ᠡᠭᠡ ᠣᠷᠤᠨ ᠪᠢ ᠴᠢᠨᠤᠭᠢ

        ᠨᠢᠭᠡ

ᠭᠤᠯᠤᠮᠳᠠ ᠰᠠᠭᠢᠭ ᠭᠡᠵᠤ ᠡᠵᠢ ᠮᠢᠨᠢ ᠨᠠᠮᠢ᠋ᠢ ᠳᠦᠷᠦᠭ᠍ᠰᠡᠨ

ᠭᠤᠯᠤᠮᠳᠠ ᠨᠢ ᠬᠠᠷᠢᠨ ᠡᠭᠡ ᠣᠷᠤᠨ ᠮᠢᠨᠢ ᠪᠠᠢ᠌ᠭᠰᠠᠨ

ᠡᠵᠢ ᠶᠢᠨ ᠬᠠᠢ᠌ᠷ᠎ᠠ ᠪᠠᠷ ᠡᠩᠬᠦᠷᠡᠢ᠌ᠯᠡᠵᠤ ᠨᠠᠮᠢ᠋ᠢ ᠦᠰᠭᠡᠭ᠍ᠰᠡᠨ

ᠡᠯᠢᠭᠡᠨ ᠳᠡᠭᠡᠨ ᠳᠠᠪᠠᠷᠢᠵᠤ ᠡᠷ᠎ᠡ ᠶᠢᠨ ᠴᠡᠭᠡᠯ ᠳᠤ ᠭᠦᠷᠭᠡᠭ᠍ᠰᠡᠨ

ᠡᠭᠡ ᠣᠷᠤᠨ ᠮᠢᠨᠢ ᠨᠠᠳᠠ ᠳᠠᠭᠠᠨ ᠬᠠᠢ᠌ᠷᠠᠳᠠᠢ ᠪᠠᠢ᠌ᠵᠠᠢ

ᠡᠭᠡ ᠣᠷᠤᠨ ᠳᠠᠭᠠᠨ ᠪᠢ ᠨᠠᠩ ᠴᠤ ᠬᠠᠢ᠌ᠷᠠᠳᠠᠢ ᠪᠠᠢ᠌ᠵᠠᠢ᠃

        ᠬᠤᠶᠠᠷ

ᠳᠠ ᠨᠠᠮᠢ᠋ᠢ ᠬᠠᠮᠢᠭ᠎ᠠ ᠭᠡᠷᠡᠭᠯᠡᠭ᠍ᠰᠡᠨ ᠴᠤ ᠪᠣᠯᠤᠨ᠎ᠠ

ᠳᠠᠩᠭ᠋ᠠᠷᠢᠭ ᠶᠢᠡᠨ ᠪᠠᠷᠢᠭᠠᠳ ᠪᠢ ᠯᠠᠪᠳᠠᠢ ᠪᠠᠶᠡᠯᠡᠭᠦᠯᠦᠨ᠎ᠡ᠃

ᠳᠦᠷᠢᠮᠡᠭᠡᠢ᠌ᠯᠡᠯ ᠢ ᠰᠢᠳᠠᠭᠠᠬᠤ ᠳᠤᠭᠰᠢᠨ ᠭᠠᠯ ᠳᠠᠭᠠᠨ ᠲᠦᠯᠡᠭᠡ ᠪᠣᠯᠭᠠᠨᠠᠤ ⁈

ᠳᠣᠢ᠌ᠮᠠᠷ ᠣᠠᠳᠠᠷᠠᠭᠠᠬᠤ ᠪᠠᠴᠢᠮ ᠦᠶᠡᠰ ᠲᠤ ᠰᠠᠪᠯᠠᠭᠤᠷ ᠪᠣᠯᠭᠠᠨᠠᠤ ⁈

ᠠᠮᠢ ᠬᠠᠢ᠌ᠷᠠᠨ ᠭᠡᠵᠤ ᠪᠢ ᠠᠶᠤᠵᠤ ᠪᠣᠴᠠᠬᠤ ᠦᠭᠡᠶ

ᠠᠶᠤᠯ ᠶᠡᠭᠡ ᠭᠡᠵᠤ ᠪᠢ ᠵᠢᠷᠦᠭᠡᠰᠢᠶᠡᠵᠤ ᠣᠬᠤᠷᠢᠬᠤ ᠦᠭᠡᠶ

ᠡᠭᠡ ᠣᠷᠤᠨ ᠮᠢᠨᠢ ᠳᠠ ᠨᠠᠮᠢ᠋ᠢ ᠬᠠᠮᠢᠭ᠎ᠠ ᠭᠡᠷᠡᠭᠯᠡᠭ᠍ᠰᠡᠨ ᠴᠤ

ᠳᠠᠩᠭ᠋ᠠᠷᠢᠭ ᠶᠢᠡᠨ ᠪᠠᠷᠢᠭᠠᠤᠨ ᠪᠢ ᠯᠠᠪᠳᠠᠢ ᠵᠢᠳᠭᠦᠨ᠎ᠡ᠃

        ᠭᠤᠷᠪᠠ

ᠳᠠᠨ ᠤ ᠲᠦᠯᠦᠭᠡ ᠭᠦᠯᠦᠰᠤ ᠠᠰᠬᠠᠷᠠᠭᠤᠯᠵᠤ ᠶᠠᠪᠣᠬᠤ ᠨᠢ

ᠳᠠᠨ ᠳᠠᠭᠠᠨ ᠬᠠᠢ᠌ᠷᠠᠳᠠᠢ ᠮᠢᠨᠤ ᠭᠠᠭᠴᠠᠬᠠᠨ ᠵᠢᠷᠭᠠᠯ

ᠳᠠᠨ ᠤ ᠲᠦᠯᠦᠭᠡ ᠴᠢᠰᠤ ᠣᠷᠤᠰᠬᠠᠵᠤ ᠳᠡᠮᠡᠴᠡᠭᠦ ᠨᠢ

ᠳᠠᠨ ᠳᠠᠭᠠᠨ ᠬᠠᠢ᠌ᠷᠠᠳᠠᠢ ᠮᠢᠨᠤ ᠳᠠᠷᠬᠠᠨ ᠡᠭᠦᠷᠭᠡ᠃

        ᠳᠦᠷᠪᠠ

ᠵᠢᠷᠦᠭᠡ ᠮᠢᠨᠢ ᠡᠭᠡ ᠣᠷᠤᠨ ᠭᠡᠵᠤ ᠳᠠᠭᠤᠯᠠᠳᠠᠭ ᠪᠠᠢ᠌ᠭᠰᠠᠨ

ᠵᠢᠷᠠᠨ ᠰᠸᠺᠦ᠋ᠨᠳ᠋ ᠲᠤ ᠳᠠᠯᠠᠨ ᠳᠠᠪᠣ ᠳᠠᠪᠳᠠᠳᠠᠭ ᠪᠠᠢ᠌ᠭᠰᠠᠨ

ᠡᠭᠡ ᠣᠷᠤᠨ ᠮᠢᠨᠢ ᠳᠠ ᠪᠣᠯ ᠮᠢᠨᠤ ᠵᠢᠷᠦᠭᠡᠨ ᠴᠤᠭᠢᠯᠭ᠎ᠠ ᠪᠠᠢ᠌ᠭᠰᠠᠨ

ᠡᠪᠴᠢᠭᠦᠤ ᠴᠡᠭᠡᠵᠢᠨ ᠳᠤ ᠡᠭᠦᠷᠢᠳᠡ ᠬᠠᠩᠭᠢᠨᠠᠬᠤ ᠠᠮᠢᠳᠤ ᠶᠢᠨ ᠴᠤᠤᠷᠢᠶ᠎ᠠ ᠡ ︕

        ᠳᠠᠪᠣ

ᠡᠭᠡ ᠣᠷᠤᠨ ᠮᠢᠨᠢ ᠪᠢ ᠴᠢᠨᠤᠭᠢ

ᠡᠭᠦᠷᠢᠳᠡ ᠪᠢ ᠴᠢᠨᠤᠭᠢ ᠪᠠᠢ᠌ᠬᠤ ᠶᠤᠰᠤᠳᠠᠢ

ᠡᠷᠯᠢᠭ᠌ ᠤᠨ ᠭᠠᠵᠠᠷ ᠰᠦᠨᠠᠰᠤ ᠮᠢᠨᠢ ᠣᠴᠢᠭᠰᠠᠨ ᠴᠤ

ᠡ᠊ᠨᠳᠡ ᠪᠠᠨ ᠬᠤᠴᠤᠷᠤᠭᠰᠠᠨ ᠪᠦᠳᠦᠭᠡᠯ ᠮᠢᠨᠢ ᠴᠢᠨᠤᠭᠢ

ᠡᠨᠡ ᠪᠠᠶ᠎ᠠ ᠶᠢᠨ ᠮᠢᠨᠢ ᠠᠯᠢᠪᠠ ᠪᠦᠭᠦᠨ ᠴᠤ ᠴᠢᠨᠤᠭᠢ ᠪᠠᠢ᠌ᠬᠤ ᠶᠤᠰᠤᠳᠠᠢ ︕


ᠵᠤᠬᠢᠶᠠᠭᠴᠢ ᠶᠢᠨ ᠬᠠᠶᠠᠭ ᠄ ᠳᠦᠡᠭᠯᠢᠶ‍ᠦᠤ ᠮᠤᠩᠭ᠋ᠤᠯ ᠳᠤᠮᠳᠠᠳᠤ ᠰᠤᠷᠭᠠᠭᠤᠯᠢ ᠶᠢᠨ ᠮᠤᠩᠭ᠋ᠤᠯ ᠭᠡᠯᠡᠨ ᠤ ᠳᠤᠭᠣᠢ᠌ᠯᠠᠩ

ᠵᠤᠬᠢᠶᠠᠭᠴᠢ᠄ ᠪᠠ᠊·ᠤᠳᠽᠠᠷ
ᠢᠷᠡᠯᠲᠡ᠄ ᠡᠭᠡ ᠪᠢᠴᠢᠭ᠌ ᠤᠨ ᠰᠢᠰᠲ᠋ᠸᠮ ᠶᠢᠡᠷ ᠢᠷᠡᠭᠦᠯᠦᠭ᠍ᠰᠡᠨ
ᠬᠠᠷᠢᠶ᠎ᠠ᠄ ᠰᠢᠯᠦᠭ
ᠳᠠᠷᠤᠮ᠄ 1669
ᠴᠠᠭ᠄ 2014 ᠤᠨ ᠤ 03 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁