ᠪᠢ ᠶᠠᠭᠤᠨ ᠳᠤ ᠭᠠᠭᠴᠠᠭᠠᠷᠳᠠᠪᠠ

ᠭᠠᠰᠢᠭᠤᠨ ᠡᠪᠠᠰᠤᠨ ᠤ ᠰᠤᠳᠠᠰᠤᠨ ᠳᠡᠭᠡᠭᠦᠷ ᠮᠥᠯᠭᠦᠵᠤ

ᠭᠠᠩ ᠨᠠᠷᠠᠨ ᠳᠤ ᠨᠢᠷᠤᠭᠤ ᠪᠠᠨ ᠰᠢᠷᠠᠭᠰᠠᠨ

ᠭᠠᠷ ᠭᠦᠯ ᠤᠨ ᠢᠯᠭᠠᠭ᠎ᠠ ᠦᠭᠡᠶ ᠳᠦᠷᠤᠯᠳᠠᠨ


ᠣᠳᠤᠭ᠎ᠠ ᠥᠨᠦᠷᠳᠦᠭ᠍ᠰᠡᠨ ᠢᠰᠡᠭᠡᠢ ᠳᠤᠳᠤᠷ᠎ᠠ ᠲᠦᠯᠵᠢᠵᠤ

ᠣᠷᠭᠤᠬᠤ ᠨᠠᠷᠠᠨ ᠤ ᠴᠢᠭᠢᠭ᠌ ᠭᠤᠷᠢᠯᠠᠨ ᠬᠠᠳᠠᠳᠠᠭ

ᠣᠷᠤᠭᠤ ᠰᠢᠳᠤ ᠦᠭᠡᠶ ᠠᠮᠢᠳᠠᠨ


ᠳᠦᠷᠦᠭ᠍ᠰᠡ ᠦᠷ᠎ᠡ ᠪᠠᠨ ᠮᠠᠨᠠᠬᠤ ᠴᠢᠳᠠᠯ ᠥᠭᠡᠢ

ᠲᠡᠩᠴᠡᠬᠦᠤ ᠣᠷᠴᠢᠯᠠᠩ ᠳᠤ ᠢᠵᠢᠯᠰᠢᠭᠦ ᠬᠤᠪᠢ ᠥᠭᠡᠢ

ᠳᠠᠩ ᠭᠠᠭᠴᠠ ᠮᠢᠨᠤ ᠵᠠᠶᠠᠭ᠎ᠠ

ᠬᠤᠷᠭᠤᠯ ᠤᠨ ᠴᠢᠨᠡᠭᠡ ᠪᠠᠶ᠎ᠠ ᠲᠡᠶ ᠴᠤ

ᠠᠮᠢ ᠭᠤᠤᠯ ᠢ ᠡᠵᠢ ᠳᠡᠯᠡᠭᠡᠢ ᠬᠠᠢ᠌ᠷᠠᠯᠠᠭᠰᠠᠨ ᠭᠡᠳᠡᠭ᠌

ᠠᠮᠢᠰᠬᠤᠬᠤ ᠬᠤᠭᠤᠯᠠᠢ᠂  ᠰᠢᠩᠭᠡᠭᠡᠭᠦ ᠭᠡᠳᠡᠰᠤ ᠲᠡᠶ ᠴᠤ

ᠶᠠᠭᠤᠬᠠᠨ ᠶᠢᠡᠷ ᠬᠤᠭᠤᠯᠠᠯᠠᠳᠠᠭ ᠶᠢᠡᠨ ᠪᠢ ᠮᠡᠳᠡᠭᠦ ᠥᠭᠡᠢ


ᠶᠠᠪᠣᠵᠤ ᠶᠠᠪᠣᠵᠤ᠂ ᠶᠠᠳᠠᠷᠠᠵᠤ ᠶᠠᠳᠠᠷᠠᠵᠤ

ᠡᠷᠭᠢᠵᠤ ᠬᠠᠷᠠᠬᠤᠯ᠎ᠠ

ᠬᠤᠷᠤᠭᠰᠠᠨ ᠭᠠᠵᠠᠷ ᠬᠤᠮᠠᠭᠢ ᠳᠠᠳᠤᠢ

ᠬᠤᠷᠸ᠎ᠠ ᠳᠡᠯᠡᠭᠡᠢ ᠬᠤᠰᠢᠭᠤ ᠥᠡᠳᠡᠢ᠌ᠯᠭᠡᠵᠤ

ᠬᠤᠨᠢᠶᠠᠰᠤᠳᠠᠢ ᠮᠠᠩᠬ᠎ᠠ ᠳᠠᠪᠠᠯᠭᠠᠯᠠᠭᠤᠯᠤᠨ

ᠬᠣᠢ᠌ᠨ᠎ᠠ ᠡᠴᠠ ᠮᠢᠨᠢ ᠢᠷᠠᠵᠤ ᠶᠠᠪᠣᠨ᠎ᠠ


ᠶᠠᠩ ᠶᠢᠡᠷ ᠢᠯᠡᠭᠦᠳᠡᠭ᠍ᠰᠡ ᠵᠠᠢ ᠳ᠋ᠤ

ᠶᠠᠩᠭ᠋ᠤᠴᠢᠯᠠᠭᠰᠠᠨ ᠨᠤᠬᠠᠢ ᠳᠤ ᠴᠤ ᠭᠤᠯᠤᠭᠳᠠᠵᠤ

ᠢᠨᠠᠭ ᠬᠠᠢ᠌ᠷ᠎ᠠ ᠶᠢᠨ ᠳᠠᠪᠢᠯᠠᠩ ᠥᠭᠡᠢ

ᠶᠠᠭᠤᠨ ᠳᠡᠭᠡᠨ ᠪᠢ ᠭᠠᠭᠴᠠᠭᠠᠷᠳᠠᠪᠠ ︖


ᠵᠤᠬᠢᠶᠠᠭᠴᠢ ᠶᠢᠨ ᠬᠠ‍‌ᠶᠢᠭ ᠄ ᠣᠷᠳᠤᠰ ᠤᠨ ᠳᠸᠯᠸᠢᠰ ᠬᠤᠷᠢᠶ᠎ᠠ

ᠵᠤᠬᠢᠶᠠᠭᠴᠢ᠄ ᠠᠭᠠᠷᠤᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1254
ᠴᠠᠭ᠄ 2011 ᠤᠨ ᠤ 07 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁