ᠰᠡᠳᠭᠢᠯ ᠤᠨ ᠴᠤᠤᠷᠢᠶ᠎ᠠ

ᠠᠷᠠᠢ ᠵᠦᠳᠡᠭᠦᠤ ᠭᠡᠵᠤ ᠶᠠᠷᠢᠨ᠎ᠠ

           ᠡᠷᠭᠦᠭ᠍ᠰᠡᠨ ᠤ ᠭᠢ

ᠠᠷᠳᠠᠭ ᠳᠤᠭᠰᠢᠨ ᠭᠡᠵᠤ ᠥᠭᠦᠯᠡᠨ᠎ᠡ

           ᠬᠤᠷᠤᠰᠤᠭᠰᠠᠨ ᠤ ᠭᠢ

ᠠᠷᠢᠭᠢᠨ ᠳᠤ ᠰᠢᠨᠤᠬᠠᠢ ᠭᠡᠵᠤ ᠳᠠᠷᠬᠠᠭᠠᠨ᠎ᠠ

           ᠰᠤᠷᠤᠭᠰᠠᠨ ᠤ ᠭᠢ

ᠠᠰᠪᠣᠷᠢ ᠴᠠᠭᠠᠪᠣᠷ ᠭᠡᠵᠤ ᠦᠨᠡᠯᠠᠨ᠎ᠡ

           ᠳᠦᠷᠦᠭ᠍ᠰᠡᠨ ᠤ ᠭᠢ

ᠡᠷᠳᠡᠮ ᠮᠡᠳᠡᠯᠭᠡ ᠲᠡᠶ ᠭᠡᠵᠤ ᠮᠠᠭᠳᠠᠨ᠎ᠠ

           ᠡᠵᠡᠮᠰᠢᠭ᠍ᠰᠡᠨ ᠤ ᠭᠢ

ᠡᠯᠪᠠᠷᠢᠯ ᠵᠢᠷᠤᠮ ᠲᠡᠶ ᠭᠡᠵᠤ ᠰᠠᠢ᠌ᠰᠢᠶᠠᠨ᠎ᠠ

           ᠣᠯᠠᠮᠵᠢᠯᠠᠭᠰᠠᠨ ᠤ ᠭᠢ

ᠡᠷᠢᠶᠡᠨ ᠬᠤᠷᠸ᠎ᠠ ᠶᠢ ᠵᠢᠭ᠍ᠰᠢᠨ᠎ᠡ ᠭᠡᠨ᠎ᠡ

           ᠡᠭ᠍ᠳᠡᠭᠦᠴᠡᠭ᠍ᠰᠡᠨ ᠤ ᠭᠢ

ᠡᠷᠭᠡ ᠵᠡᠷᠭᠡ ᠪᠠᠷ ᠬᠤᠮᠰᠠ ᠭᠡᠨ᠎ᠡ

           ᠡ᠊ᠨᠳᠡᠭᠦᠷᠡᠭ᠍ᠰᠡᠨ ᠤ ᠭᠢ

ᠦᠨᠡᠨᠳᠡᠭᠡᠨ ᠪᠢ ᠡᠩ ᠤᠨ ᠭᠦᠮᠤᠨ

           ᠳᠠᠶᠠᠭᠠᠷ ᠮᠠᠳᠠᠨ᠎ᠡ

ᠥᠩᠭᠡᠳᠤ ᠶ‍ᠢᠷᠳᠢᠠᠴᠤ ᠡᠴᠠ ᠣᠢ᠌ᠳᠤᠭᠰᠠᠨ ᠭᠦᠮᠤᠨ

           ᠰᠡᠳᠭᠢᠯ ᠯᠠ ᠮᠠᠳᠠᠨ᠎ᠡ ︕


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2585
ᠴᠠᠭ᠄ 2012 ᠤᠨ ᠤ 12 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ