍ᠰᠢᠨ ᠨᠢᠯᠬᠠᠰ ᠶᠢᠡᠨ

ᠠᠴᠢᠯᠠᠵᠤ ᠶᠠᠪᠣ ᠭᠦᠤ ᠮᠢᠨᠢ

ᠭᠦᠭᠡ ᠮᠤᠩᠭ᠋ᠤᠯ ᠵᠢᠠᠨ

ᠮᠠᠠᠳᠠᠭᠤᠯᠵᠤ ᠶᠠᠪᠣ ᠭᠦᠤ ᠮᠢᠨᠢ

ᠭᠦᠭ᠍ᠵᠢᠭᠦ ᠢᠷᠡᠭᠡᠳᠦᠢ ᠪᠠᠨ

ᠰᠤᠳᠤᠯᠠᠵᠤ ᠶᠠᠪᠣ ᠭᠦᠤ ᠮᠢᠨᠢ


ᠵᠤᠬᠢᠶᠠᠭᠴᠢ ᠶᠢᠨ ᠬᠠ‍‌ᠶᠢᠭ ᠄ ᠭᠦᠷᠢᠶ᠎ᠡ ᠪᠠᠯᠭᠠᠰᠤ

ᠵᠤᠬᠢᠶᠠᠭᠴᠢ᠄ ᠭᠦᠳᠡᠭᠡ
ᠬᠠᠷᠢᠶ᠎ᠠ᠄ ᠰᠢᠯᠦᠭ
ᠳᠠᠷᠤᠮ᠄ 2515
ᠴᠠᠭ᠄ 2013 ᠤᠨ ᠤ 06 ᠰᠠᠷ᠎ᠠ ᠶᠢᠨ 14